ᠵᠢᠳᠭᠦᠯ ᠲᠡᠮᠡᠤᠯᠤᠯ— ᠵᠢᠷᠦᠬᠡᠨ ᠬᠠᠶᠢᠷ᠎ᠠ | ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠲᠠᠪᠠᠯᠭᠠᠨ | | ᠠᠯᠲᠠᠨ ᠨᠠᠷᠠᠨ ᠵᠤᠷᠰᠢᠯ ᠢᠶᠠᠷ ᠢᠶᠠᠨ ᠪᠠᠶᠢᠭᠠᠯᠢ ᠲᠡᠯᠡᠬᠡᠢ ᠳᠤ ᠬᠠᠶᠢᠷ᠎ᠠ ᠪᠠᠨ ᠬᠦᠷᠳᠡᠭᠡᠬᠦ ᠪᠠᠷ ᠠᠭᠤᠯᠠ ᠶᠢᠨ | ᠴᠠᠭᠠᠨ᠎ᠠ ᠠᠴᠠ ᠮᠦᠰᠢᠶᠡᠨ ᠲᠤᠲᠤᠷᠠᠨ᠎ᠠ᠃ | ᠰᠢᠳᠤᠷᠭᠤ ᠭᠤᠸᠠᠢ ᠦᠷᠯᠦᠭᠡ ᠶᠢᠨ ᠨᠠᠷᠠᠨ ᠤ ᠤᠯᠠᠪᠢᠷ ᠲᠤᠶᠠᠭᠠᠨ ᠳᠤ ᠬᠤᠨᠢᠳ ᠢᠶᠠᠨ ᠪᠡᠯᠴᠢᠭᠡᠷ ᠲᠤ | ᠵᠠᠯᠠᠭᠠᠳ᠂ ᠵᠦᠭᠡᠯᠡᠨ ᠰᠠᠯᠬᠢᠨ ᠳᠤ ᠢᠯᠪᠢᠭᠦᠯᠦᠭᠰᠡᠭᠡᠷ ᠭᠡᠷ ᠵᠦᠭ ᠢᠶᠠᠨ ᠪᠤᠴᠠᠯ᠎ᠠ᠃ ︽ᠤᠷᠤᠢ ᠤᠨᠳᠠᠪᠠᠯ ᠨᠢᠭᠡ ᠶᠢ | ᠰᠤᠨᠤᠰᠤᠨ᠎ᠠ᠂ ᠡᠷᠳᠡ ᠪᠤᠰᠪᠠᠯ ᠨᠢᠭᠡ ᠶᠢ ᠦᠵᠡᠨ᠎ᠡ︾ ᠭᠡᠳᠡᠭ ᠢᠶᠠᠷ ᠰᠢᠳᠤᠷᠭᠤ ᠳᠤ ᠡᠨᠡ ᠦᠷᠯᠦᠭᠡ ᠶᠢᠨ | ᠬᠠᠴᠢᠷᠬᠠᠭᠳᠠᠭᠰᠠᠨ ᠤᠴᠢᠷ ᠪᠤᠯ ᠴᠡᠩᠬᠡᠯ ᠭᠤᠸᠠᠢ ᠶᠢᠨ ᠭᠠᠳᠠᠨ᠎ᠠ ᠬᠦᠮᠦᠨ ᠤ ᠪᠠᠷ᠎ᠠ ᠦᠭᠡᠢ᠂ ᠬᠤᠯᠠᠩ ᠠᠴᠠ ᠨᠢ | ᠤᠳᠤᠭ᠎ᠠ ᠰᠤᠭᠤᠨᠠᠭᠯᠠᠬᠤ ᠶᠢ ᠴᠤ ᠤᠯᠵᠤ ᠬᠠᠷᠠᠭᠰᠠᠨ ᠦᠭᠡᠢ ᠶᠠᠪᠤᠳᠠᠯ ᠪᠤᠯᠤᠨ᠎ᠠ᠃ ᠡᠭᠦᠨ ᠢᠶᠠᠨ ᠴᠠᠢ ᠴᠢᠨᠠᠵᠤ | ᠪᠠᠶᠢᠭᠰᠠᠨ ᠡᠬᠡᠨᠡᠷ ᠲᠤ ᠪᠠᠨ ᠶᠠᠷᠢᠪᠠᠯ ᠡᠬᠡᠨᠡᠷ ᠨᠢ᠄ ︽ᠦᠴᠦᠭᠡᠳᠦᠷ ᠤᠷᠤᠢ ᠬᠤᠶᠠᠭᠤᠯᠠ ᠪᠠᠨ ᠪᠠᠰᠠ ᠯᠡ | ᠪᠠᠯᠭᠤᠴᠢᠬᠠᠭᠰᠠᠨ ᠪᠠᠶᠢᠯᠭᠦᠢ︾ ᠭᠡᠵᠦ ᠡᠰᠡ ᠰᠤᠨᠢᠷᠬᠠᠭᠰᠠᠨ ᠲᠦᠷᠢ ᠪᠠᠷ ᠬᠡᠯᠡᠭᠰᠠᠨ ᠴᠦ ᠲᠡᠭᠦᠨ ᠳᠤ ᠶᠠᠭᠤ ᠨᠢᠭᠡ | ᠪᠤᠲᠤᠭᠲᠠᠨ ᠦᠪᠡᠷ ᠤᠨ ᠡᠷᠬᠡ ᠦᠭᠡᠢ ᠮᠤᠷᠢ ᠪᠠᠨ ᠤᠨᠤᠮᠠᠭᠴᠠ ᠴᠡᠩᠬᠡᠯ ᠤᠨ ᠭᠡᠷ ᠢ ᠴᠢᠭᠯᠡᠯ᠎ᠡ᠂᠂᠂᠂ | ᠤᠤᠯ ᠨᠢ ᠡᠮᠦᠨ᠎ᠡ ᠬᠤᠶᠠᠷ ᠡᠳᠦᠷ ᠤᠨ ᠴᠡᠩᠬᠡᠯ ᠤᠨ ᠬᠡᠯᠡᠵᠦ ᠶᠠᠷᠢᠵᠤ ᠪᠠᠶᠢᠭᠰᠠᠨ ᠨᠢ ᠡᠨᠡ ᠦᠷᠯᠦᠭᠡ ᠶᠢᠨ | ᠪᠠᠶᠢᠳᠠᠯ ᠲᠠᠢ ᠯᠠᠪ ᠬᠤᠯᠪᠤᠭᠳᠠᠯ ᠲᠠᠢ ᠭᠡᠵᠦ ᠲᠡᠷᠡ ᠪᠤᠳᠤᠭᠰᠠᠨ ᠪᠠᠶᠢᠵᠠᠢ᠃ ᠲᠡᠷᠡ ᠡᠳᠦᠷ ᠰᠢᠳᠤᠷᠭᠤ ᠬᠤᠨᠢᠳ | ᠤᠨ ᠢᠶᠠᠨ ᠵᠠᠬ᠎ᠠ ᠳᠤ ᠰᠠᠭᠤᠵᠤ ᠪᠠᠶᠢᠬᠤ ᠳᠤ ᠴᠡᠩᠬᠡᠯ ᠭᠤᠸᠠᠢ ᠬᠤᠨᠢ ᠢᠮᠠᠭᠠᠳ ᠢ ᠨᠢ ᠪᠦᠭᠡᠮᠨᠡᠷᠡᠭᠦᠯᠦᠨ ᠮᠤᠲ᠋ᠤᠷ | ᠢᠶᠠᠷ ᠲᠡᠭᠦᠨ ᠤ ᠵᠠᠬ᠎ᠠ ᠳᠤ ᠲᠠᠯᠪᠢᠨ ᠪᠠᠭᠤᠵᠤ ᠬᠡᠯᠡᠭᠰᠡᠨ ᠨᠢ᠄ ︽ᠲᠡᠷᠡ ᠬᠦᠳᠡᠭᠡ ᠶᠢᠨ ᠨᠠᠰᠤ ᠪᠠᠷ ᠢᠶᠠᠨ ᠮᠠᠯ ᠤᠨ | ᠲᠤᠭᠤᠰᠤ ᠦᠨᠦᠷᠳᠦᠬᠦ ᠡᠨᠡᠬᠦ ᠠᠮᠢᠳᠤᠷᠠᠯ ᠢ ᠵᠢᠷᠦᠬᠡᠨ ᠠᠴᠠ ᠪᠠᠨ ᠲᠤᠭᠤᠨ ᠶᠠᠳᠠᠬᠤ ᠪᠤᠯᠵᠤ ᠬᠤᠳᠠ ᠤᠷᠤᠨ ᠬᠤᠪᠢ | ᠶᠢᠨ ᠦᠢᠯᠡᠰ ᠡᠷᠬᠢᠯᠡᠵᠦ ᠬᠦᠯ ᠲᠤᠭᠳᠠᠨᠢᠬᠤ ᠪᠠᠷ ᠰᠢᠢᠳᠦᠭᠰᠡᠨ︾ ᠭᠡᠨ᠎ᠡ᠃ ᠲᠡᠭᠡᠭᠡᠳ ᠭᠠᠵᠠᠷ ᠨᠤᠳᠤᠭ ᠢᠶᠠᠨ | ᠬᠤᠳᠠᠯᠳᠤᠨ ᠪᠡᠯᠡ ᠪᠤᠯᠭᠠᠬᠤ ᠰᠠᠨᠠᠭ᠎ᠠ ᠪᠠᠨ ᠰᠢᠳᠤᠷᠭᠤ ᠳᠤ ᠴᠤᠬᠤᠶᠢᠯᠭᠠᠬᠤ ᠳᠤ ᠰᠢᠳᠤᠷᠭᠤ ᠰᠤᠨᠤᠰᠤᠭᠠᠳ ᠦᠯᠦ | ᠲᠠᠭᠠᠰᠢᠶᠠᠨ᠄ ︽ᠬᠦᠨᠳᠡᠯᠡᠨ ᠨᠤᠳᠤᠭ᠂ ᠬᠦᠯ ᠤᠯᠠᠨᠲᠠᠢ ᠭᠠᠵᠠᠷ ᠭᠡᠨᠡᠳᠲᠡ ᠬᠦᠯ ᠠᠯᠳᠠᠪᠠᠯ ︿ᠡᠯᠵᠢᠭᠡ ᠴᠤ ᠦᠭᠡᠢ᠂ | ᠭᠤᠷᠪᠠᠨ ᠯᠠᠩ ᠴᠤ ᠦᠭᠡᠢ﹀ ᠪᠤᠯᠤᠨ᠎ᠠ᠂ ᠬᠠᠷᠢᠨ ᠭᠠᠵᠠᠷ ᠨᠤᠳᠤᠭ ᠪᠠᠶᠢᠪᠠᠯ ᠭᠠᠴᠢᠭᠳᠠᠭᠳᠠᠭᠰᠠᠨ ᠴᠠᠭ ᠲᠤ ᠴᠢᠨᠢ | ᠲᠡᠭᠷᠢ ᠲᠦᠰᠢᠭ ᠪᠢᠰᠢᠦ︾ ᠭᠡᠬᠦ ᠳᠤ ︽ᠡᠨᠡ ᠭᠤᠪᠢ ᠨᠤᠳᠤᠭ ᠲᠤ ᠦᠨᠳᠦᠷ ᠦᠷᠳᠡᠭ ᠬᠠᠳᠠᠬᠤ ᠬᠦᠮᠦᠨ | ᠬᠠᠷᠠᠬᠠᠨ ᠮᠡᠨᠳᠦᠯᠡᠭᠡ ᠦᠭᠡᠢ︾ ᠭᠡᠵᠦ ᠡᠰᠡ ᠲᠠᠭᠠᠰᠢᠶᠠᠭᠰᠠᠨ ᠮᠠᠶ᠋ᠢᠭ ᠢᠶᠠᠷ ᠬᠡᠯᠡᠬᠦ ᠳᠤ ᠰᠢᠳᠤᠷᠭᠤ᠄ ︽ᠲᠡᠭᠡᠳᠦᠰ | ᠠᠴᠠ ᠦᠪᠯᠡᠭᠰᠡᠨ ᠡᠨᠡ ᠯᠡ ᠭᠠᠵᠠᠷ ᠨᠤᠳᠤᠭ ᠪᠢᠳᠡᠨ ᠢ ᠡᠳᠦᠭᠡ ᠳᠤ ᠬᠦᠷᠳᠡᠯ᠎ᠡ ᠡᠰᠡᠨ ᠮᠡᠨᠳᠦ ᠰᠠᠶᠢᠨ ᠰᠠᠶᠢᠬᠠᠨ | ᠤᠷᠤᠩᠨᠠᠭᠤᠯᠵᠤ ᠪᠠᠶᠢᠨ᠎ᠠ᠃ ᠲᠠ ᠰᠠᠶᠢᠬᠠᠨ ᠲᠤᠩᠭᠠᠨ ᠪᠤᠲᠤᠪᠠᠯ ᠬᠤᠲᠠ ᠣᠷᠤᠬᠤ ᠭᠡᠰᠡᠨ ᠪᠤᠲᠤᠯ ᠤᠨ ᠢᠶᠠᠨ ᠱᠠᠯ | ᠲᠡᠮᠡᠢ ᠶᠢ ᠮᠡᠲᠡᠭᠦ ᠪᠤᠯᠤᠨ᠎ᠠ︾ ᠭᠡᠰᠡᠨ ᠵᠦᠪᠯᠡᠮᠵᠢ ᠨᠢ ᠴᠡᠩᠬᠡᠯ ᠤᠨ ᠬᠤᠳᠠ ᠤᠷᠤᠬᠤ ᠠᠤᠭ᠎ᠠ ᠵᠤᠷᠢᠯᠳᠠ ᠶᠢ ᠨᠢ | ᠬᠤᠪᠢᠷᠠᠭᠤᠯᠵᠤ ᠲᠡᠶᠢᠯᠦᠭᠰᠡᠨ ᠦᠭᠡᠢ᠂ ︽ᠪᠢ ᠦᠴᠦᠭᠡᠳᠦᠷ ᠬᠤᠳᠠ ᠤᠷᠤᠵᠤ ᠶᠤᠰᠤᠳᠠᠢ ᠨᠢᠲᠦ ᠨᠡᠬᠡᠬᠡᠯᠠ᠂ ᠲᠡᠷᠡ | ᠬᠦᠮᠦᠨ ᠤᠯᠠᠨ ᠬᠦᠭᠵᠢᠶᠡᠨ ᠨᠠᠷᠭᠢᠶᠠᠨ ᠭᠡᠵᠦ ᠮᠠᠶᠢᠮᠠᠢ ᠬᠢᠪᠡᠯ ᠯᠠᠪ ᠪᠦᠳᠦᠨ᠎ᠡ︾ ᠭᠡᠵᠦ ᠬᠡᠶᠢᠷᠬᠡᠨ ᠶᠠᠷᠢᠨ᠎ᠠ ︽ᠴᠡᠭᠡᠯ | ᠤᠨ ᠤᠰᠤ ᠰᠢᠷᠭᠢᠵᠦ᠂ ᠴᠡᠭᠡᠨ ᠴᠢᠯᠠᠭᠤ ᠬᠠᠭᠠᠷᠠᠪᠠ︾ ᠭᠡᠵᠦ ᠰᠡᠷᠡᠵᠦ ᠮᠡᠳᠡᠭᠰᠡᠨ ᠰᠢᠳᠤᠷᠭᠤ ᠭᠤᠸᠠᠢ ᠢᠯᠡᠭᠦᠦ | ᠬᠡᠯᠡᠭᠡᠳ ᠦᠭᠡᠨ ᠤ ᠭᠠᠷᠤᠵᠠ ᠭᠡᠳ ᠬᠡᠯᠡ ᠪᠠᠨ ᠬᠠᠵᠠᠪᠠ᠃ ᠭᠡᠬᠦ ᠳᠤ ᠦᠨᠦ ᠲᠡᠭᠦᠨ ᠢ ᠴᠡᠩᠬᠡᠯ ᠤᠨ ᠭᠡᠷ ᠵᠦᠭ | ᠲᠤᠪᠲᠤᠯᠭᠠᠭᠰᠠᠨ ᠲᠡᠭᠦᠨ ᠠᠴᠠ ᠴᠤ ᠠᠶᠤᠮᠰᠢᠭᠲᠠᠢ ᠶᠠᠪᠤᠳᠠᠯ ᠪᠤᠯ ᠵᠡᠭᠦᠨ ᠰᠤᠮᠤ ᠶᠢᠨ ᠬᠢᠨᠢ ᠨᠤᠳᠤᠭ ᠢᠶᠠᠨ | ᠦᠨᠳᠦᠷ ᠦᠨ᠎ᠡ ᠪᠠᠷ ᠭᠠᠳᠠᠨ᠎ᠠ ᠠᠴᠠ ︽ᠪᠦᠳᠦᠭᠡᠨ ᠪᠠᠶᠢᠭᠤᠯᠤᠯᠲᠠ︾ ᠬᠢᠬᠦ ᠪᠠᠷ ᠢᠷᠡᠭᠰᠡᠨ ᠠᠷᠠᠯᠵᠢᠶᠠᠴᠢᠳ ᠲᠤ | ᠬᠤᠳᠠᠯᠳᠤᠭᠠᠳ ᠲᠡᠷᠡ ᠨᠡᠷᠡᠳᠦ ᠰᠢᠨᠵᠢᠯᠡᠵᠦ ᠰᠤᠳᠤᠯᠳᠠᠭ ᠨᠢ ᠠᠯᠲᠠ ᠭᠠᠷᠬᠤ ᠡᠷᠳᠡᠨᠢᠳᠦ ᠨᠤᠳᠤᠭ︾ ᠭᠡᠵᠦ | ᠬᠦᠮᠦᠨ ᠠᠷᠠᠳ ᠢ ᠨᠢ ᠬᠡᠢ ᠪᠠᠷ ᠪᠠᠶᠠᠷᠯᠠᠭᠤᠯᠵᠤ ᠠᠯᠲᠠ ᠶᠢ ᠨᠢ ᠠᠪᠴᠤ ᠪᠠᠷᠠᠮᠠᠭᠴᠠ ᠪᠠᠷ᠎ᠠ ᠲᠠᠰᠤ ᠵᠢᠯᠢᠢᠵᠦ | ᠣᠷᠬᠢᠯ᠎ᠠ᠃ ᠲᠡᠭᠡᠭᠡᠳ ᠰᠡᠭᠴᠢᠭᠳᠡᠭᠰᠡᠨ ᠭᠠᠵᠠᠷ ᠤᠨ ᠵᠠᠷᠢᠮ ᠬᠡᠰᠡᠭ ᠲᠤ ᠨᠢ ᠤᠰᠤᠨ ᠰᠤᠷᠪᠤᠯᠵᠢ ᠲᠠᠰᠤᠷᠠᠵᠤ᠂ | ᠵᠠᠷᠢᠮ ᠤᠰᠤᠨ ᠰᠤᠷᠪᠤᠯᠵᠢ ᠳᠤ ᠨᠢ ᠬᠤᠤᠷᠳᠤ ᠡᠯᠧᠮᠧᠨ᠋ᠲ ᠬᠤᠯᠢᠯᠳᠤᠨ ᠨᠤᠳᠤᠭ ᠲᠦᠮᠡᠨ ᠤ ᠬᠢᠨᠢ ᠠᠮᠢᠳᠤᠷᠠᠯ | ᠠᠬᠤᠢ ᠳᠤ ᠯᠤᠳᠤ ᠶᠡᠭᠡ ᠰᠦᠬᠡᠷᠬᠦ ᠨᠦᠯᠦᠭᠡ ᠦᠵᠡᠭᠦᠯᠦᠭᠰᠡᠨ ᠶᠤᠮ᠃ ᠰᠢᠳᠤᠷᠭᠤ ᠭᠤᠸᠠᠢ ᠴᠡᠩᠬᠡᠯ ᠢ ᠵᠤᠭᠤᠰ | ᠮᠦᠩᠭᠦ ᠳᠤ ᠰᠢᠨᠤᠬᠠᠶᠢᠷᠠᠨ ᠨᠤᠳᠤᠭ ᠢᠶᠠᠨ ᠲᠡᠶᠢᠮᠦᠷᠬᠦ ︽ᠪᠦᠳᠦᠭᠡᠨ ᠪᠠᠶᠢᠭᠤᠯᠤᠯᠲᠠ︾ ᠬᠢᠭᠴᠢᠳ ᠲᠤ | ᠬᠤᠳᠠᠯᠳᠤᠬᠤ ᠠᠴᠠ ᠠᠶᠤᠨ ᠴᠡᠩᠬᠡᠯ ᠤᠨ ᠭᠡᠷ ᠵᠦᠭ ᠲᠤᠪᠳᠤᠯᠭᠠᠵᠤ ᠪᠠᠶᠢᠬᠤ ᠨᠢ ᠡᠨᠡ ᠠᠵᠠᠢ᠃ | ︽ᠨᠤᠬᠠᠢ ᠪᠠᠨ ᠬᠤᠷᠢ ᠡ︕︾ ᠭᠡᠵᠦ ᠬᠡᠳᠦᠨᠲᠡ ᠲᠤᠤᠭᠠᠷᠬᠤ ᠳᠤ ᠴᠡᠩᠬᠡᠯ ᠭᠤᠸᠠᠢ ᠨᠢᠳᠦ ᠪᠠᠨ | ᠨᠤᠬᠤᠯᠠᠭᠰᠠᠭᠠᠷ ᠭᠠᠷᠴᠤ ᠢᠷᠡᠪᠡ᠃ ᠰᠢᠳᠤᠷᠭᠤ᠄ ︽ᠦᠴᠦᠭᠡᠳᠦᠷ ᠰᠦᠨᠢ ᠤᠨᠲᠠᠭᠰᠠᠨ ᠦᠭᠡᠢ ᠤᠤ︖ ᠰᠠᠶ᠋ᠢ | ᠪᠤᠰᠴᠤ ᠪᠠᠶᠢᠭ᠎ᠠ ᠴᠢᠨᠢ ᠡᠨᠡ ᠤᠤ︖︾ ᠭᠡᠬᠦ ᠳᠤ ᠴᠡᠩᠬᠡᠯ ᠭᠤᠸᠠᠢ ᠮᠠᠷᠰᠠᠭᠠᠨᠠᠨ ᠢᠨᠢᠶᠡᠵᠦ᠄ ︽ᠦᠴᠦᠭᠡᠳᠦᠷ | ᠬᠤᠳᠠ ᠤᠷᠤᠵᠤ ᠭᠡᠷ ᠦᠵᠡᠯ᠎ᠡ᠂ ᠬᠤᠳᠠ ᠶᠢᠨ ᠠᠰᠠᠷ ᠤᠨ ᠤᠷᠴᠢᠮ ᠤᠨ ᠬᠢᠮᠳᠠᠷᠠᠯ ᠢ ᠲᠠᠯᠢᠮᠳᠠᠭᠤᠯᠤᠨ ᠵᠠᠪᠳᠤᠵᠤ | ᠠᠪᠬᠤ ᠰᠠᠨᠠᠭ᠎ᠠ ᠲᠠᠢ᠂ ᠲᠡᠭᠡᠭᠡᠳ ᠦᠴᠦᠭᠡᠳᠦᠷ ᠦᠵᠡᠬᠦ ᠪᠠᠷ ᠤᠴᠢᠭᠠᠳ ᠢᠷᠡᠳᠡᠯ᠎ᠠ ᠨᠢᠭᠡᠨᠲᠡ ᠰᠦᠨᠢ ᠲᠤᠮᠳᠠ | ᠪᠤᠯᠴᠢᠬᠠᠵᠠᠢ︾ ᠭᠡᠵᠦ ᠬᠡᠯᠡᠯᠴᠡᠭᠰᠡᠭᠡᠷ ᠭᠡᠷ ᠲᠤ ᠤᠷᠤᠪᠠ᠃ ᠲᠡᠭᠡᠬᠦ ᠳᠤ ᠴᠡᠩᠬᠡᠯ ᠤᠨ ᠡᠬᠡᠨᠡᠷ ᠶᠠᠭ ᠰᠠᠶᠢᠬᠠᠨ ᠭᠠᠷ | ᠤᠳᠠᠰᠤ ᠪᠠᠷ ᠶᠠᠮᠠᠷ ᠨᠢᠭᠡᠨ ᠬᠦᠮᠦᠨ ᠲᠠᠢ ᠬᠢᠳᠠᠳ ᠢᠶᠠᠷ ᠱᠤᠯᠤᠭᠠᠨᠠᠨ᠎ᠠ᠃ ᠡᠭᠦᠨ ᠢ ᠪᠠᠷᠤᠭᠯᠠᠭᠰᠠᠨ ᠰᠢᠳᠤᠷᠭᠤ | ᠭᠤᠸᠠᠢ ᠬᠤᠷᠳᠤᠨ ᠤᠴᠢᠵᠤ ᠶᠠᠷᠢᠯᠴᠠᠭ᠎ᠠ ᠶᠢ ᠲᠠᠰᠤᠯᠬᠤ ᠪᠠᠷ ᠭᠠᠷ ᠤᠳᠠᠰᠤ ᠶᠢ ᠨᠢ ᠠᠪᠬᠤ ᠭᠡᠬᠦ ᠳᠤ ᠴᠡᠩᠬᠡᠯ ᠤᠨ | ᠡᠬᠡᠨᠡᠷ ᠨᠢ ᠶᠠᠷᠢᠬᠤ ᠪᠠᠨ ᠵᠤᠭᠰᠤᠭᠠᠳ᠂ ᠰᠤᠴᠢᠨ ᠭᠠᠶᠢᠬᠠᠭᠰᠠᠨ ᠬᠠᠷᠠᠴᠠ ᠪᠠᠷ ᠰᠢᠳᠤᠷᠭᠤ ᠶᠢ ᠰᠢᠷᠳᠡᠪᠡ᠃ ᠲᠡᠷᠡ | ᠲᠤᠩ ᠴᠤ ᠡᠷᠡᠰᠬᠡᠨ ᠲᠠᠭᠤ ᠪᠠᠷ᠄ ︽ᠲᠠ ᠭᠠᠵᠠᠷ ᠢᠶᠠᠨ ᠬᠤᠳᠠᠯᠳᠤᠬᠤ ᠭᠡᠵᠦ ᠶᠠᠷᠢᠯᠴᠠᠵᠤ ᠪᠠᠶᠢᠭ᠎ᠠ ᠪᠢᠵᠠ︖ ᠪᠢ | ᠨᠤᠳᠤᠭ ᠢ ᠴᠢᠨᠢ ᠠᠪᠤᠶ᠎ᠠ᠂ ᠬᠠᠩᠰᠢ ᠪᠠᠨ ᠲᠤᠭᠳᠠᠭ᠎ᠠ ︾ ᠭᠡᠪᠡ᠃ ᠲᠡᠭᠦᠨ ᠤ ᠬᠡᠯᠡᠬᠦ ᠶᠢ ᠰᠤᠨᠤᠰᠤᠭᠰᠠᠨ ᠴᠡᠩᠬᠡᠯ | ᠡᠷ᠎ᠡ ᠡᠮ᠎ᠡ ᠬᠤᠶᠠᠭᠤᠯᠠ ᠮᠡᠯᠡᠷᠡᠨ ᠭᠠᠶᠢᠬᠠᠭᠰᠠᠨ ᠪᠤᠯᠪᠠᠴᠤ ᠨᠢᠭᠤᠷ ᠲᠤ ᠨᠢ ᠮᠦᠰᠢᠶᠡᠲᠦ ᠲᠤᠲᠤᠷᠠᠯ᠎ᠠ᠃ ᠰᠢᠳᠤᠷᠭᠤ | ᠡᠮᠦᠨᠡᠬᠡᠨ ᠪᠡᠯᠴᠢᠭᠡᠷ ᠢᠶᠠᠨ ᠲᠠᠷᠢᠶᠠᠨ ᠭᠠᠵᠠᠷ ᠢᠶᠠᠷ ᠬᠤᠳᠠᠯᠳᠤᠬᠤ ᠭᠡᠵᠦ ᠪᠠᠶᠢᠭᠰᠠᠨ ᠵᠢᠷᠭᠠᠯ ᠤᠨ ᠪᠡᠯᠴᠢᠭᠡᠷ ᠢ | ᠬᠤᠳᠠᠯᠳᠤᠨ ᠠᠪᠴᠤ ᠮᠦᠩᠭᠦ ᠵᠤᠭᠤᠰ ᠨᠢ ᠮᠡᠬᠦᠰ ᠪᠤᠯᠤᠭᠰᠠᠨ ᠪᠤᠯᠪᠠᠴᠤ ᠶᠠᠭᠠᠬᠢᠭᠰᠠᠨ ᠴᠤ ᠡᠭᠦᠨ ᠢ ᠦᠨᠦ ︽ | ᠪᠦᠳᠦᠭᠡᠨ ᠪᠠᠶᠢᠭᠤᠯᠤᠯᠲᠠ︾ ᠬᠢᠳᠡᠭ ᠬᠦᠮᠦᠰ ᠤᠨ ᠭᠠᠷ ᠲᠤ ᠤᠷᠤᠭᠤᠯᠵᠤ ᠪᠤᠯᠬᠤ ᠦᠭᠡᠢ ᠬᠡᠮᠡᠨ ᠪᠤᠲᠤᠵᠤ | ᠠᠮᠵᠢᠨ ᠭᠤᠷᠪᠠᠨ ᠡᠳᠦᠷ ᠤᠨ ᠵᠠᠢ ᠶᠢ ᠭᠤᠶᠤᠴᠢᠯᠠᠨ ᠤᠯᠵᠤ᠂ ᠴᠡᠩᠭᠡᠯ ᠲᠠᠢ ᠭᠡᠷ᠎ᠡ ᠲᠤᠭᠳᠠᠪᠠ᠃ | ᠰᠢᠳᠤᠷᠭᠤ ᠮᠤᠷᠢ ᠪᠠᠨ ᠬᠠᠳᠠᠷᠢᠭᠤᠯᠤᠭᠰᠠᠭᠠᠷ ᠭᠡᠷ ᠵᠦᠭ ᠢᠶᠠᠨ ᠪᠤᠴᠠᠯ᠎ᠠ᠃ ᠨᠤᠳᠤᠭ ᠤᠨ ᠵᠦᠭᠡᠯᠡᠨ ᠰᠠᠯᠬᠢᠨ | ᠤ ᠢᠯᠪᠢᠯᠲᠡ ᠴᠡᠭᠡᠵᠢ ᠶᠢ ᠨᠢ ᠤᠩᠭᠤᠶᠢᠯᠭᠠᠵᠤ ᠴᠠᠭᠠᠨ᠎ᠠ ᠠᠴᠠ ᠨᠢ ᠶᠠᠮᠠᠷ ᠨᠢᠭᠡᠨ ᠬᠦᠰᠡᠯ ᠲᠤᠭᠳᠤᠯᠤᠯ ᠰᠡᠳᠬᠢᠯ ᠢ | ᠨᠢ ᠲᠦᠯᠬᠢᠯᠡᠨᠡ᠃ ᠬᠦᠷᠡᠩᠳᠦᠨ ᠬᠠᠷᠠᠭᠳᠠᠬᠤ ᠠᠭᠤᠯᠠᠰ ᠢᠶᠠᠨ ᠪᠠᠷᠠᠯᠠᠭᠰᠠᠭᠠᠷ᠄ ︽ᠠᠮᠢᠳᠤ ᠬᠦᠮᠦᠨ ᠳᠤ | ᠶᠠᠭᠠᠬᠢᠭᠰᠠᠨ ᠴᠤ ᠠᠷᠭ᠎ᠠ ᠤᠯᠳᠠᠬᠤ ᠪᠠᠶᠢᠯᠭᠦᠢ᠂ ᠲᠡᠭᠡᠳᠦᠰ ᠠᠴᠠ ᠦᠪᠯᠡᠭᠰᠡᠨ ᠮᠦᠩᠬᠡ ᠶᠢᠨ ᠬᠦᠷᠦᠩᠭᠡ — | ᠭᠠᠵᠠᠷ ᠨᠤᠳᠤᠭ ᠢᠶᠠᠨ ᠪᠤᠤ ᠯᠡ ᠲᠠᠯᠬᠢᠳᠠᠭᠤᠯᠤᠶᠠ︾ ᠭᠡᠵᠦ ᠲᠡᠷᠡ ᠪᠠᠳᠤ ᠪᠤᠳᠤᠪᠠ᠂᠂᠂᠂ | ᠭᠡᠷ ᠲᠤ ᠪᠠᠨ ᠤᠶᠢᠷᠠᠳᠤᠨ ᠤᠴᠢᠬᠤ ᠳᠤ ︽ᠠᠪᠤ ᠡ᠂ ᠠᠪᠤ ᠡ︾ ᠭᠡᠵᠦ ᠵᠢᠭᠠᠯ ᠬᠦᠦ ᠨᠢ ᠲᠠᠰᠬᠠᠯ ᠢᠶᠠᠨ | ᠪᠠᠷᠢᠨ ᠲᠤᠰᠤᠨ ᠢᠷᠡᠵᠤ ︽ᠭᠤᠪᠢ ᠭᠡᠳᠡᠭ ᠦᠭᠡ ᠪᠠᠷ ︿ᠪᠢ ᠭᠤᠪᠢ ᠨᠤᠳᠤᠭ ᠲᠤ ᠪᠠᠨ ᠬᠠᠶᠢᠷᠠᠲᠠᠢ﹀ ᠭᠡᠵᠦ | ᠦᠭᠦᠯᠡᠪᠦᠷᠢ ᠵᠤᠬᠢᠶᠠᠪᠠᠯ ᠲᠠᠭᠠᠷᠠᠨ᠎ᠠ ᠤᠤ︖︾ ᠭᠡᠵᠦ ᠠᠰᠠᠭᠤᠨ᠎ᠠ᠂ ᠰᠢᠳᠤᠷᠭᠤ ᠭᠤᠸᠠᠢ᠄ ︽ᠮᠢᠨᠦ ᠬᠦᠦ ᠲᠤᠩ | ᠤᠨᠤᠪᠴᠢᠲᠠᠢ ᠰᠠᠶᠢᠬᠠᠨ ᠵᠤᠬᠢᠶᠠᠵᠠᠢ︾ ᠭᠡᠵᠦ ᠪᠠᠶᠠᠷᠯᠠᠨ ᠬᠡᠯᠡᠪᠡ᠃ ᠲᠡᠭᠡᠭᠡᠳ ︽ᠮᠢᠨᠦ ᠬᠦᠦ ᠨᠤᠳᠤᠭ ᠢᠶᠠᠨ ᠦᠨᠡᠨ | ᠬᠠᠶᠢᠷᠠᠯᠠᠬᠤ ᠤᠤ︖︾ ᠭᠡᠵᠦ ᠠᠰᠠᠭᠤᠬᠤ ᠳᠤ ︽ᠦ᠂ ᠮᠠᠨ ᠤ ᠨᠤᠳᠤᠭ ᠲᠤ ᠬᠡᠳᠦᠶᠢᠪᠡᠷ ᠬᠤᠳᠠ ᠭᠠᠵᠠᠷ | ᠪᠠᠶᠢᠳᠠᠭ ᠭᠤᠶᠤ ᠭᠤᠶᠤ ᠲᠤᠭᠯᠠᠭᠠᠮ ᠦᠭᠡᠢ ᠪᠤᠯᠪᠠᠴᠤ ᠭᠦᠶᠦᠨ ᠲᠤᠭᠯᠠᠳᠠᠭ ᠠᠳᠠᠷ ᠬᠡᠭᠡᠷ᠎ᠡ ᠲᠠᠢ᠂ ᠪᠦᠳᠦᠭᠦᠨ | ᠪᠦᠳᠦᠭᠦᠨ ᠮᠠᠩᠬ᠎ᠠ ᠲᠠᠢ᠂ ᠪᠠᠰᠠ ᠮᠢᠨᠦ ᠬᠦᠭᠡᠷᠦᠬᠦᠨ ᠢᠰᠢᠭᠡ ᠬᠤᠷᠠᠭ᠎ᠠ ᠪᠠᠶᠢᠬᠤ ᠪᠢᠰᠢᠦ︕︾ ᠭᠡᠵᠦ | ᠬᠠᠩᠭᠢᠨᠠᠲᠠᠯ᠎ᠠ ᠶᠠᠷᠢᠵᠦ ᠭᠠᠷᠪᠠ᠃ ᠬᠦᠦ ᠶᠢᠨ ᠢᠶᠠᠨ ᠶᠠᠷᠢᠭᠰᠠᠨ ᠢ ᠰᠤᠨᠤᠰᠤᠭᠰᠠᠨ ᠰᠢᠳᠤᠷᠭᠤ ᠭᠤᠸᠠᠢ᠄ ︽ᠲᠡᠶᠢᠮᠦ | ᠡ᠂ ᠦᠷ᠎ᠡ ᠨᠢ ᠪᠤᠯᠤᠭᠰᠠᠨ ᠬᠦᠮᠦᠨ ᠠᠷᠠᠳ ᠢᠶᠠᠨ ᠡᠭᠦᠷᠦᠨ ᠡᠭᠦᠷᠦᠭᠰᠡᠭᠡᠷ ᠪᠦᠭᠲᠦᠶᠢᠭᠰᠡᠨ ᠭᠠᠵᠠᠷ ᠨᠤᠳᠤᠭ ᠲᠤ | ᠪᠠᠨ ᠠᠪᠤ ᠨᠢ ᠮᠠᠯ ᠬᠠᠷᠢᠭᠤᠯᠵᠤ ᠶᠠᠪᠤᠭᠰᠠᠨ᠂ ᠮᠢᠨᠦ ᠬᠦᠦ ᠬᠤᠵᠢᠮ ᠡᠨᠡ ᠨᠤᠳᠤᠭ ᠲᠤ ᠪᠠᠨ ᠤᠳᠤ ᠬᠠᠷᠢᠭᠤᠯᠵᠤ | ᠭᠢᠯᠠᠯᠵᠠᠭᠤᠯᠤᠨ᠎ᠠ ᠳ᠋ᠠ︾ ᠭᠡᠵᠦ ᠤᠮᠤᠭ ᠲᠡᠭᠦᠯᠳᠡᠷ ᠶᠠᠷᠢᠬᠤ ᠳᠤ ᠬᠦᠦ ᠨᠢ᠄ ︽ᠠᠪᠤ ᠶᠠᠭᠤ ᠶᠠᠷᠢᠨ᠎ᠠ ᠪᠤᠢ︖ | ᠪᠢ ᠤᠶᠢᠯᠠᠭᠠᠵᠤ ᠶᠠᠳᠠᠨ᠎ᠠ︾ ᠭᠡᠬᠦ ᠳᠤ ︽ᠮᠢᠨᠦ ᠬᠦᠦ ᠬᠤᠵᠢᠮ ᠤᠶᠢᠯᠠᠭᠠᠴᠢᠬᠠᠬᠤ ᠶᠤᠮ︾ ᠭᠡᠵᠦ | ᠬᠡᠯᠡᠯᠴᠡᠭᠰᠡᠭᠡᠷ ᠭᠡᠷ ᠲᠤ ᠪᠠᠨ ᠤᠷᠤᠪᠠ᠃ | ᠰᠢᠳᠤᠷᠭᠤ ᠶᠢᠨ ᠨᠤᠳᠤᠭ ᠢᠶᠠᠨ ᠭᠡᠰᠡᠨ ᠵᠢᠳᠬᠦᠯ ᠲᠡᠮᠡᠦᠯᠦᠯ ᠨᠢ ᠡᠶᠢᠮᠦᠷᠬᠦ ᠵᠢᠷᠦᠬᠡᠨ ᠬᠠᠶᠢᠷ᠎ᠠ ᠶᠢ ᠨᠢ ᠬᠠᠷᠠᠮ | ᠦᠭᠡᠢ ᠶᠡᠭᠦᠯᠡᠭᠦᠯᠵᠦ ᠪᠠᠶᠢᠭ᠎ᠠ ᠨᠢ ᠡᠨᠡ ᠶᠤᠮ ᠰᠠᠨᠵᠠᠢ᠃ | ᠡᠨᠡ ᠦᠶᠡᠰ ᠨᠠᠷᠠ ᠨᠢᠭᠡᠨᠲᠡ ᠦᠨᠳᠦᠷ ᠲᠤ ᠮᠠᠨᠳᠤᠵᠤ᠂ ᠲᠦᠮᠡᠨ ᠪᠤᠳᠠᠰ ᠢᠶᠠᠨ ᠲᠡᠭᠰᠢ ᠬᠠᠶᠢᠷᠠᠯᠠᠶ᠎ᠠ ᠭᠡᠰᠡᠨ | ᠰᠢᠭ ᠭᠡᠷᠡᠯ ᠭᠢᠯᠪᠠᠭ᠎ᠠ ᠪᠠᠨ ᠬᠠᠷᠠᠮ ᠦᠭᠡᠢ ᠰᠠᠴᠤᠷᠠᠭᠤᠯᠤᠨ᠎ᠠ᠃ | | ※ ᠲᠤᠰ ᠵᠤᠬᠢᠶᠠᠯ ᠲᠠᠪᠤᠲᠤᠭᠠᠷ ᠣᠲᠠᠭᠠᠨ ᠤ ᠨᠠᠢᠮᠠᠨ ᠰᠢᠷᠭ᠎ᠠ ᠵᠤᠬᠢᠶᠠᠯ ᠤᠨ ᠣᠷᠣᠯᠲᠤᠭᠠᠨ ᠳᠤ | ᠭᠤᠷᠪᠠᠲᠤᠭᠠᠷ ᠲᠡᠰ ᠤᠨ ᠱᠠᠩᠨᠠᠯ ᠬᠦᠷᠲᠡᠪᠡ᠃ | ᠵᠢᠯᠤᠭᠤᠳᠤᠭᠰᠠᠨ ᠪᠠᠭᠰᠢ — ᠡᠷᠲᠡᠨᠢᠴᠡᠴᠡᠭ | |