ᠲᠤᠤᠯᠢᠶᠠᠨ
ᠨᠡᠶᠢᠲᠡᠯᠡᠭᠰᠡᠨ ᠴᠠᠭ᠄
2020/11/20
                         ᠳ᠋ᠦ᠋ ᠶᠠ ᠵᠣᠬᠢᠶᠠᠪᠠ                          ᠲᠤ᠋· ᠰᠡᠴᠡᠨᠪᠠᠶᠠᠷ ᠤᠷᠴᠢᠭᠤᠯᠪᠠ      ᠲᠠᠪᠤᠨ ᠰᠠᠷ᠎ᠠ ᠳᠤ ᠤᠷᠳᠤ ᠰᠠᠯᠬᠢ ᠦᠶ᠎ᠡ ᠦᠶ᠎ᠡ ᠲᠡᠯᠡᠬᠡᠢ ᠶᠢᠨ ᠭᠠᠳᠠᠷᠭᠤ ᠶᠢ ᠦᠯᠢᠶᠡᠵᠤ      ᠲᠠᠩᠰᠤᠭ ᠤᠢ ᠳᠤ ᠬᠡᠰᠡᠭ ᠬᠡᠰᠡᠭ ᠨᠦᠰᠡᠷ ᠲᠠᠭᠤ ᠭᠠᠷᠣᠨ᠎ᠠ      ᠣᠢ ᠶᠢᠨ ᠨᠤᠭᠤᠭᠠᠨ ᠲᠠᠪᠠᠯᠭᠠᠨ ᠡᠬᠡ ᠭᠠᠵᠠᠷ ᠲᠤ ᠬᠢᠵᠠᠭᠠᠷ ᠦᠭᠡᠢ ᠬᠦᠷᠪᠡᠯᠵᠡᠨ᠎ᠡ      ᠤᠨᠴᠠ ᠲᠡᠨᠢᠭᠡᠷ ᠡᠬᠡ ᠭᠠᠵᠠᠷ ᠲᠡᠭᠡᠷ᠎ᠡ ᠵᠤᠭᠰᠣᠨ ᠬᠦᠬᠡ ᠤᠭᠳᠠᠷᠭᠤᠢ ᠶᠢ ᠪᠠᠷᠠᠯᠠᠵᠤ      ᠤᠯᠳᠣᠢ ᠪᠢ ᠨᠢᠯᠬᠠᠰᠠᠭ ᠲᠠᠭᠤ ᠪᠠᠨ ᠰᠣᠨᠣᠰᠪᠠ᠄      ︽ᠪᠢ ᠪᠠᠰᠠ ᠠᠳᠡ ᠪᠠᠨ ᠪᠠᠶᠢᠭᠰᠠᠭᠠᠷ ᠰᠢᠤ︕︾      ᠤᠳᠤᠳᠤ ᠲᠡᠭᠷᠢ ᠵᠤᠯᠠᠢ ᠲᠡᠭᠡᠷ᠎ᠡ ᠮᠢᠨᠢ ᠤᠷᠴᠢᠵᠤ      ᠣᠴᠢᠯᠠᠨ ᠭᠢᠯᠠᠯᠵᠠᠵᠤ᠂ ᠳ᠋ᠦᠡᠭᠰᠢᠭᠤᠷ ᠲᠦᠮᠡᠨ ᠵᠢᠯ ᠢᠶᠠᠷ ᠤᠭᠳᠤ ᠲᠠᠭᠤ ᠦᠭᠡᠢ      ᠤᠳᠤᠳᠤ ᠲᠡᠭᠷᠢ ᠶᠢᠨ ᠲᠣᠣᠷ᠎ᠡ ᠵᠤᠭᠰᠤᠵᠤ ᠪᠢ      ᠤᠭᠳᠠᠷᠭᠤᠢ ᠶᠢᠨ ᠭᠦᠨ ᠴᠡᠭᠡᠯ ᠢ ᠪᠠᠷᠠᠯᠠᠩᠬᠠᠨ ᠬᠡᠯᠡᠪᠡ᠄      ︽ᠪᠢ ᠪᠠᠰᠠ ᠠᠳᠡ ᠪᠠᠨ ᠪᠠᠶᠢᠭᠰᠠᠭᠠᠷ ᠰᠢᠤ︕︾      ᠤᠷᠭᠤᠬᠤ ᠨᠠᠷᠠ ᠡᠳᠣᠷ ᠪᠤᠯᠭᠠᠨ ᠵᠢᠪᠬᠤᠭᠠᠳᠠᠢ ᠮᠠᠨᠳᠣᠵᠤ      ᠤᠨᠠᠬᠤ ᠨᠠᠷᠠ ᠴᠤ ᠵᠤᠭᠰᠤᠯ ᠦᠭᠡᠢ ᠪᠠᠷᠠᠭᠤᠨᠰᠢ ᠬᠡᠯᠪᠡᠶᠢᠵᠤ      ᠤᠷᠠᠨ ᠬᠡᠯᠡᠳᠤ ᠰᠢᠪᠠᠭᠤᠳ ᠬᠠᠪᠤᠷᠵᠢᠨ ᠬᠦᠷᠢᠶᠡᠯᠡᠩ ᠳᠤ ᠵᠢᠷᠬᠢᠵᠤ      ᠤᠷᠤᠰᠤᠨ ᠤᠳᠬᠤ ᠣᠨ ᠵᠢᠯ ᠪᠠ ᠰᠠᠪᠠ ᠶᠢᠷᠳᠢᠨᠴᠤ ᠶᠢᠨ ᠬᠤᠪᠢᠷᠠᠯ ᠢ ᠲᠠᠭᠤᠯᠠᠨ᠎ᠠ      ᠪᠢ ᠭᠠᠵᠠᠷ ᠲᠡᠭᠡᠷ᠎ᠡ ᠵᠤᠭᠰᠤᠵᠤ ᠦᠨᠡᠨᠴᠢ ᠬᠢᠨᠠᠭᠤᠷ ᠦᠭᠦᠯᠡᠪᠡ᠄      ︽ᠪᠢ ᠪᠠᠰᠠ ᠠᠳᠡ ᠪᠠᠨ ᠪᠠᠶᠢᠭᠰᠠᠭᠠᠷ ᠰᠢᠤ︕︾      ᠪᠢ ᠪᠠᠰᠠ ᠠᠳᠡ ᠪᠠᠨ ᠪᠠᠶᠢᠭᠰᠠᠭᠠᠷ      ᠠᠯᠢᠪᠠ ᠪᠦᠬᠦᠨ ᠣᠷᠣᠰᠢᠭᠰᠠᠭᠠᠷ᠂ ᠦᠷᠬᠦᠯᠵᠢᠯᠡᠭᠰᠡᠭᠡᠷ ᠪᠠᠶᠢᠨ᠎ᠠ      ᠠᠯᠢ ᠨᠢᠭᠡ ᠡᠳᠤᠷ ᠪᠢ ᠶᠠᠳᠠᠷᠠᠪᠡᠯ      ᠠᠯᠤᠰ ᠤᠨ ᠤᠳᠤᠳ ᠤᠨ ᠬᠦᠨ ᠳᠤ᠂ ᠮᠤᠳᠤᠳ ᠤᠨ ᠰᠡᠭᠦᠳᠡᠷ ᠪᠦᠷᠤᠯᠵᠡᠨ᠎ᠡ      ᠦᠯᠮᠠᠢ ᠶᠢᠨ ᠴᠢᠨᠢ ᠲᠤᠤᠷ᠎ᠡ ᠪᠢ ᠬᠡᠪᠲᠡᠨ ᠠᠮᠠᠷᠠᠵᠤ      ᠦᠶ᠎ᠡ ᠦᠶ᠎ᠡ ᠰᠣᠨᠣᠰᠳᠠᠬᠤ ᠤᠢ ᠶᠢᠨ ᠲᠠᠪᠠᠯᠭᠠᠨ ᠢ ᠴᠢᠩᠨᠠᠨ᠎ᠠ                ︽ᠦᠨᠳᠤᠰᠤᠲᠠᠨ ᠤ ᠤᠳᠬ᠎ᠠ ᠵᠤᠬᠢᠶᠠᠯ︾ ᠤᠨ 2020 ᠤᠨ ᠤ 2                                         ᠳ᠋ᠤᠭᠠᠷ ᠬᠤᠭᠤᠴᠠᠭ᠎ᠠ ᠠᠴᠠ ᠰᠣᠩᠭᠤᠪᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号