| | ︽ᠭᠡᠷ ᠪᠦᠯᠢ ᠪᠣᠯ ᠨᠡᠶᠢᠭᠡᠮ ᠤᠨ ᠨᠢᠭᠡᠨ ᠡᠰ ᠮᠦᠨ︾᠂ ᠭᠡᠷ ᠪᠦᠯᠢ ᠳᠤ ᠪᠠᠨ ᠬᠠᠷᠢᠭᠤᠴᠠᠯᠭ᠎ᠠ ᠲᠠᠢ | ᠬᠦᠮᠦᠨ᠂ ᠦᠷ᠎ᠡ ᠬᠡᠤᠬᠡᠳ ᠢᠶᠠᠨ ᠰᠠᠶᠢᠨ ᠢᠶᠠᠷ ᠦᠰᠭᠡᠵᠦ ᠬᠦᠮᠦᠵᠢᠭᠦᠯᠦᠭᠰᠡᠨ ᠭᠡᠷ ᠪᠦᠯᠢ ᠨᠢ ᠴᠦᠮ ᠨᠢᠭᠡᠨ ᠠᠳᠠᠯᠢ | ᠪᠠᠷ ᠨᠡᠶᠢᠭᠡᠮ ᠳᠤ ᠬᠠᠷᠢᠭᠤᠴᠠᠯᠭ᠎ᠠ ᠪᠠᠨ ᠬᠦᠢᠴᠠᠳᠬᠡᠵᠤ᠂ ᠡᠶ᠎ᠡ ᠵᠤᠬᠢᠴᠠᠯᠳᠦ ᠪᠤᠯᠪᠠᠰᠤᠨ ᠨᠡᠶᠢᠭᠡᠮ ᠢ ᠪᠠᠶᠢᠭᠤᠯᠬᠤ ᠳᠤ | ᠬᠤᠪᠢ ᠨᠡᠮᠡᠷᠢ ᠪᠠᠨ ᠡᠷᠬᠦᠭᠰᠡᠨ ᠳᠤ ᠲᠤᠭᠠᠴᠢᠭᠳᠠᠨ᠎ᠠ᠃ | ᠳᠡᠭᠡᠷ᠎ᠠ ᠵᠠᠭᠤᠨ ᠤ ᠶᠡᠷᠡᠭᠡᠳ ᠣᠨ ᠳᠤ ᠬᠦᠷᠠᠯᠵᠠᠭᠠᠨ ᠡᠷᠳᠠᠨᠢᠬᠦᠣ ᠶᠢᠨ ᠬᠢᠨ ᠬᠡᠰᠡᠨ ᠨᠢᠭᠡᠨ ᠰᠠᠶᠢᠬᠠᠨ | ᠰᠢᠨ᠎ᠡ ᠪᠦᠯᠢ ᠠᠷᠤ ᠬᠤᠷᠴᠢᠨ ᠬᠤᠰᠢᠭᠤᠨ ᠤ ᠪᠠᠶ᠋ᠬᠠᠦ᠋ᠠᠳᠦᠷ ᠨᠣᠲᠤᠭ ᠤᠨ ᠰᠢᠷᠠᠪᠤᠳᠠ ᠠᠶᠢᠯ ᠳᠤ ᠡᠷᠦᠬᠡ ᠪᠠᠨ | ᠰᠡᠬᠦᠨ ᠲᠤᠯᠭ᠎ᠠ ᠪᠠᠨ ᠲᠤᠯᠤᠨ ᠠᠮᠢᠳᠤᠷᠠᠯ ᠡᠬᠢᠯᠡᠭᠦᠯᠦᠯ᠎ᠡ᠃ ᠲᠠᠷᠠᠭ᠎ᠠ ᠵᠢᠯ ᠨᠢ ᠠᠮᠠ ᠪᠦᠯᠢ ᠨᠡᠮᠡᠭᠳᠡᠵᠦ ᠬᠥᠤ ᠲᠠᠢ | ᠪᠤᠯᠤᠭᠰᠠᠨ ᠠᠴᠠ ᠡᠳᠡᠨᠡᠶᠢᠬᠢᠨ ᠳᠤ ᠬᠤᠪᠢ ᠶᠢᠨ ᠭᠠᠳᠠᠨ᠎ᠠ ᠪᠠᠶᠡᠷ ᠵᠢᠷᠭᠠᠯ ᠠᠪᠴᠢᠷᠠᠵᠤ᠂ ᠠᠮᠢᠳᠤᠷᠠᠯ ᠪᠠᠶᠠᠨ | ᠲᠠᠩᠰᠤᠭ ᠪᠢᠰᠢ ᠴᠦ ᠪᠠᠶᠡᠷ ᠬᠦᠷ ᠢᠶᠠᠷ ᠲᠥᠭᠦᠷᠡᠩ ᠪᠠᠶᠢᠯ᠎ᠠ᠃ ᠭᠡᠳᠡᠯ᠎ᠡ ᠬᠦᠤ ᠨᠢ ᠭᠤᠷᠪᠠᠨ ᠨᠠᠰᠤᠳᠠᠢ ᠲᠡᠷᠨ ᠵᠢᠯ᠂ | ᠨᠢᠭᠡᠨ ᠤᠳᠠᠭ᠎ᠠ ᠶᠢᠨ ᠭᠡᠨᠡᠳᠳᠠ ᠶᠢᠨ ᠠᠳᠡᠯ ᠠᠴᠠ ᠪᠣᠯᠵᠦ ᠡᠷᠳᠠᠨᠢᠬᠦᠤ ᠶᠢᠨ ᠬᠤᠶᠠᠷ ᠨᠢᠳᠦ ᠨᠢ ᠶᠠᠭᠤ ᠴᠦ ᠤᠯᠵᠦ | ᠦᠵᠡᠬᠦ ᠪᠠᠨ ᠪᠣᠯᠢᠵᠤ᠂ ᠬᠤᠰᠢᠭᠤᠨ ᠲᠥᠪ ᠴᠢᠪᠠᠭ᠎ᠠ ᠪᠠᠯᠭᠠᠰᠤᠨ ᠳᠤ ᠬᠥᠷᠴᠤ ᠵᠠᠰᠠᠭᠤᠯᠬᠤ ᠳᠤ ︽ᠨᠢᠳᠤᠨ ᠰᠤᠳᠠᠯ | ᠨᠢ ᠲᠠᠰᠤᠷᠠᠵᠤ ᠵᠠᠰᠠᠯᠭ᠎ᠠ ᠦᠭᠡᠢ ᠪᠣᠯᠪᠠ︾ ᠭᠡᠰᠡᠨ ᠡᠮᠴᠢ ᠶᠢᠨ ᠤᠨᠤᠰᠢᠯᠠᠯ᠂ ᠭᠡᠭᠡᠨ ᠴᠠᠭᠠᠨ ᠡᠳᠦᠷ ᠤᠨ ᠬᠦᠴᠤᠳᠤ | ᠠᠶᠤᠩᠭ᠎ᠠ ᠰᠢᠭ᠋ ᠭᠠᠯ ᠵᠠᠯᠠᠭᠤ 26 ᠨᠠᠰᠤᠨ ᠤ ᠡᠷᠳᠠᠨᠢᠬᠦᠣ ᠶᠢ ᠨᠢᠷᠭᠡᠵᠦ᠂ ︽ᠡᠶᠢᠮᠤ ᠵᠠᠯᠠᠭᠤ ᠪᠠᠷ ᠢᠶᠠᠨ ᠬᠤᠶᠡᠷ | ᠨᠢᠳᠦ ᠪᠠᠨ ᠠᠯᠳᠠᠭᠠᠳ ᠪᠢ ᠤᠳᠦ ᠬᠡᠷᠡᠭ ᠦᠭᠡᠢ ᠪᠤᠯᠤᠯ᠎ᠠ᠂ ᠬᠤᠶᠢᠰᠢᠳᠠ ᠶᠠᠭᠠᠬᠢᠵᠤ ᠠᠮᠢᠳᠤᠷᠠᠬᠤ ᠪᠤᠢ︖ | ᠦᠬᠦᠴᠢᠭᠡᠬᠦ ᠶᠢ ᠬᠦᠷᠬᠦ ᠦᠭᠡᠢ ᠁︾ ᠭᠡᠵᠦ ᠪᠤᠳᠤᠯ ᠰᠠᠨᠠᠭ᠎ᠠ ᠨᠢ ᠲᠣᠭᠲᠠᠪᠤᠷᠢ ᠠᠯᠳᠠᠨ᠂ ᠵᠠᠷᠢᠮ ᠳᠤ ᠪᠠᠨ ᠬᠡᠢ | ᠰᠤᠯᠢᠶ᠎ᠡ ᠲᠠᠢ ᠰᠢᠭ᠋ ᠠᠭᠠᠰᠢᠯᠠᠬᠤ ᠪᠣᠯᠪᠠ᠃ ᠵᠠᠰᠠᠵᠤ ᠡᠳᠡᠬᠡᠷᠡᠬᠦᠯᠬᠦ ᠶᠢᠨ ᠭᠤᠷᠢ ᠲᠠᠰᠤᠷᠠᠭᠰᠠᠨ ᠬᠦᠷᠠᠯᠵᠠᠭᠠᠨ ᠴᠦ | ᠪᠤᠳᠠᠳᠤ ᠪᠠᠶᠢᠳᠠᠯ ᠢ ᠬᠦᠯᠢᠶᠡᠬᠦ ᠠᠴᠠ ᠦᠭᠡᠷ᠎ᠠ ᠠᠷᠭ᠎ᠠ ᠦᠭᠡᠢ ᠪᠣᠯᠵᠦ᠂ ︽ᠪᠦᠰᠡᠬᠦᠢ ᠬᠦᠮᠦᠨ ᠤ ᠬᠤᠪᠢ ᠳᠤ ᠲᠠ | ᠬᠡᠤᠬᠡᠳ ᠢᠶᠠᠨ ᠲᠥᠷᠦᠭᠦᠯᠵᠦ ᠡᠵᠢ ᠪᠤᠯᠤᠯ᠎ᠠ᠂ ᠡᠨᠡ ᠭᠡᠷ ᠲᠤ ᠡᠭᠦᠷᠭᠡ ᠪᠠᠨ ᠬᠦᠢᠴᠡᠳᠭᠡᠭᠰᠡᠨ ᠪᠠᠶᠢᠨ᠎ᠠ᠂ ᠤᠳᠦ | ᠦᠯᠡᠳᠡᠭᠰᠡᠨ ᠨᠢ ᠮᠢᠨᠤ ᠡᠭᠦᠷᠬᠡ︾ ᠭᠡᠵᠦ ᠬᠡᠯᠡᠭᠡᠳ᠂ ᠭᠤᠷᠪᠠᠨ ᠨᠠᠰᠤᠳᠠᠢ ᠬᠦᠣ ᠪᠤᠯᠤᠨ ᠬᠠᠷᠠᠭ᠎ᠠ ᠪᠠᠨ ᠠᠯᠳᠠᠵᠤ | ᠲᠡᠨᠴᠢᠭᠦᠷᠠᠵᠤ ᠵᠤᠪᠠᠭᠰᠠᠨ ᠪᠦᠰᠡᠬᠦᠢ ᠶᠢᠨ ᠢᠶᠠᠨ ᠡᠮᠦᠨ᠎ᠡ ᠶᠤᠰᠤᠳᠠᠢ ᠡᠷ᠎ᠠ ᠰᠢᠭ ᠡᠷ᠎ᠠ ᠪᠤᠯᠤᠨ ᠰᠦᠨᠳᠠᠷᠯᠠᠵᠠᠢ᠃ | ᠲᠤᠬᠠᠢ ᠶᠢᠨ ᠵᠢᠯ ᠲᠠᠷᠡ ᠰᠠᠶ᠋ᠢ ᠬᠤᠷᠢᠨ ᠭᠤᠷᠪᠠᠳᠠᠶᠢᠬᠠᠨ ᠵᠠᠯᠠᠭᠤ ᠪᠠᠶᠢᠵᠠᠢ᠃ | | | | ᠨᠢᠭᠡ ᠶᠢ ᠡᠭᠦᠷᠴᠦ ᠨᠢᠭᠡ ᠶᠢ ᠬᠦᠳᠦᠯᠵᠦ ᠶᠠᠪᠤᠭᠰᠠᠨ ᠬᠦᠷᠠᠯᠵᠠᠭᠠᠨ ᠤ ᠬᠠᠳᠠᠭᠤᠬᠠᠨ ᠠᠮᠢᠳᠤᠷᠠᠯ | ᠢᠩᠬᠢᠵᠦ ᠡᠬᠢᠯᠡᠵᠡᠢ᠃ ᠠᠵᠢᠯ ᠳᠤ ᠰᠠᠶᠢᠨ᠂ ᠨᠤᠮᠤᠬᠠᠨ ᠰᠢᠳᠤᠷᠭᠤ᠂ ᠦᠨᠠᠠᠴᠢ ᠬᠢᠨᠠᠮᠠᠭᠠᠢ ᠪᠠᠶᠢᠳᠠᠭ ᠬᠦᠷᠠᠯᠵᠠᠭᠠᠨ | ᠦᠷᠯᠦᠭᠡ ᠪᠤᠰᠤᠳ ᠠᠴᠠ ᠡᠷᠳᠠᠯᠠᠨ ᠪᠣᠰᠴᠤ ᠬᠤᠭᠤᠯᠨ ᠴᠠᠢ ᠪᠠᠨ ᠪᠡᠯᠡᠳᠬᠡᠵᠤ᠂ ᠬᠦᠣ ᠪᠠ ᠪᠦᠰᠡᠬᠦᠢ ᠪᠠᠨ ᠪᠣᠰᠬᠠᠨ | ᠤᠭᠢᠶᠠᠵᠤ ᠴᠡᠪᠠᠷᠯᠠᠵᠤ ᠢᠳᠡᠭᠦᠯᠵᠦ ᠤᠤᠭᠤᠯᠭᠠᠨ᠂ ᠭᠡᠷ ᠤᠨ ᠠᠵᠢᠯ ᠢᠶᠠᠨ ᠲᠥᠪᠬᠢᠨᠡᠭᠦᠯᠦᠭᠡᠳ᠂ ᠦᠳᠡ ᠶᠢᠨ | ᠬᠤᠭᠤᠯᠡ ᠶᠢ ᠨᠢ ᠭᠠᠯ ᠲᠡᠭᠡᠷ᠎ᠠ ᠬᠠᠯᠠᠭᠤᠬᠠᠨ ᠲᠠᠯᠪᠢᠵᠤ ᠦᠭᠬᠦᠭᠡᠳ ᠠᠵᠢᠯ ᠳᠤ ᠪᠠᠨ ᠭᠠᠷᠳᠠᠭ᠃ ᠨᠢᠭᠡ ᠡᠳᠦᠷ ᠤᠨ | ᠠᠵᠢᠯ ᠢᠶᠠᠨ ᠳᠠᠭᠤᠰᠬᠠᠮᠠᠭᠴᠠ ᠭᠡᠷ ᠵᠦᠭ ᠢᠶᠠᠨ ᠶᠠᠭᠠᠷᠠᠨ ᠢᠷᠡᠵᠤ ᠬᠦᠣ ᠪᠤᠯᠤᠨ ᠪᠦᠰᠡᠬᠦᠢ ᠪᠠᠨ ᠬᠠᠷᠠᠭᠠᠯᠵᠠᠳᠠᠭ᠃ | ᠣᠣᠯ ᠤᠨ ᠮᠠᠯ ᠴᠦᠬᠡᠨ ᠪᠡᠯᠴᠢᠭᠡᠷ ᠪᠠᠭ᠎ᠠ᠂ ᠠᠮᠢᠳᠤᠷᠠᠯ ᠨᠢ ᠰᠠᠭᠤᠷᠢ ᠦᠭᠡᠢ ᠶᠢᠨ ᠳᠡᠭᠡᠷ᠎ᠠ ᠪᠦᠰᠡᠬᠦᠢ ᠶᠢᠨ ᠢᠶᠠᠨ | ᠨᠢᠳᠦ ᠶᠢ ᠵᠠᠰᠠᠭᠤᠯᠬᠤ ᠭᠡᠵᠦ ᠪᠤᠰᠤᠳ ᠠᠴᠠ ᠨᠡᠯᠢᠶᠡᠳ ᠵᠤᠭᠤᠰ ᠵᠢᠭᠡᠯᠡᠵᠦ ᠥᠷᠢ ᠲᠠᠯᠪᠢᠭᠰᠠᠨ ᠠᠴᠠ ᠥᠷᠢ ᠪᠠᠨ | ᠲᠠᠷᠤᠬᠤ ᠪᠣᠯ ᠲᠡᠳᠠᠨ ᠤ ᠨᠢᠳᠤᠨ ᠡᠮᠦᠨᠡᠬᠢ ᠲᠤᠯᠭᠠᠮ᠎ᠠ ᠤᠴᠢᠷ ᠪᠤᠯᠣᠯ᠎ᠠ᠃ ᠲᠡᠷᠨ ᠶᠠᠮᠡᠷ ᠠᠵᠢᠯ ᠢ ᠴᠦ ᠭᠤᠯᠤᠬᠤ | ᠦᠭᠡᠢ ᠬᠢᠨ᠎ᠡ᠃ ᠬᠡᠳᠤᠢ ᠵᠤᠭᠤᠰ ᠢ ᠴᠦ ᠴᠢᠮᠠᠯᠠᠬᠤ ᠦᠭᠡᠢ ᠶᠠᠪᠤᠨ᠎ᠠ᠃ ᠲᠡᠭᠦᠨ ᠳᠤ ᠬᠤᠶᠡᠷ ᠭᠠᠷ ᠬᠤᠭᠤᠰᠤᠨ | ᠨᠢᠳᠤᠷᠭ᠎ᠠ᠂ ᠠᠮᠢᠳᠤᠷᠠᠵᠤ ᠦᠭᠡᠳᠡᠯᠡᠭᠦ ᠶᠢᠨ ᠢᠳᠡᠬᠡᠯ ᠬᠤᠶᠡᠷ ᠠᠴᠠ ᠦᠭᠡᠷ᠎ᠠ ᠶᠠᠭᠤ ᠴᠦ ᠪᠠᠶᠢᠭᠰᠠᠨ ᠦᠭᠡᠢ᠃ | ᠠᠪᠴᠠᠭᠠᠨ ᠤ ᠡᠵᠡᠳ ᠪᠡᠯᠡᠨ ᠵᠤᠭᠤᠰ ᠣᠯᠬᠤ ᠦᠭᠡᠢ ᠪᠠᠨ ᠮᠡᠳᠡᠵᠦ ᠰᠡᠭᠦᠯᠡᠷ ᠨᠢ ᠪᠦᠷ ᠲᠡᠭᠦᠨ ᠢ ᠪᠤᠯᠢᠶᠠᠯᠴᠠᠨ | ᠠᠵᠢᠯ ᠬᠢᠯᠭᠡᠵᠦ ᠥᠷᠢ ᠳᠤ ᠪᠠᠨ ᠪᠤᠳᠤᠵᠤ ᠠᠪᠤᠨ᠎ᠠ᠃ ᠡᠳᠦᠷ ᠲᠤ ᠪᠠᠨ ᠠᠶᠢᠯ ᠳᠤ ᠠᠵᠢᠯ ᠬᠢᠭᠡᠳ ᠢᠷᠡᠬᠦ ᠳᠤ | ᠦᠪᠡᠷ ᠤᠨ ᠭᠡᠷ ᠤᠨ ᠬᠢᠨᠢ ᠬᠡᠷᠡᠮ ᠨᠢ ᠪᠤᠷᠤᠭᠠᠨ ᠳᠤ ᠨᠤᠷᠠᠭᠠᠳ ᠪᠠᠶᠢᠳᠠᠭ᠃ ᠡᠳᠦᠷ ᠤᠨ ᠴᠠᠭ ᠢᠶᠠᠨ ᠬᠠᠶᠢᠷᠠᠯᠠᠵᠤ᠂ | ᠦᠪᠡᠷ ᠤᠨ ᠠᠵᠢᠯ ᠢᠶᠠᠨ ᠰᠦᠨᠢ ᠳᠤ ᠪᠠᠨ ᠬᠢᠨ᠎ᠡ᠂ ᠲᠤᠬᠠᠢ ᠶᠢᠨ ᠦᠶ᠎ᠡ ᠳᠤ ᠶᠣᠰᠤᠳᠠᠢ ᠦᠪᠡᠷ ᠤᠨ ᠪᠡᠶ᠎ᠡ ᠪᠠᠨ | ᠬᠤᠪᠢᠶᠠᠵᠤ ᠵᠠᠷᠤᠮᠡᠷ ᠰᠠᠨᠠᠭᠳᠠᠵᠤ ᠪᠠᠶᠢᠯ᠎ᠠ᠃ ᠡᠬᠢᠨ ᠤ ᠵᠢᠯ ᠤᠳ ᠲᠤ ᠴᠠᠢ ᠲᠠᠪᠤᠰᠤᠨ ᠳᠤ ᠪᠠᠨ ᠵᠦᠪ ᠦᠭᠡᠢ | ᠬᠤᠨᠤᠭ ᠲᠠᠰᠤᠷᠠᠮᠠᠷ ᠪᠣᠯᠵᠤ ᠵᠢᠭᠡᠯᠡᠭᠡ ᠪᠠᠷ ᠠᠷᠭᠠᠴᠠᠵᠤ ᠪᠠᠶᠢᠭᠰᠠᠨ᠃ ᠠᠳᠠᠭ ᠲᠤ ᠪᠠᠨ ᠡᠳᠦᠷ ᠦᠵᠡᠯᠭᠡ ︵ | ᠬᠤᠸᠠᠩᠯᠢ︶ ᠶᠢᠨ ᠲᠡᠪᠳᠡᠷ ᠠᠪᠬᠤ ᠵᠤᠭᠤᠰ ᠦᠭᠡᠢ ᠪᠤᠰᠤᠳ ᠤᠨ ᠲᠡᠪᠳᠡᠷ ᠢ ᠵᠢᠭᠡᠯᠡᠵᠦ ᠬᠠᠭᠤᠯᠵᠦ ᠠᠪᠤᠭᠠᠳ | ᠦᠪᠡᠷᠳᠡᠭᠡᠨ ᠡᠳᠦᠷ ᠦᠵᠡᠯᠭᠡ ᠶᠢᠨ ᠲᠡᠪᠳᠡᠷ ᠬᠢᠵᠦ ᠪᠠᠶᠢᠭᠰᠠᠨ᠃ ᠭᠡᠷ ᠲᠤ ᠨᠢ ᠮᠠᠭᠤ ᠲᠤᠭᠤᠢ ᠲᠡᠷᠬᠡ ᠠᠴᠠ ᠨᠢ | ᠤᠠᠳᠤᠤ ᠲᠡᠷᠬᠡ ᠤᠨᠤᠭ᠎ᠠ ᠭᠡᠵᠦ ᠦᠭᠡᠢ᠂ ᠲᠡᠷᠨ ᠠᠭᠤᠯᠠᠨ ᠠᠴᠠ ᠲᠡᠭᠦᠭᠰᠡᠨ ᠲᠦᠯᠡᠭᠡ ᠪᠠᠨ ᠲᠤᠭᠤᠢ ᠲᠡᠭᠡᠷ᠎ᠠ ᠪᠠᠨ | ᠠᠴᠢᠭᠠᠳ ᠢᠷᠡᠳᠡᠭ᠃ ᠨᠠᠮᠤᠷ ᠤᠨ ᠬᠠᠳᠤᠯᠠᠩ ᠳᠤ ᠭᠠᠷᠬᠤ ᠳᠤ ᠠᠶᠢᠯ ᠤᠨ ᠬᠢᠨ ᠪᠦᠷ ᠴᠦ ᠮᠣᠷᠢ ᠮᠣᠲ᠋ᠤᠷ ᠭᠡᠳᠡᠯ᠎ᠡ | ᠮᠠᠰᠢᠨ ᠢᠶᠠᠷ ᠶᠠᠪᠤᠳᠠᠭ᠂ ᠲᠡᠷᠨ ᠯᠠ ᠮᠠᠭᠤ ᠲᠤᠭᠤᠢ ᠲᠡᠷᠬᠡ ᠪᠠᠨ ᠢᠰᠬᠦᠯᠦᠭᠡᠳ ᠬᠠᠳᠤᠯᠠᠩ ᠳᠤ ᠬᠦᠷᠳᠡᠯ᠎ᠡ ᠪᠠᠭ᠎ᠠ | ᠦᠳᠠ ᠪᠣᠯᠴᠢᠬᠠᠳᠠᠭ ᠪᠠᠶᠢᠨ᠎ᠠ᠃ ᠰᠡᠭᠦᠯᠡᠷ ᠨᠢ ᠠᠶᠢᠯ ᠳᠤ ᠠᠵᠢᠯ ᠬᠢᠵᠦ ᠦᠭᠬᠦᠭᠡᠳ ᠨᠢᠭᠡᠨ ᠬᠠᠭᠤᠴᠢᠨ ᠭᠤᠷᠪᠠᠨ | ᠬᠦᠷᠳᠤᠳᠤ ᠲᠡᠷᠭᠡ ᠣᠯᠪᠠ᠂ ᠡᠪᠤᠯ ᠤᠨ ᠴᠠᠭ ᠬᠦᠳᠡᠭᠡ ᠳᠤ ᠶᠠᠷᠤ ᠨᠢ ᠠᠵᠢᠯ ᠴᠦᠬᠡᠨ ᠪᠠᠶᠢᠳᠠᠭ ᠴᠦ ᠨᠢᠭᠡ | ᠡᠳᠦᠷ ᠢ ᠴᠦ ᠬᠤᠭᠤᠰᠤᠨ ᠦᠩᠭᠡᠷᠡᠬᠦᠯᠬᠦ ᠳᠤᠷ᠎ᠠ ᠦᠭᠡᠢ ᠬᠦᠷᠠᠯᠵᠠᠭᠠᠨ ᠵᠤᠭᠤᠰ ᠣᠯᠬᠤ ᠠᠷᠭ᠎ᠠ ᠰᠦᠪᠡᠭᠴᠢᠯᠡᠨ | ᠪᠤᠰᠤᠳ ᠠᠴᠠ ᠪᠤᠳᠠᠭ᠎ᠠ ᠴᠠᠶᠢᠯᠭᠠᠵᠤ ᠪᠤᠯᠪᠠᠰᠤᠷᠠᠭᠤᠯᠬᠤ ᠬᠠᠭᠤᠴᠢᠨ ᠮᠠᠰᠢᠨ ᠬᠤᠳᠠᠯᠳᠤᠵᠤ ᠠᠪᠤᠭᠠᠳ ᠭᠤᠷᠪᠠᠨ | ᠬᠦᠷᠳᠤᠳᠤ ᠲᠡᠷᠬᠡᠨ ᠳᠤ ᠪᠠᠨ ᠲᠡᠭᠡᠭᠡᠳ ᠠᠶᠢᠯ ᠳᠤ ᠪᠤᠳᠠᠭ᠎ᠠ ᠢᠩᠳᠡᠨ ᠪᠤᠯᠪᠠᠰᠤᠷᠠᠭᠤᠯᠬᠤ ᠠᠵᠢᠯ ᠬᠢᠵᠦ ᠨᠢᠭᠡ | ᠲᠥᠭᠦᠷᠢᠭ ᠨᠢᠭᠡ ᠲᠥᠭᠦᠷᠢᠭ ᠢᠶᠠᠷ ᠴᠤᠭᠯᠠᠭᠤᠯᠵᠤ᠂ ᠠᠮᠢᠳᠤᠷᠠᠯ ᠳᠤ ᠪᠠᠨ ᠲᠤᠰᠠ ᠪᠣᠯᠭᠠᠯ᠎ᠠ᠃ ᠨᠢᠭᠡ ᠤᠳᠠᠭ᠎ᠠ | ᠮᠡᠰᠡ ᠵᠠᠰᠠᠯ ᠬᠢᠭᠡᠳ ᠶᠠᠪᠤᠵᠦ ᠰᠠᠭᠤᠵᠤ ᠴᠢᠳᠠᠬᠤ ᠦᠭᠡᠢ ᠪᠠᠶᠢᠭᠰᠠᠨ ᠴᠦ ᠶᠠᠭ ᠡᠪᠤᠯ ᠤᠨ ᠮᠠᠯ ᠤᠨ ᠲᠠᠵᠢᠭᠡᠯ | ᠪᠣᠷᠳᠤᠭ᠎ᠠ ᠪᠤᠯᠪᠠᠰᠤᠷᠠᠭᠤᠯᠬᠤ ᠦᠶ᠎ᠡ ᠪᠤᠯᠤᠭᠰᠠᠨ ᠲᠤᠯᠠ ᠬᠡᠳᠤᠨ ᠲᠥᠭᠦᠷᠢᠭ ᠣᠯᠬᠤ ᠶᠢᠨ ᠲᠦᠯᠦᠭᠡ ᠭᠤᠷᠪᠠᠨ | ᠬᠦᠷᠳᠤᠳᠤ ᠲᠡᠷᠭᠡᠨ ᠳᠤ ᠪᠠᠨ ᠮᠦᠯᠬᠦᠨ ᠭᠠᠷᠴᠤ ᠪᠠᠶᠢᠭᠠᠳ ᠮᠠᠰᠢᠨ ᠢᠶᠠᠨ ᠵᠢᠯᠤᠭᠤᠳᠤᠨ᠂ ᠠᠶᠢᠯ ᠲᠤᠭᠤᠷᠢᠵᠦ | ᠡᠷᠳᠠᠨᠢ ᠰᠢᠰᠢ ᠴᠠᠶᠢᠯᠭᠠᠵᠤ ᠶᠠᠪᠤᠯ᠎ᠠ᠃ ᠪᠠᠰᠠ ᠨᠢᠭᠡ ᠤᠳᠠᠭ᠎ᠠ ᠬᠦᠷᠠᠯᠵᠠᠭᠠᠨ ᠲᠡᠷᠬᠡᠨ ᠠᠳᠡᠯ ᠭᠠᠷᠴᠤ᠂ ᠭᠠᠷ ᠨᠢ | ᠬᠤᠭᠤᠷᠠᠵᠤ᠂ ᠲᠠᠷᠢᠬᠢᠨ ᠳᠤ ᠨᠢ ᠴᠢᠰᠤ ᠬᠠᠷᠪᠤᠭᠠᠳ ᠬᠤᠰᠢᠭᠤᠨ ᠡᠮᠨᠡᠯᠭᠡ ᠳᠤ ᠬᠥᠷᠭᠡᠭᠳᠡᠯᠡ᠃ ᠭᠡᠪᠠᠴᠤ ᠲᠡᠷᠨ | ᠳᠦᠩᠭᠡᠵᠢ ᠠᠷᠪᠠᠨ ᠲᠠᠪᠤᠬᠠᠨ ᠡᠳᠦᠷ ᠡᠮᠨᠡᠭᠦᠯᠦᠭᠡᠳ᠂ ᠡᠮᠴᠢ ᠶᠢᠨ ᠢᠣᠬᠠᠯ ᠢ ᠰᠤᠨᠤᠰᠤᠯ ᠦᠭᠡᠢ ᠭᠡᠷ ᠤᠨ ᠬᠦᠮᠦᠰ | ᠲᠤ ᠪᠠᠨ ᠶᠠᠭᠠᠷᠠᠵᠤ ᠡᠮᠨᠡᠯᠭᠡ ᠠᠴᠠ ᠭᠠᠷᠤᠭᠰᠠᠨ ᠪᠠᠶᠢᠨ᠎ᠠ᠃ ᠢᠩᠬᠢᠵᠦ ᠲᠡᠷᠨ ᠦᠪᠡᠷ ᠤᠨ ᠰᠦᠰᠤ ᠵᠣᠷᠢᠭ ᠢᠶᠠᠷ | ᠢᠶᠠᠨ ᠯᠠ ᠡᠪᠠᠳᠴᠢᠨ ᠢᠶᠠᠨ ᠠᠨᠠᠭᠠᠵᠤ᠂ ᠪᠣᠳᠤᠯ ᠤᠨ ᠬᠦᠴᠤᠨ ᠢᠶᠠᠷ ᠢᠶᠠᠨ ᠦᠪᠡᠷ ᠢ ᠪᠠᠨ ᠢᠯᠠᠵᠤ ᠶᠠᠪᠤᠯ᠎ᠠ᠃ | ᠡᠳᠡᠭᠡᠷ ᠵᠢᠯ ᠤᠳ ᠲᠤ ᠬᠦᠷᠠᠯᠵᠠᠭᠠᠨ ᠭᠠᠭ᠋ᠠᠢ ᠲᠡᠵᠢᠭᠡᠬᠦ᠂ ᠠᠷᠭᠠᠯ ᠲᠡᠭᠦᠭᠦ᠂ ᠴᠠᠬᠢᠯᠭᠠᠨ ᠵᠠᠰᠠᠬᠤ᠂ ᠮᠠᠰᠢᠨ ᠵᠠᠰᠠᠬᠤ᠂ | ᠪᠤᠳᠠᠭ᠎ᠠ ᠢᠩᠳᠡᠬᠦ᠂ ᠠᠭᠤᠷᠬᠠᠢ ᠳᠤ ᠠᠵᠢᠯ ᠬᠢᠬᠦ᠂ ᠠᠶᠢᠯ ᠳᠤ ᠬᠠᠷ᠎ᠠ ᠪᠣᠷᠦ ᠬᠦᠴᠤᠨ ᠤ ᠠᠵᠢᠯ ᠬᠢᠬᠦ᠂ | ᠠᠭᠤᠯᠠᠨ ᠠᠴᠠ ᠨᠤᠭᠤᠭ᠎ᠠ ᠲᠡᠭᠦᠨ ᠬᠤᠳᠠᠯᠳᠤᠬᠤ᠂ ᠠᠵᠢᠯ ᠲᠠᠭᠠᠭᠠᠴᠢᠯᠠᠵᠤ ᠬᠢᠬᠦ ᠵᠡᠷᠬᠡ ᠣᠯᠠᠨ ᠠᠵᠢᠯ ᠢ ᠬᠢᠯ᠎ᠡ᠃ | ︽ᠲᠤᠰᠤᠯ ᠢ ᠬᠤᠷᠢᠶᠠᠪᠠᠯ ᠲᠠᠯᠠᠢ ᠪᠣᠯᠬᠤ︾ ᠭᠡᠳᠡᠭ ᠢᠶᠠᠷ ᠪᠠᠭ᠎ᠠ ᠰᠠᠭ᠎ᠠ ᠤᠷᠤᠯᠭ᠎ᠠ ᠨᠢ ᠤᠯᠠᠨ ᠲᠠᠯ᠎ᠠ ᠠᠴᠠ | ᠨᠡᠶᠢᠯᠡᠵᠦ ᠠᠮᠢᠳᠤᠷᠠᠯ ᠳᠤ ᠨᠢ ᠲᠤᠰᠠᠯᠠᠳᠠᠭ᠃ ᠬᠦᠷᠠᠯᠵᠠᠭᠠᠨ ᠬᠡᠳᠤᠶᠢᠪᠠᠷ ᠴᠢᠨᠡᠭᠡ ᠪᠠᠷ ᠢᠶᠠᠨ ᠴᠢᠷᠮᠠᠶᠢᠵᠤ ᠪᠠᠶᠢᠪᠠᠴᠣ | ᠭᠠᠭᠴᠠ ᠬᠦᠮᠦᠨ ᠤ ᠬᠦᠳᠡᠯᠮᠦᠷᠢᠯᠠᠵᠤ ᠤᠯᠤᠭᠰᠠᠨ ᠤᠷᠤᠯᠭ᠎ᠠ ᠥᠷᠢ ᠰᠢᠷᠢ ᠳᠤ ᠪᠠᠨ ᠲᠠᠭᠠᠷᠠᠵᠤ᠂ ᠬᠠᠭᠤᠴᠢᠨ | ᠥᠷᠢ ᠪᠠᠨ ᠲᠠᠷᠤᠵᠤ ᠰᠢᠨ᠎ᠡ ᠥᠷᠢ ᠲᠠᠬᠢᠨ ᠲᠠᠯᠪᠢᠨ᠎ᠠ᠃ ᠡᠳᠡᠭᠡᠷ ᠵᠢᠯ ᠳᠤ ᠡᠷᠳᠠᠨᠢᠬᠦᠤ ᠰᠦᠰᠦᠨ ᠤ ᠡᠪᠡᠳᠴᠢᠨ | ᠣᠯᠵᠦ ᠮᠡᠰᠠ ᠵᠠᠰᠠᠯ ᠬᠢᠯᠭᠡᠭᠰᠡᠨ ᠪᠦᠭᠡᠳ ᠰᠢᠬᠢᠷ ᠰᠢᠵᠢᠩ ᠡᠪᠠᠳᠴᠢᠨ᠂ ᠬᠦᠵᠦᠬᠦᠤ ᠰᠡᠭᠡᠷ ᠤᠨ ᠡᠪᠠᠳᠴᠢᠨ | ᠣᠯᠵᠦ ᠥᠷᠭᠦᠯᠵᠢ ᠡᠮ ᠲᠠᠨᠩ ᠤᠤᠭᠤᠬᠤ᠂ ᠬᠦᠤ ᠶᠢᠨ ᠬᠢᠨᠢ ᠰᠤᠷᠤᠯᠭ᠎ᠠ ᠶᠢᠨ ᠰᠦᠢᠳᠬᠡᠯ᠂ ᠠᠮᠢᠳᠤᠷᠠᠯ ᠤᠨ | ᠵᠠᠷᠤᠳᠠᠯ ᠵᠠᠬ᠎ᠠ ᠠᠴᠠ ᠠᠪᠤᠭᠠᠳ ᠨᠢᠭᠡᠯᠨ ᠬᠦᠮᠦᠨ ᠤ ᠭᠠᠷ ᠢ ᠬᠠᠷᠠᠳᠠᠭ ᠪᠣᠯᠬᠤᠷ ᠲᠡᠷᠨ ᠬᠢᠬᠦ ᠠᠵᠢᠯ ᠪᠠᠶᠢᠳᠠᠭ ᠲᠤ | ᠯᠠ ᠬᠥᠷᠪᠡᠯ ᠤᠴᠢᠵᠤ ᠬᠢᠳᠡᠭ᠃ ᠡᠳᠡᠬᠡᠷ ᠵᠢᠯ ᠤᠳ ᠲᠤ ᠦᠢᠷ᠎ᠠ ᠰᠡᠳᠤᠨ ᠠᠶᠢᠯ ᠠᠶᠢᠮᠠᠭ ᠤᠨ ᠰᠠᠶᠢᠨ ᠰᠠᠨᠠᠭ᠎ᠠ | ᠲᠠᠢ ᠬᠦᠮᠦᠰ ᠴᠦ ᠤᠯᠠᠨ ᠲᠤᠰᠠᠯᠠᠵᠤ ᠢᠷᠡᠵᠡᠢ ᠃ ᠤᠷᠢᠳᠦ ᠬᠤᠶᠢᠳᠤ ᠭᠡᠷ ᠤᠨ ᠬᠡᠤᠬᠡᠳ ᠬᠦᠷᠳᠡᠯ᠎ᠡ ᠢᠷᠡᠭᠡᠳ | ᠤᠰᠤ ᠴᠠᠰᠤ ᠶᠢ ᠨᠢ ᠦᠢᠷᠠᠳᠤᠭᠤᠯᠵᠤ ᠥᠭᠬᠦᠨ᠎ᠡ᠃ ᠳᠡᠯᠭᠡᠭᠦᠷ ᠡᠷᠬᠢᠯᠡᠳᠡᠭ ᠳ᠋ᠦᠩ ᠯᠢ ᠵᠢᠶᠦ᠋ᠨ ᠲᠡᠳᠠᠨ ᠳᠤ | ᠲᠡᠯᠭᠡᠬᠦᠷ ᠤᠨ ᠶᠠᠭᠤᠮ᠎ᠠ ᠪᠠᠨ ᠦᠷᠭᠦᠯᠵᠢ ᠵᠢᠭᠡᠯᠡᠭᠦᠯᠵᠦ ᠥᠭᠳᠡᠭ᠃ ᠡᠷᠳᠠᠨᠢᠬᠦᠣ ᠰᠦᠰᠦᠨ ᠤ ᠮᠡᠰᠠ ᠵᠠᠰᠠᠯ ᠬᠢᠭᠡᠳ | ᠪᠠᠶᠢᠭᠰᠠᠨ ᠦᠶ᠎ᠡ ᠳᠤ ᠬᠦᠷᠠᠯᠵᠠᠭᠠᠨ ᠶᠠᠭ ᠰᠠᠶ᠋ᠢᠬᠠᠨ ᠠᠭᠤᠯᠠᠨ ᠳᠤ ᠠᠵᠢᠯ ᠬᠢᠵᠤ ᠪᠠᠶᠢᠭᠰᠠᠨ ᠪᠣᠯᠬᠤᠷ ᠰᠦᠨᠢ ᠳᠤ | ᠪᠠᠨ ᠰᠠᠶ᠋ᠢ ᠬᠠᠷᠢᠵᠤ ᠢᠷᠡᠳᠡᠭ᠃ ᠡᠭᠦᠨ ᠳᠤ ᠭᠠᠳᠠᠨ᠎ᠠ ᠠᠴᠠ ᠢᠷᠡᠵᠤ ᠡᠳᠡᠨ ᠤ ᠠᠶᠢᠯ ᠳᠤ ᠭᠡᠷ ᠳᠦᠷᠢᠶᠡᠰᠦᠯᠡᠵᠦ | ᠰᠠᠭᠤᠵᠤ ᠪᠠᠶᠢᠭᠰᠠᠨ ᠨᠢᠭᠡᠨ ᠬᠢᠲᠠᠳ ᠪᠦᠰᠡᠬᠦᠢ ᠡᠳᠦᠷ ᠡᠳᠦᠷ ᠢᠷᠡᠭᠡᠳ ᠤᠰᠤ ᠴᠠᠢ ᠶᠢ ᠨᠢ ᠦᠢᠷᠠᠳᠤᠭᠤᠯᠵᠤ | ᠪᠤᠳᠠᠭ᠎ᠠ ᠬᠢᠵᠤ ᠥᠭᠳᠡᠭ᠃ ᠵᠠᠷᠢᠮ ᠳᠤ ᠪᠠᠨ ᠡᠷᠳᠠᠨᠢᠬᠦᠣ ᠶᠢ ᠭᠡᠷ ᠲᠤ ᠪᠠᠨ ᠠᠪᠠᠴᠢᠭᠠᠳ ᠢᠳᠡᠬᠦᠯᠵᠦ | ᠤᠤᠭᠤᠯᠭᠠᠵᠤ ᠠᠰᠠᠷᠠᠭᠠᠳ ᠂ ᠬᠠᠭᠠᠰ ᠵᠢᠯ ᠭᠠᠷᠦᠢ ᠬᠠᠪᠰᠤᠷᠤᠭᠰᠠᠨ ᠪᠠᠶᠢᠨ᠎ᠠ᠃ ︽ᠰᠠᠶᠢᠨ ᠰᠠᠨᠠᠭ᠎ᠠ ᠲᠠᠢ | ᠬᠦᠮᠦᠨ ᠢ ᠬᠢᠲᠠᠳ ᠮᠣᠩᠭᠤᠯ ᠢᠶᠠᠷ ᠢᠯᠭᠠᠵᠤ ᠪᠣᠯᠬᠤ ᠦᠭᠡᠢ᠂ ᠣᠪᠣᠭ ᠨᠡᠷ᠎ᠡ ᠶᠢ ᠨᠢ ᠴᠦ ᠮᠡᠳᠡᠬᠦ ᠦᠭᠡᠢ ᠬᠢᠲᠠᠳ | ᠪᠦᠰᠡᠬᠦᠢ ᠨᠠᠮ᠎ᠠ ᠶᠢ ᠶᠤᠰᠤᠳᠠᠢ ᠬᠠᠪᠰᠤᠷᠴᠤ ᠭᠠᠮᠨᠠᠭᠰᠠᠨ ᠶᠤᠮ᠂ ᠤᠳᠦ ᠲᠡᠷᠨ ᠨᠤᠲᠤᠭ ᠲᠤ ᠪᠠᠨ ᠬᠠᠷᠢᠭᠠᠳ | ᠬᠠᠷᠢᠴᠠᠭ᠎ᠠ ᠬᠤᠯᠪᠤᠭ᠎ᠠ ᠲᠠᠰᠤᠷᠠᠵᠠᠢ ᠁︾ ᠭᠡᠵᠦ ᠡᠷᠳᠠᠨᠢᠬᠦᠤ ᠬᠠᠷᠠᠮᠰᠠᠨ ᠬᠡᠯᠡᠵᠦ ᠪᠠᠶᠢᠯ᠎ᠠ᠃ 2007 | ᠣᠨ ᠠᠴᠠ ᠠᠪᠤᠭᠠᠳ ᠬᠥᠷᠡᠯᠵᠠᠭᠠᠨ ᠪᠤᠯᠠᠭ ᠵᠡᠰ ᠤᠨ ᠠᠭᠤᠷᠬᠠᠢ ᠳᠤ ᠴᠠᠬᠢᠯᠭᠠᠨ ᠤ ᠠᠵᠢᠯᠳᠠᠨ ᠪᠣᠯᠵᠦ᠂ ᠡᠳᠦᠷ | ᠪᠦᠷᠢ ᠠᠷᠪᠠᠨ ᠭᠠᠵᠡᠷ ᠢ ᠮᠣᠲ᠋ᠤᠷ ᠢᠶᠠᠷ ᠵᠠᠮᠨᠠᠵᠤ᠂ ᠪᠦᠰᠡᠬᠦᠢ ᠪᠠᠨ ᠠᠰᠠᠷᠠᠵᠤ ᠪᠠᠶᠢᠭᠰᠠᠨ᠂ ᠬᠦᠮᠦᠨ ᠤ ᠦᠪᠡᠷ ᠤᠨ | ᠠᠵᠢᠯ ᠢ ᠠᠳᠠᠯᠢᠬᠠᠨ ᠰᠠᠶᠢᠨ ᠬᠢᠳᠡᠭ ᠲᠡᠷᠡ ᠬᠤᠪᠢᠳᠠᠭᠰᠠᠨ ᠠᠵᠢᠯ ᠠᠴᠠ ᠪᠠᠨ ᠭᠠᠳᠠᠨ᠎ᠠ ᠠᠭᠤᠷᠬᠠᠢ ᠶᠢᠨ ᠠᠷᠰᠠᠷ | ᠠᠵᠢᠯ ᠢ ᠵᠠᠪᠳᠤᠨ ᠬᠢᠳᠡᠭ ᠲᠤᠯᠠ ᠠᠭᠤᠷᠬᠠᠢ ᠶᠢᠨ ᠡᠵᠡᠨ ᠤ ᠢᠳᠡᠬᠡᠯ ᠢ ᠤᠯᠤᠭᠠᠤᠨ᠂ ᠰᠡᠭᠦᠯᠡᠷ ᠨᠢ ᠠᠭᠤᠷᠬᠠᠢ ᠶᠢᠨ | ᠡᠵᠨᠨ ᠭᠡᠷ ᠤᠨ ᠪᠠᠶᠢᠳᠠᠯ ᠢ ᠨᠢ ᠮᠡᠳᠡᠵᠦ ᠠᠭᠤᠷᠬᠠᠢ ᠳᠤ ᠪᠠᠨ ᠭᠡᠷ ᠭᠠᠷᠭᠠᠨ ᠦᠭᠴᠦ ᠪᠦᠰᠡᠬᠦᠢ ᠶᠢ ᠨᠢ ᠲᠤᠰᠴᠤ | ᠠᠪᠠᠴᠢᠭᠠᠳ᠂ ᠬᠤᠭᠤᠯᠨ ᠪᠤᠳᠠᠭ᠎ᠠ ᠶᠠᠪᠤᠵᠤ ᠰᠠᠭᠤᠬᠤ ᠶᠢ ᠨᠢ ᠬᠠᠷᠠᠭᠠᠯᠵᠠᠪᠠ᠃ | | | | ᠡᠳᠦᠷ ᠤᠨ ᠤᠳᠠᠭᠠᠨ ᠳᠤ ᠡᠷᠳᠠᠨᠢᠬᠦᠤ ᠶᠢᠨ ᠰᠠᠨᠠᠭ᠎ᠠ ᠰᠡᠳᠬᠢᠯ ᠴᠦ ᠲᠠᠶᠢᠪᠤᠰᠢᠷᠠᠨ᠂ ᠬᠦᠤ ᠨᠢ ᠲᠦᠬᠦᠬᠡ | ᠤᠷᠤᠭᠰᠠᠨ ᠠᠴᠠ ᠠᠪᠤᠭᠠᠳ ᠡᠵᠢ ᠶᠢᠨ ᠢᠶᠠᠨ ᠨᠢᠳᠦ ᠨᠢ ᠪᠣᠯᠵᠦ᠂ ᠡᠵᠢ ᠪᠠᠨ ᠬᠦᠳᠦᠯᠦᠭᠡᠳ ᠶᠠᠪᠤᠬᠤ ᠪᠣᠯᠤᠯ᠎ᠠ᠃ | ᠡᠷᠳᠠᠨᠢᠬᠦᠤ ᠶᠢᠨ ᠬᠠᠷᠠᠭ᠎ᠠ ᠨᠢ ᠮᠠᠭᠤ ᠴᠦ ᠭᠠᠷ ᠬᠥᠯ ᠤᠨ ᠮᠡᠳᠡᠷᠡᠮᠵᠢ ᠨᠢ ᠢᠳᠡᠭ ᠢᠳᠡᠭ ᠢᠶᠠᠷ ᠲᠡᠭᠡᠭᠰᠢᠯᠡᠵᠦ᠂ ᠭᠡᠷ | ᠵᠠᠭᠤᠷ᠎ᠠ ᠶᠢᠨ ᠲᠦᠬᠦᠮᠬᠡᠨ ᠡᠨᠡ ᠲᠡᠷᠨ ᠠᠵᠢᠯ ᠢ ᠬᠢᠵᠦ ᠴᠢᠳᠠᠬᠤ ᠪᠤᠯᠤᠭᠠᠳ ᠬᠦᠷᠠᠯᠵᠠᠭᠠᠨ ᠳᠤ ᠶᠡᠬᠡᠭᠡᠨ ᠲᠤᠰᠠ | ᠪᠣᠯᠵᠡᠢ᠃ ᠭᠡᠪᠠᠴᠤ ᠬᠠᠭᠠᠯᠭ᠎ᠠ ᠡᠭᠦᠳᠡᠨ ᠳᠤ ᠮᠦᠷᠬᠦᠬᠦ᠂ ᠭᠠᠯ ᠤᠰᠤᠨ ᠳᠤ ᠬᠠᠯᠠᠵᠤ ᠰᠢᠷᠠᠭᠳᠤᠬᠤ ᠶᠠᠪᠤᠳᠠᠯ | ᠲᠠᠰᠤᠷᠠᠬᠤ ᠦᠭᠡᠢ ᠪᠠᠶᠢᠯ᠎ᠠ᠃ ᠬᠦᠣ ᠨᠢ ᠡᠬᠡ ᠪᠠᠨ ᠬᠦᠳᠦᠯᠵᠦ ᠴᠢᠳᠠᠬᠤ ᠪᠤᠯᠤᠭᠰᠠᠨ ᠠᠴᠠ ᠠᠪᠤ ᠨᠢ ᠬᠤᠶᠠᠭᠤᠯᠠ | ᠶᠢ ᠬᠠᠶᠠᠭᠠᠳ ᠠᠵᠢᠯ ᠳᠤ ᠶᠠᠪᠤᠳᠠᠭ᠃ ᠨᠢᠭᠡ ᠤᠳᠠᠭ᠎ᠠ ᠠᠪᠤ ᠨᠢ ᠠᠶᠢᠯ ᠳᠤ ᠠᠵᠢᠯ ᠬᠢᠭᠡᠳ ᠤᠷᠤᠢ ᠢᠷᠡᠬᠦ ᠳᠤ | ᠬᠥᠤ ᠨᠢ ᠦᠠᠳᠦᠷ ᠮᠣᠳᠣ᠂ ᠰᠦᠬᠡ ᠵᠡᠷᠭᠡ ᠶᠢ ᠡᠪᠤᠷᠯᠡᠭᠡᠤᠨ ᠤᠨᠲᠠᠵᠤ ᠪᠠᠶᠢᠪᠠ᠃ ᠲᠠᠷᠠᠭ᠎ᠠ ᠡᠳᠦᠷ ᠨᠢ ᠠᠰᠠᠭᠤᠬᠤ | ᠳᠤ ᠡᠵᠢ ᠪᠠᠨ ᠬᠠᠮᠠᠭᠠᠯᠠᠬᠤ ᠶᠢᠨ ᠲᠥᠯᠦᠭᠡ ᠭᠡᠨ᠎ᠡ᠃ ᠢᠩᠭᠢᠵᠦ ᠡᠨᠡ ᠭᠡᠷ ᠤᠨ ᠬᠤᠶᠡᠷ ᠡᠷ᠎ᠡ ᠬᠦᠮᠦᠨ ᠬᠠᠷᠠᠭ᠎ᠠ | ᠪᠠᠨ ᠠᠯᠳᠠᠭᠰᠠᠨ ᠡᠷᠳᠠᠨᠢᠬᠦᠤ ᠳᠤ ᠬᠠᠷᠢᠭᠤᠴᠠᠯᠭ᠎ᠠ ᠪᠠᠨ ᠭᠦᠢᠴᠡᠳᠬᠡᠵᠦ᠂ ᠬᠠᠶᠢᠷ᠎ᠠ ᠬᠠᠯᠠᠮᠵᠢ ᠪᠠᠨ ᠬᠥᠷᠲᠡᠭᠡᠭᠰᠡᠭᠡᠷ | ᠢᠷᠠᠯ᠎ᠠ᠃ ᠬᠥᠤ ᠨᠢ ᠰᠤᠷᠭᠠᠭᠤᠯᠢ ᠳᠤ ᠤᠷᠤᠭᠰᠠᠨ ᠠᠴᠠ ᠠᠪᠤᠭᠠᠳ ᠲᠡᠷᠨ ᠪᠦᠰᠡᠬᠦᠢ ᠪᠠᠨ ᠬᠠᠮᠢᠭ᠎ᠠ ᠶᠠᠪᠤᠭᠰᠠᠨ | ᠴᠦ ᠲᠠᠭᠠᠭᠤᠯᠤᠭᠠᠳ ᠶᠠᠪᠤᠳᠠᠭ᠃ ᠠᠵᠢᠯ ᠤᠨ ᠭᠠᠵᠡᠷ ᠢᠶᠠᠨ ᠲᠠᠭᠠᠭᠤᠯᠵᠤ ᠣᠴᠢᠭᠠᠳ ᠲᠡᠷᠬᠡᠳᠡ ᠪᠠᠨ ᠰᠠᠭᠤᠯᠭᠠᠵᠤ | ᠲᠠᠯᠪᠢᠭᠠᠳ ᠯᠠ ᠦᠪᠡᠷ ᠲᠡᠭᠡᠨ ᠠᠵᠢᠯᠯᠠᠳᠠᠭ᠃ ᠡᠪᠤᠯ ᠳᠤ ᠪᠠᠨ ᠠᠷᠠᠰᠤᠨ ᠳᠡᠪᠠᠯ ᠳᠤ ᠪᠠᠭᠯᠠᠵᠤ ᠠᠷᠤ ᠳᠤ ᠪᠠᠨ | ᠠᠴᠢᠭᠠᠳ ᠶᠠᠪᠤᠳᠠᠭ᠃ ᠨᠢᠭᠡ ᠤᠳᠠᠭ᠎ᠠ ᠡᠷᠳᠠᠨᠢᠬᠦᠤ ᠡᠪᠠᠳᠴᠢᠨ ᠢᠶᠠᠨ ᠦᠵᠡᠭᠦᠯᠬᠦ ᠭᠡᠵᠦ ᠠᠶᠢᠯ ᠤᠨ ᠬᠦᠮᠦᠨ ᠢᠶᠠᠨ | ᠲᠠᠭᠠᠭᠠᠳ ᠬᠦᠬᠡᠬᠤᠳᠠ ᠳᠤ ᠶᠠᠪᠤᠭᠰᠠᠨ ᠳᠤ ᠠᠶᠢᠯ ᠤᠨ ᠬᠢᠨ ᠣᠴᠠᠷᠠᠭᠰᠠᠨ ᠪᠣᠯᠭᠠᠨ ︽ᠲᠠ ᠣᠳᠦ ᠬᠡᠳᠤᠨ ᠡᠳᠦᠷ | ᠠᠮᠠᠷᠠᠬᠤ ᠶᠤᠮ ᠪᠠᠶᠢᠨ᠎ᠠ︾ ᠭᠡᠵᠦ ᠶᠠᠷᠢᠬᠤ ᠳᠤ ᠬᠦᠷᠠᠯᠵᠠᠭᠠᠨ ︽ᠠᠮᠠᠷᠠᠭᠠᠳ ᠶᠠᠭᠤ ᠪᠠᠶᠢᠬᠤ ᠪᠤᠢ᠂ ᠬᠤᠭᠤᠰᠤᠨ | ᠰᠠᠨᠠᠭᠳᠠᠭᠠᠳ ᠁ ᠮᠣᠲ᠋ᠣᠷ ᠤᠨ ᠠᠷᠤ ᠳᠠᠬᠢ ᠶᠠᠭᠤ ᠨᠢᠭᠡ ᠪᠠᠨ ᠭᠡᠭᠡᠴᠢᠭᠰᠡᠨ ᠰᠢᠭ ᠪᠤᠯᠤᠭᠠᠳ ᠪᠠᠶᠢᠨ ᠪᠠᠶᠢᠨ | ᠬᠠᠷᠠᠵᠤ ᠦᠵᠡᠭᠡᠳ ᠯᠠ ᠪᠠᠶᠢᠨ᠎ᠠ ᠁︾ ᠭᠡᠵᠦ ᠦᠨᠡᠨ ᠦᠭᠡ ᠪᠠᠨ ᠬᠡᠯᠡᠵᠡᠢ᠃ ᠵᠠᠷᠢᠮ ᠬᠦᠮᠦᠰ ᠲᠡᠬᠦᠨ ᠢ ︽ | ᠲᠠ ᠦᠨᠡᠭᠡᠷ ᠠᠮᠠᠷ ᠦᠭᠡᠢ᠂ ᠮᠠᠨ ᠤ ᠪᠡᠶ᠎ᠡ ᠳᠤ ᠲᠠᠭᠠᠷᠠᠭᠰᠠᠨ ᠪᠣᠯ ᠬᠡᠳᠤᠨ ᠡᠳᠦᠷ ᠴᠦ ᠲᠡᠰᠬᠦ ᠦᠭᠡᠢ︾ ᠭᠡᠵᠦ | ᠬᠡᠯᠡᠪᠠᠯ ᠲᠡᠷᠠ ᠦᠬᠡᠳᠡ ᠠᠴᠠ ᠨᠢ ︽ᠬᠡᠨ ᠳᠤ ᠲᠠᠭᠠᠷᠠᠭᠰᠠᠨ ᠴᠦ ᠪᠦᠷ ᠢᠩᠭᠢᠵᠦ ᠯᠠ ᠬᠢᠬᠦ ᠶᠤᠮ︾ ᠭᠡᠳᠡᠭ᠃ | ᠬᠦᠷᠠᠯᠵᠠᠭᠠᠨ ᠪᠠᠭ᠎ᠠ ᠠᠴᠠ ᠪᠠᠨ ᠰᠤᠷᠳᠠᠯ ᠮᠤᠷᠠᠯ ᠲᠠᠢ ᠦᠰᠦᠭᠰᠡᠨ ᠬᠡᠤᠬᠡᠳ᠂ ᠡᠳᠡᠨᠡᠶᠢᠬᠢᠨ ᠲᠡᠭᠡᠳᠦ ᠠᠴᠠ ᠪᠠᠨ | ᠠᠪᠤᠭᠠᠳ ᠬᠦᠮᠦᠨ ᠳᠤ ᠲᠤᠰᠠᠷᠬᠠᠭ ᠰᠢᠳᠤᠷᠭᠤ ᠬᠦᠮᠦᠰ᠃ ᠲᠡᠷᠨ ᠪᠠᠶ᠋ᠬᠠᠦ᠋ᠠᠳᠦᠷ ᠲᠤᠮᠳᠠᠳᠤ ᠰᠤᠷᠭᠠᠭᠤᠯᠢ ᠳᠤ | ᠪᠠᠶᠢᠬᠤ ᠳᠤ ᠪᠠᠨ ᠵᠠᠮ ᠲᠡᠭᠡᠷ᠎ᠡ ᠠᠴᠠ ᠪᠠᠭᠯᠠᠭ᠎ᠠ ᠵᠤᠭᠤᠰ ᠲᠠᠢ ᠪᠤᠭᠴᠤ ᠤᠯᠵᠦ ᠠᠪᠤᠭᠠᠳ ᠰᠤᠷᠭᠠᠭᠤᠯᠢ ᠶᠢᠨ ᠪᠠᠭᠰᠢ | ᠳᠤ ᠪᠠᠨ ᠲᠤᠰᠢᠶᠠᠭᠰᠠᠨ ᠶᠤᠮ᠃ ᠵᠦᠳᠠᠬᠦᠤ ᠠᠮᠢᠳᠤᠷᠠᠯ ᠲᠠᠢ ᠲᠡᠳᠡᠨ ᠳᠤ ᠠᠪᠴᠤ ᠬᠡᠯᠡᠪᠠᠯ ᠵᠤᠭᠤᠰ ᠬᠡᠴᠢᠨᠠᠨ | ᠱᠠᠭᠠᠷᠳᠠᠭᠳᠠᠬᠤ ᠠᠵᠢ᠂ ᠭᠡᠪᠠᠴᠤ ᠪᠤᠰᠤᠳ ᠤᠨ ᠶᠠᠭᠤᠮ᠎ᠠ ᠶᠢ ᠳᠤᠷ᠎ᠠ ᠪᠠᠷ ᠠᠪᠳᠠᠭ ᠦᠭᠡᠢ ᠲᠡᠷᠨ ᠲᠤᠰ ᠪᠣᠭᠴᠣ ᠶᠢ | ᠠᠯᠪᠠᠨ ᠳᠤ ᠲᠤᠰᠢᠶᠠᠵᠡᠢ᠃ ᠡᠨᠡ ᠶᠠᠪᠤᠳᠠᠯ ᠨᠢ ᠬᠦᠷᠠᠯᠵᠠᠭᠠᠨ ᠳᠤ ᠬᠡᠳᠤᠶᠢᠨᠢ ᠮᠡᠷᠳᠠᠭᠳᠠᠨ ᠤᠳᠤᠭᠰᠠᠨ ᠴᠦ ︽ | ᠠᠯᠳᠠ ᠤᠯᠪᠠᠴᠤ ᠠᠮᠢᠨ ᠳᠤ ᠪᠠᠨ ᠠᠪᠳᠠᠭ ᠦᠭᠡᠢ ᠰᠤᠷᠤᠭᠴᠢ︾ ᠭᠡᠵᠦ ᠪᠠᠶ᠋ᠬᠠᠦ᠋ᠠᠳᠦᠷ ᠲᠤᠮᠳᠠᠳᠤ ᠰᠤᠷᠭᠠᠭᠤᠯᠢ | ᠶᠢᠨ ᠦᠢᠯᠠᠯᠭ᠎ᠠ ᠳᠤ ᠲᠡᠭᠦᠨ ᠤ ᠢᠷᠠᠭᠤ ᠠᠯᠳᠠᠷ ᠨᠢᠭᠡᠨᠳᠠ ᠲᠡᠮᠳᠡᠭᠯᠡᠭᠳᠡᠨ ᠦᠯᠡᠳᠡᠭᠰᠡᠨ ᠪᠠᠶᠢᠪᠠ᠃ ᠬᠦᠷᠠᠯᠵᠠᠭᠠᠨ | ᠢᠩᠭᠢᠵᠤ ᠯᠠ ᠬᠠᠶᠢᠷ᠎ᠠ ᠬᠠᠷᠢᠭᠤᠴᠠᠯᠭ᠎ᠠ ᠶᠢᠨ ᠡᠷᠬᠡ ᠪᠠᠷ ᠲᠡᠭᠦᠨ ᠤ ᠬᠡᠯᠡᠳᠡᠭ ︽ᠡᠭᠦᠷᠬᠡ︾ ᠭᠡᠳᠡᠭ ᠢᠶᠠᠨ | ᠭᠦᠢᠴᠡᠳᠭᠡᠵᠤ ᠢᠷᠠᠵᠠᠢ᠃ ︽ᠪᠢ ᠦᠭᠡᠷ᠎ᠠ ᠬᠦᠮᠦᠨ ᠳᠤ ᠲᠠᠭᠠᠷᠠᠭᠰᠠᠨ ᠪᠣᠯ ᠠᠭᠤᠯᠠᠨ ᠭᠤᠤ ᠳᠤ | ᠬᠠᠶᠠᠭᠳᠠᠴᠢᠬᠠᠭᠰᠠᠨ ᠴᠦ ᠪᠠᠶᠢᠵᠤ ᠮᠡᠳᠡᠨ᠎ᠡ᠃ ᠬᠦᠷᠠᠯᠵᠠᠭᠠᠨ ᠨᠠᠳᠠ ᠶᠢ ᠨᠢᠭᠡ ᠤᠳᠠᠭ᠎ᠠ ᠴᠦ ᠬᠠᠷᠠᠳᠠᠢ ᠬᠡᠯᠡᠭᠰᠡᠨ | ᠦᠭᠡᠢ᠂ ᠪᠢ ᠵᠠᠷᠢᠮ ᠳᠤ ᠪᠠᠨ ᠡᠪᠠᠳᠴᠢᠨ ᠤ ᠰᠢᠯᠳᠠᠭᠠᠨ ᠪᠤᠶᠤ ᠠᠮᠢᠳᠤᠷᠠᠯ ᠤᠨ ᠭᠠᠴᠢᠭᠳᠠᠯ ᠠᠴᠠ ᠠᠭᠤᠷ ᠤᠴᠠᠭᠠᠷ | ᠬᠦᠷᠴᠦ ᠬᠡᠲᠦᠷᠡᠭᠦᠯᠳᠡᠭ᠂ ᠭᠡᠪᠠᠴᠤ ᠨᠦᠬᠦᠷ ᠮᠢᠨᠢ ᠨᠠᠮ᠎ᠠ ᠶᠢ ᠲᠡᠭᠡᠭᠡᠷ᠎ᠠ ᠲᠠᠷᠤᠭᠠᠰᠤ ᠭᠡᠵᠦ ᠶᠠᠷᠤ ᠬᠡᠯᠡᠭᠰᠡᠨ ᠦᠭᠡᠢ | ᠪᠦᠭᠡᠳ ᠠᠮᠢᠳᠤᠷᠠᠯ ᠳᠤ ᠪᠠᠨ ᠵᠣᠷᠢᠭ ᠮᠤᠬᠤᠬᠰᠠᠨ ᠤᠳᠠᠭ᠎ᠠ ᠦᠭᠡᠢ᠂ ᠦᠷᠬᠦᠯᠵᠢ ᠨᠠᠮ᠎ᠠ ᠶᠢ ᠰᠠᠶᠢᠨ ᠵᠦᠭ | ᠪᠤᠳᠤᠬᠤ ᠶᠢ ᠵᠣᠷᠢᠭᠵᠢᠭᠤᠯᠵᠤ ᠯᠠ ᠪᠠᠶᠢᠳᠠᠭ᠃ ᠠᠮᠢᠳᠤᠷᠠᠯ ᠤᠨ ᠲᠤᠮᠳᠡ ᠴᠦ ᠶᠠᠭᠤ ᠪᠣᠯᠭᠠᠨ ᠢ ᠨᠠᠳᠠ ᠲᠠᠢ | ᠵᠦᠪᠳᠠᠨᠠ᠂ ᠭᠠᠳᠠᠨᠠᠬᠢ ᠤᠴᠢᠷ ᠢ ᠬᠠᠷᠢᠵᠤ ᠢᠷᠡᠭᠡᠳ ᠨᠢᠭᠡᠳ ᠨᠢᠭᠡ ᠪᠠᠷ ᠨᠠᠳᠠ ᠳᠤ ᠬᠡᠯᠠᠵᠤ ᠦᠭᠭᠦᠨ᠎ᠡ᠂ | ᠡᠮᠦᠰᠴᠦ ᠵᠠᠭᠦᠭᠦ᠂ ᠢᠳᠡᠵᠦ ᠤᠤᠭᠤᠬᠤ ᠠᠴᠠ ᠠᠪᠤᠭᠠᠳ ᠠᠯᠢᠪᠠ ᠪᠦᠬᠦᠨ ᠢ ᠦᠪᠡᠷ ᠤᠨ ᠭᠠᠷ ᠢᠶᠠᠷ ᠢᠶᠠᠨ | ᠲᠤᠬᠢᠷᠠᠭᠤᠯᠵᠤ ᠥᠭᠳᠡᠭ᠃ ᠠᠶᠢᠯ ᠠᠶᠢᠮᠠᠭ ᠴᠦ ᠰᠠᠶᠢᠨ᠂ ᠨᠠᠮ ᠵᠠᠰᠠᠭ ᠤᠨ ᠬᠠᠪᠰᠤᠷᠤᠯᠭ᠎ᠠ ᠪᠠᠷ ᠣᠳᠤ ᠰᠢᠨ᠎ᠡ ᠭᠡᠷ | ᠪᠠᠷᠢᠭᠠᠳ᠂ ᠠᠮᠢᠳᠤᠷᠠᠯ ᠪᠠᠰᠠ ᠳᠡᠭᠡᠭᠰᠢᠯᠡᠵᠦ ᠪᠤᠢ᠂ ᠬᠤᠷᠢᠨ ᠵᠢᠯ ᠢ ᠲᠤᠭᠤᠯᠵᠤ ᠢᠷᠡᠯ᠎ᠡ᠂ ᠵᠠᠷᠢᠮ ᠳᠤ ᠪᠠᠨ ᠵᠡᠭᠦᠳᠦ | ᠵᠡᠷᠭᠡᠯᠭᠡᠨ ᠰᠢᠭ᠂ ᠭᠡᠷ ᠤᠨ ᠬᠦᠮᠦᠰ ᠢᠶᠠᠨ ᠵᠣᠪᠠᠭᠠᠭᠠᠳ ᠯᠠ ᠁︾ ᠭᠡᠵᠦ ᠨᠦᠬᠦᠷ ᠤᠨ ᠢᠶᠠᠨ ᠲᠤᠬᠠᠢ ᠬᠡᠯᠡᠬᠦ | ᠳᠤ ᠡᠷᠳᠠᠨᠢᠬᠦᠣ ᠶᠢᠨ ᠬᠤᠷᠢᠭᠯᠠᠭᠳᠠᠰᠢ ᠦᠭᠡᠢ ᠬᠠᠯᠠᠭᠤᠨ ᠨᠢᠯᠪᠤᠰᠤ ᠨᠢ ᠬᠤᠷᠢᠨ ᠵᠢᠯ ᠤᠨ ᠲᠤᠷᠰᠢᠬᠢ ᠦᠭᠡ ᠬᠡᠯᠡ | ᠪᠠᠷ ᠢᠯᠡᠳᠬᠡᠬᠦ ᠶᠢᠨ ᠠᠷᠭ᠎ᠠ ᠦᠭᠡᠢ ᠲᠠᠯᠠᠷᠬᠠᠯ ᠤᠨ ᠰᠡᠳᠬᠢᠯᠭᠡ ᠶᠢ ᠨᠢ ᠲᠥᠯᠦᠭᠡᠯᠡᠨ ᠤᠷᠤᠰᠴᠤ ᠪᠠᠶᠢᠯ᠎ᠠ᠃ | ᠪᠡᠶ᠎ᠡ ᠮᠠᠬᠠᠪᠤᠳ᠂ ᠠᠵᠤ ᠠᠬᠤᠢ ᠶᠢᠨ ᠲᠠᠯ᠎ᠠ ᠪᠠᠷ ᠲᠤᠳᠠᠭᠤ ᠬᠤᠮᠰᠠ ᠪᠠᠶᠢᠳᠠᠭ ᠴᠦ ᠬᠦᠷᠠᠯᠵᠠᠭᠠᠨ ᠤ | ᠤᠷᠤᠭᠰᠢ ᠲᠡᠮᠡᠦᠯᠬᠦ ᠢᠳᠡᠬᠡᠯ᠂ ᠵᠦᠪ ᠢᠳᠡᠪᠬᠢ ᠦᠵᠡᠯ ᠰᠠᠨᠠᠭ᠎ᠠ ᠨᠢ ᠭᠡᠷ ᠪᠦᠯᠢ ᠳᠤ ᠪᠠᠨ ᠬᠦᠴᠤᠨ ᠵᠣᠷᠢᠭ | ᠨᠠᠮᠠᠷᠢᠯᠠᠵᠤ ᠪᠠᠶᠢᠯ᠎ᠠ᠂ ᠠᠮᠢᠳᠤᠷᠠᠯ ᠤᠨ ᠤᠯᠠᠨ ᠤᠯᠠᠨ ᠬᠦᠴᠢᠷ ᠪᠡᠷᠬᠡ ᠶᠢᠨ ᠡᠮᠦᠨ᠎ᠡ ᠲᠡᠷᠨ ᠶᠠᠷᠤ ᠨᠢ ᠭᠤᠳᠤᠷᠠᠵᠤ | ᠮᠤᠬᠤᠷᠠᠵᠤ ᠦᠵᠡᠭᠡ ᠦᠭᠡᠢ᠂ ᠬᠠᠷᠠᠭ᠎ᠠ ᠪᠠᠨ ᠠᠯᠳᠠᠭᠰᠠᠨ ᠪᠦᠰᠡᠬᠦᠢ ᠪᠠᠨ ᠬᠤᠷᠢᠨ ᠵᠢᠯ ᠠᠰᠠᠷᠠᠬᠤ ᠳᠤ ᠪᠠᠨ ᠨᠢᠭᠡ | ᠤᠳᠠᠭ᠎ᠠ ᠴᠦ ᠭᠠᠪᠢᠶᠠᠷᠬᠠᠵᠤ ᠦᠩᠭᠡᠷᠡᠭᠡ ᠦᠭᠡᠢ᠃ ᠴᠢᠷᠮᠠᠶᠢᠳᠠᠭ ᠯᠠ ᠶᠤᠮ ᠪᠣᠯ ᠯᠠᠪᠳᠠᠢ ᠦᠬᠡᠳᠡ ᠡᠰᠡᠷᠡᠭ | ᠪᠤᠯᠤᠨ᠎ᠠ ᠭᠡᠳᠡᠭ ᠭᠠᠭᠴᠠ ᠪᠤᠳᠤᠯ ᠨᠢ ᠲᠡᠬᠦᠨ ᠢ ᠬᠦᠳᠦᠯᠵᠦ ᠬᠦᠮᠦᠨ ᠤ ᠠᠮᠢᠳᠤᠷᠠᠯ ᠤᠨ ᠠᠳᠠᠷᠭᠠᠠᠳᠤ ᠵᠠᠮ ᠢᠶᠠᠷ | ᠬᠤᠷᠢᠭᠠᠳ ᠵᠢᠯ ᠲᠡᠮᠡᠦᠯᠦᠭᠦᠯᠪᠡ᠃ ᠨᠡᠶᠢᠭᠡᠮ ᠲᠡᠭᠡᠷ᠎ᠠ ᠪᠣᠰᠤᠳ ᠲᠤ ᠮᠠᠭᠤ ᠪᠠᠷ ᠬᠡᠯᠡᠭᠳᠡᠳᠡᠭ ᠴᠦ ᠭᠤᠳᠤᠷᠠᠬᠤ | ᠦᠭᠡᠢ᠂ ᠴᠤᠬᠢᠭᠳᠠᠴᠢᠬᠠᠳᠠᠭ ᠴᠦ ᠬᠠᠮᠢᠶ᠎ᠡ ᠦᠭᠡᠢ᠂ ᠴᠤᠬᠢᠭᠰᠠᠨ ᠬᠦᠮᠦᠨ ᠤ ᠲᠤᠳᠦᠷ᠎ᠠ ᠬᠠᠷᠢᠨ ᠲᠠᠶᠢᠪᠤᠩ ᠪᠠᠶᠢᠵᠤ | ᠴᠢᠳᠠᠬᠤ ᠦᠭᠡᠢ ᠭᠡᠵᠦ ᠦᠷᠭᠦᠯᠵᠢ ᠬᠡᠯᠡᠳᠡᠭ ᠪᠣᠯᠬᠤᠷ ᠬᠥᠤ ᠨᠢ ᠴᠦ ᠡᠷᠡᠭᠦᠯ ᠰᠠᠶᠢᠬᠠᠨ ᠵᠦᠪ ᠬᠦᠮᠦᠵᠢᠯ ᠬᠦᠷᠳᠡᠵᠦ | ᠂ ᠭᠡᠷ ᠤᠨ ᠬᠦᠴᠢᠷ ᠢᠶᠠᠨ ᠦᠢᠯᠠᠭᠠᠳᠠᠭ᠂ ᠵᠦᠪ ᠦᠵᠡᠯ ᠰᠡᠳᠬᠢᠴᠡ ᠲᠠᠢ᠂ ᠠᠷᠪᠢᠯᠠᠨ ᠭᠠᠮᠨᠠᠬᠤ ᠲᠤᠷᠠᠳᠠᠢ᠂ | ᠤᠬᠠᠭᠠᠨ ᠲᠠᠢ ᠬᠦᠤ ᠪᠤᠯᠤᠨ ᠦᠰᠦᠭᠰᠡᠨ ᠪᠠᠶᠢᠨ᠎ᠠ᠃ ᠮᠡᠳᠡᠭᠡ ᠤᠷᠤᠮᠠᠭᠴᠠ ᠪᠠᠨ ᠡᠵᠢ ᠳᠤ ᠪᠠᠨ ᠨᠢᠳᠦ ᠪᠣᠯᠵᠤ᠂ | ᠠᠪᠤ ᠪᠠᠨ ᠬᠠᠪᠰᠤᠷᠴᠤ ᠡᠵᠢ ᠪᠠᠨ ᠬᠠᠷᠠᠭᠠᠯᠵᠠᠬᠤ ᠠᠵᠢᠯ ᠢ ᠪᠤᠯᠢᠶᠠᠯᠴᠠᠨ ᠬᠢᠳᠡᠭ᠃ ᠤᠳᠦ ᠶᠢᠨ ᠵᠠᠷᠢᠮ ᠬᠡᠤᠬᠡᠳ | ᠨᠡᠷᠡᠯᠭᠡᠭ ᠰᠡᠳᠬᠢᠯ ᠲᠠᠢ᠂ ᠪᠤᠰᠤᠳ ᠲᠠᠢ ᠠᠳᠠᠯᠢᠳᠬᠠᠨ᠂ ᠬᠦᠳᠡᠭᠡ ᠶᠢᠨ ᠭᠡᠷ ᠤᠨ ᠠᠬᠠᠮᠠᠳ ᠨᠢ ᠮᠠᠭᠤᠬᠠᠢ | ᠡᠮᠦᠰᠦᠭᠡᠳ ᠣᠴᠢᠬᠤ ᠳᠤ ᠢᠴᠢᠭᠡᠳ ᠠᠭᠤᠯᠵᠠᠬᠤ ᠦᠭᠡᠢ ᠪᠠᠶᠢᠬᠤ ᠳᠤ ᠡᠳᠡᠨ ᠤ ᠬᠥᠤ ᠨᠢ ᠬᠠᠷᠢᠨ ᠡᠵᠢ ᠪᠠᠨ | ᠵᠠᠮᠳᠡᠭ ᠭᠡᠵᠦ ᠶᠠᠪᠤᠳᠠᠯ ᠪᠣᠯᠭᠠᠳᠠᠭ ᠦᠭᠡᠢ᠂ ᠰᠤᠷᠭᠠᠭᠤᠯᠢ ᠶᠢᠨ ᠬᠥᠷᠢᠶᠠᠨ ᠳᠤ ᠪᠠᠨ ᠴᠦ ᠡᠵᠢ ᠪᠠᠨ ᠬᠦᠳᠦᠯᠵᠦ | ᠶᠠᠪᠤᠳᠠᠭ᠃ ᠬᠦᠮᠦᠨ ᠤ ᠶᠠᠭᠤᠮ᠎ᠠ ᠶᠢ ᠤᠯᠵᠦ ᠠᠪᠤᠠᠭᠤᠨ ᠬᠤᠪᠢᠨ ᠳᠤ ᠪᠠᠨ ᠠᠪᠳᠠᠭ ᠦᠭᠡᠢ᠂ ᠡᠵᠡᠨ ᠳᠤ ᠨᠢ | ᠣᠯᠵᠦ ᠦᠭᠬᠦ ᠭᠡᠵᠦ ᠰᠠᠠᠳᠤᠷᠠᠳᠠᠭ ᠰᠠᠶᠢᠨ ᠰᠠᠨᠠᠭ᠎ᠠ ᠲᠠᠢ ᠬᠡᠤᠭᠡᠳ᠃ ᠲᠤᠮᠤ ᠪᠤᠯᠤᠭᠠᠳ ᠡᠮᠴᠢ ᠪᠣᠯᠵᠦ᠂ ᠡᠵᠢ ᠶᠢᠨ | ᠢᠶᠠᠨ ᠨᠢᠳᠦ ᠶᠢ ᠵᠠᠰᠠᠨ᠎ᠠ ᠬᠡᠳᠡᠭ ᠪᠣᠯ ᠬᠦᠤ ᠶᠢᠨ ᠬᠢᠨᠢ ᠪᠠᠭ᠎ᠠ ᠠᠴᠠ ᠪᠠᠨ ᠪᠠᠷᠢᠮᠳᠠᠯᠠᠵᠤ ᠢᠷᠡᠭᠰᠡᠨ ᠬᠦᠰᠠᠯ᠃ | ᠭᠡᠪᠠᠴᠤ ᠶᠡᠭᠡ ᠰᠤᠷᠭᠠᠭᠤᠯᠢ ᠳᠤ ᠰᠢᠯᠭᠠᠭᠤᠯᠬᠤ ᠳᠤ ᠦᠪᠡᠷ ᠤᠨ ᠬᠦᠰᠠᠵᠤ ᠰᠠᠨᠠᠭᠰᠠᠨ ᠡᠮᠴᠢ ᠶᠢᠨ ᠰᠤᠷᠭᠠᠭᠤᠯᠢ ᠳᠤ | ᠪᠠᠨ ᠤᠷᠤᠵᠤ ᠲᠡᠶᠢᠯᠦᠭᠰᠡᠨ ᠦᠭᠡᠢ᠂ ᠡᠭᠦᠨ ᠳᠤ ᠪᠠᠨ ᠲᠤᠩ ᠭᠤᠳᠤᠷᠠᠵᠤ ᠵᠣᠪᠠᠭᠠᠳ᠂ ᠲᠠᠷᠠᠭ᠎ᠠ ᠵᠢᠯ ᠳᠤ ᠨᠢ | ᠲᠠᠬᠢᠨ ᠰᠢᠯᠭᠠᠭᠤᠯᠵᠣ ᠵᠠᠪᠠᠯ ᠡᠮᠴᠢ ᠶᠢᠨ ᠰᠤᠷᠭᠠᠭᠤᠯᠢ ᠳᠤ ᠶᠠᠪᠤᠬᠤ ᠭᠡᠬᠦᠯᠡᠷ ᠨᠢ ᠡᠵᠢ ᠠᠪᠤ ᠨᠢ ᠠᠷᠭᠠᠳᠠᠭᠰᠠᠭᠠᠷ | ᠪᠠᠶᠢᠵᠤ ᠲᠡᠷᠨ ᠵᠢᠯ ᠳᠤ ᠨᠢ ᠺᠤᠮᠫᠢᠦ᠋ᠲ᠋ᠧᠷ ᠤᠨ ᠮᠡᠷᠬᠡᠵᠢᠯ ᠢᠶᠠᠷ ᠶᠠᠪᠤᠭᠤᠯᠤᠯ᠎ᠠ᠃ | | | | ᠬᠦᠷᠠᠯᠵᠠᠭᠠᠨ ᠠᠵᠢᠯ ᠳᠤ ᠰᠠᠶᠢᠨ᠂ ᠦᠵᠡᠯ ᠰᠠᠨᠠᠭ᠎ᠠ ᠲᠠᠪᠰᠢᠩᠭᠤᠢ ᠪᠣᠯᠬᠤᠷ ᠬᠡᠳᠤᠨ ᠵᠢᠯ ᠤᠨ ᠡᠮᠦᠨ᠎ᠡ | ᠨᠢᠭᠡᠨᠳᠠ ᠡᠪ ᠬᠠᠮᠳᠤ ᠨᠠᠮ ᠤᠨ ᠭᠡᠰᠢᠭᠦᠨ ᠢᠶᠠᠷ ᠡᠯᠰᠡᠭᠳᠡᠵᠦ᠂ ᠡᠯ᠎ᠡ ᠲᠠᠯ᠎ᠠ ᠳᠤ ᠤᠯᠠᠮ ᠴᠢᠷᠮᠠᠶᠢᠬᠤ ᠪᠣᠯᠤᠭᠰᠠᠨ ᠶᠤᠮ | ᠃ ᠭᠠᠴᠠᠭᠠᠨ ᠠᠴᠠ ᠨᠢ ᠬᠦᠴᠢᠷᠳᠡᠢ ᠨᠠᠮ ᠤᠨ ᠬᠡᠰᠢᠭᠦᠨ ᠰᠤᠩᠭᠤᠬᠤ ᠳᠤ ᠴᠦ ᠴᠢᠷᠮᠠᠶᠢᠯᠭ᠎ᠠ ᠲᠠᠢ ᠬᠦᠮᠦᠨ ᠢ | ᠲᠡᠮᠵᠢᠨ᠎ᠠ ᠭᠡᠵᠦ ᠲᠡᠬᠦᠨ ᠢ ᠰᠤᠩᠭᠤᠪᠠ᠃ ᠡᠨᠡ ᠵᠢᠯ ᠳᠤ ᠪᠠᠰᠠ ᠶᠠᠳᠠᠭᠤ ᠬᠦᠴᠢᠷᠳᠠᠢ ᠡᠷᠦᠬᠡ ᠳᠤ ᠤᠷᠤᠭᠤᠯᠵᠤ᠂ | ᠬᠤᠰᠢᠭᠤᠨ ᠠᠵᠢᠯ ᠤᠯᠭᠤᠯᠳᠠ ᠶᠢᠨ ᠲᠤᠪᠴᠢᠶᠡᠨ ᠤ ᠨᠡᠶᠢᠳᠠ ᠶᠢᠨ ᠠᠰᠠᠷᠠᠮᠵᠢ ᠶᠢᠨ ᠪᠠᠶᠢᠷᠢ ᠳᠤ ᠲᠡᠳᠠᠨ ᠤ ᠬᠢᠨ ᠢ | ᠲᠤᠬᠢᠷᠠᠭᠤᠯᠵᠦ ᠦᠭᠬᠦᠯ᠎ᠡ᠃ ᠬᠦᠷᠠᠯᠵᠠᠭᠠᠨ ᠡᠨᠡ ᠪᠦᠬᠦᠨ ᠳᠤ ᠰᠡᠳᠬᠢᠯ ᠬᠦᠳᠡᠯᠵᠦ᠂ ︽ᠦᠨᠡᠡᠳᠡᠭᠡᠨ ᠪᠢᠳᠠ | ᠬᠦᠮᠦᠨ ᠤ ᠲᠥᠯᠦᠭᠡ ᠠᠮᠢᠳᠤᠷᠠᠵᠤ ᠪᠠᠶᠢᠬᠤ ᠪᠢᠰᠢ᠃ ᠨᠠᠮ ᠵᠠᠰᠠᠭ ᠲᠤ ᠭᠠᠪᠢᠶ᠎ᠡ ᠲᠠᠢ ᠴᠦ ᠪᠢᠰᠢ᠂ ᠪᠢ ᠨᠢᠭᠡ ᠨᠠᠮ | ᠤᠨ ᠭᠡᠰᠢᠭᠦᠨ ᠪᠤᠯᠤᠭᠰᠠᠨ ᠤ ᠬᠤᠪᠢ ᠳᠤ ᠨᠡᠶᠢᠭᠡᠮ ᠳᠤ ᠲᠠᠷᠤᠭᠠᠰᠤ ᠪᠤᠯᠤᠶ᠎ᠡ ᠭᠡᠵᠦ ᠪᠤᠳᠤᠬᠤ ᠦᠭᠡᠢ᠃ ᠬᠤᠷᠢᠨ | ᠵᠢᠯ ᠤᠨ ᠲᠤᠷᠰᠢ ᠪᠢ ᠨᠢᠭᠡ ᠤᠳᠠᠭ᠎ᠠ ᠴᠦ ᠵᠣᠷᠢᠭ ᠮᠣᠬᠤᠷᠠᠭᠰᠠᠨ ᠦᠭᠡᠢ ᠴᠢᠷᠮᠠᠶᠢᠵᠤ ᠢᠷᠡᠭᠰᠡᠨ ᠢ ᠨᠠᠮ ᠵᠠᠰᠠᠭ | ᠤᠯᠵᠣ ᠦᠵᠡᠵᠦ ᠪᠠᠶᠢᠭ᠎ᠠ ᠳᠤ ᠪᠠᠶᠠᠷᠯᠠᠳᠠᠭ︾ ᠭᠡᠵᠦ ᠠᠮᠢᠳᠤᠷᠠᠯ ᠤᠨ ᠠᠵᠠ ᠦᠬᠡᠶᠢᠳᠠᠯ᠂ ᠭᠠᠴᠢᠭᠳᠠᠯ᠂ | ᠡᠪᠠᠳᠴᠢᠨ᠂ ᠶᠠᠳᠠᠭᠤᠷᠠᠯ ᠤᠨ ᠡᠮᠦᠨ᠎ᠡ ᠨᠢᠯᠪᠤᠰᠤ ᠤᠨᠠᠭᠠᠭ᠎ᠠ ᠦᠭᠡᠢ ᠰᠢᠠᠳᠠᠰᠤᠳᠤ ᠡᠷ᠎ᠠ ᠦᠪᠡᠷ ᠤᠨ ᠬᠢᠨᠢ | ᠴᠢᠷᠮᠠᠶᠢᠵᠤ ᠲᠡᠮᠡᠴᠡᠵᠦ ᠢᠷᠡᠭᠰᠡᠨ ᠢ ᠨᠢ ᠪᠣᠰᠤᠳ ᠠᠴᠠ ᠮᠡᠳᠡᠷᠡᠵᠤ ᠦᠢᠯᠠᠭᠠᠬᠤ ᠳᠤ ᠦᠪᠡᠷ ᠤᠨ ᠡᠷᠬᠡ ᠦᠭᠡᠢ | ᠨᠢᠯᠪᠤᠰᠤ ᠤᠨᠠᠭᠠᠵᠤ ᠪᠠᠶᠢᠯ᠎ᠠ᠃ ᠡᠷᠳᠠᠨᠢᠬᠦᠤ ᠬᠤᠷᠢᠭᠠᠳ ᠨᠠᠰᠤᠨ ᠳᠤ ᠪᠠᠨ ᠬᠤᠶᠡᠷ ᠨᠢᠳᠦ ᠪᠠᠨ ᠠᠯᠳᠠᠵᠤ ᠬᠤᠷᠸ᠎ᠠ | ᠶᠢᠨ ᠶᠠᠭᠤ ᠪᠦᠬᠦᠨ ᠢ ᠬᠠᠷᠠᠩᠭᠤᠢ ᠦᠩᠭᠡᠷᠡᠬᠡᠬᠦ ᠮᠠᠭᠤᠬᠠᠨ ᠲᠠᠪᠢᠯᠠᠩ ᠲᠠᠢ ᠪᠠᠶᠢᠭᠰᠠᠨ ᠴᠦ ᠵᠣᠯ ᠪᠤᠰᠤ ᠶᠢᠨ ᠲᠤᠮᠳᠡ | ᠵᠣᠯ ᠲᠠᠢ ᠪᠠᠶᠢᠭᠰᠠᠨ ᠨᠢ ᠬᠦᠷᠠᠯᠵᠠᠭᠠᠨ ᠤ ᠪᠦᠰᠡᠬᠦᠢ ᠪᠤᠯᠤᠭᠰᠠᠨ ᠶᠠᠪᠤᠳᠠᠯ ᠪᠤᠯᠤᠨ᠎ᠠ᠃ ᠭᠠᠯ ᠵᠠᠯᠠᠭᠤ ᠬᠤᠷᠢᠨ | ᠨᠠᠰᠤᠨ ᠤ ᠦᠩᠬᠡ ᠳᠦᠷᠬᠦ ᠪᠠᠷ ᠡᠷᠳᠠᠨᠢᠬᠦᠤ ᠶᠢᠨ ᠰᠡᠳᠬᠢᠯ ᠵᠢᠷᠦᠬᠡᠨ ᠳᠤ ᠨᠢ ᠦᠨᠢᠳᠡ ᠦᠯᠡᠳᠡᠭᠰᠡᠨ ᠬᠦᠷᠠᠯᠵᠠᠭᠠᠨ | ᠂ ᠪᠦᠰᠡᠬᠦᠢ ᠶᠢᠨ ᠢᠶᠠᠨ ᠬᠠᠷᠠᠩᠭᠤᠢ ᠶᠢᠷᠲᠢᠨᠴᠦ ᠶᠢ ᠨᠢ ᠬᠡᠷᠡᠯᠳᠤᠬᠦᠯᠦᠭᠴᠢ ᠰᠡᠳᠬᠢᠯ ᠤᠨ ᠵᠣᠯᠨ᠂ ᠬᠤᠯᠨ ᠳᠤ | ᠬᠦᠲᠦᠯᠬᠦ ᠭᠡᠭᠡᠨ ᠮᠠᠯᠠᠮᠠᠢ ᠨᠢ ᠪᠤᠯᠤᠭᠰᠠᠨ ᠪᠠᠶᠢᠨ᠎ᠠ᠃ ᠨᠢᠭᠡᠨ ᠭᠡᠷ ᠪᠦᠯᠢ ᠳᠤ ᠬᠠᠶᠢᠷ᠎ᠠ ᠲᠤᠳᠠᠭᠳᠠᠵᠤ ᠪᠣᠯᠬᠤ ᠦᠭᠡᠢ | ᠂ ᠭᠡᠬᠦ ᠳᠤ ᠬᠠᠶᠢᠷ᠎ᠠ ᠠᠴᠠ ᠨᠡᠩ ᠴᠢᠬᠤᠯᠠ ᠬᠠᠷᠢᠭᠤᠴᠠᠯᠭ᠎ᠠ ᠭᠡᠵᠦ ᠪᠠᠶᠢᠳᠠᠭ ᠢ ᠬᠦᠮᠦᠨ ᠪᠦᠬᠦᠨ ᠦᠢᠯᠠᠭᠠᠳᠠᠭ ᠦᠭᠡᠢ | ᠠᠵᠢ᠃ | ᠬᠦᠮᠦᠨ ᠤ ᠰᠡᠳᠬᠢᠯᠭᠡ ᠨᠢᠮᠭᠡᠷᠡᠵᠤ᠂ ᠢᠳᠡᠬᠡᠯ ᠵᠢᠷᠦᠮ ᠪᠠᠷᠠᠭᠳᠠᠵᠤ ᠪᠠᠶᠢᠭ᠎ᠠ ᠦᠨᠦᠳᠦᠷ᠂ ᠮᠣᠩᠭᠤᠯ ᠡᠷ᠎ᠠ | ᠬᠦᠮᠦᠨ ᠤ ᠮᠦᠰᠤ ᠴᠢᠨᠡᠷ᠂ ᠰᠡᠳᠬᠢᠯ ᠤᠨ ᠲᠡᠩᠭᠡᠭᠡ ᠶᠢ ᠭᠠᠶᠢᠬᠠᠭᠤᠯᠤᠭᠰᠠᠨ ᠬᠦᠷᠠᠯᠵᠠᠭᠠᠨ ᠭᠡᠷ ᠪᠦᠯᠢ ᠳᠤ ᠪᠠᠨ | ᠡᠭᠦᠷᠭᠡ ᠬᠠᠷᠢᠭᠤᠴᠠᠯᠭ᠎ᠠ ᠪᠠᠨ ᠬᠦᠢᠴᠠᠳᠬᠡᠵᠤ ᠨᠤᠲᠤᠭ ᠤᠰᠤᠨ ᠤ ᠪᠠᠨ ᠮᠠᠭᠳᠠᠭᠠᠯ ᠪᠢᠰᠢᠷᠠᠯ ᠢ ᠬᠦᠷᠳᠡᠯ᠎ᠡ᠃ | ᠲᠡᠬᠦᠨ ᠤ ᠴᠢᠷᠮᠠᠶᠢᠯᠭ᠎ᠠ ᠨᠢ ᠵᠦᠪᠬᠡᠨ ᠨᠢᠭᠡᠨ ᠭᠡᠷ ᠪᠦᠯᠢ ᠳᠤ ᠪᠠᠨ ᠯᠠ ᠭᠠᠷᠭᠠᠭᠰᠠᠨ ᠵᠢᠳᠬᠦᠯ ᠲᠡᠳᠤᠢ ᠪᠢᠰᠢ ᠬᠠᠷᠢᠨ | ᠨᠡᠶᠢᠭᠡᠮ ᠳᠤ ᠦᠵᠡᠭᠦᠯᠦᠭᠰᠡᠨ ᠬᠠᠶᠢᠷ᠎ᠠ ᠬᠠᠷᠢᠭᠤᠴᠠᠯᠭ᠎ᠠ ᠪᠤᠯᠤᠨ᠎ᠠ᠃ ᠶᠤᠰᠤ ᠰᠤᠷᠳᠠᠬᠤᠨ ᠲᠠᠢ᠂ ᠡᠶ᠎ᠡ ᠵᠤᠬᠢᠴᠠᠯ | ᠲᠠᠢ ᠪᠣᠯᠪᠠᠰᠤᠨ ᠰᠠᠶᠢᠨ ᠰᠠᠶᠢᠬᠠᠨ ᠨᠡᠶᠢᠭᠡᠮ ᠢ ᠪᠠᠶᠢᠭᠤᠯᠬᠤ ᠳᠤ ᠬᠦᠮᠦᠨ ᠪᠦᠬᠦᠨ ᠬᠠᠷᠢᠭᠤᠴᠠᠯᠭ᠎ᠠ ᠲᠠᠢ᠂ | ᠬᠦᠷᠠᠯᠵᠠᠭᠠᠨ ᠨᠡᠶᠢᠭᠡᠮ ᠳᠤ ᠬᠠᠷᠢᠭᠤᠴᠠᠯᠭ᠎ᠠ ᠪᠠᠨ ᠭᠦᠢᠴᠡᠳᠬᠡᠵᠤ᠂ ᠬᠠᠶᠢᠷ᠎ᠠ ᠬᠠᠨᠳᠢᠪ ᠢᠶᠠᠨ ᠡᠷᠭᠦᠭᠰᠡᠭᠡᠷ ᠁ | | ᠵᠤᠬᠢᠶᠠᠭᠴᠢ᠄ ᠴ᠊᠂ ᠰᠠᠷᠠᠭᠤᠯ | ᠨᠠᠶᠢᠷᠠᠭᠤᠯᠣᠭᠴᠢ᠄ ᠡ᠊ · ᠰᠠᠷᠠᠭᠤᠯ | |