ᠠᠮᠣᠭᠤᠯᠠᠩ ᠰᠠᠶᠢᠬᠠᠨ ᠴᠠᠭᠠᠯᠠᠵᠣ ᠪᠠᠶᠢᠡᠨᠣ︖
ᠨᠡᠶᠢᠲᠡᠯᠡᠭᠰᠡᠨ ᠴᠠᠭ᠄
2020/12/13
                          ᠭᠡᠷᠡᠶᠢᠣᠨ  ᠭᠧᠯᠢᠭᠰᠡᠩᠪᠦᠦ        ᠵᠠ︕ ᠴᠠᠭ ᠡᠷᠡᠨ ᠤ ᠬᠦᠭᠵᠢᠯᠳᠡ ᠲᠠᠪᠰᠢᠯᠳᠡ ᠳᠤ        ᠴᠢᠷᠮᠡᠶᠢᠨ ᠰᠣᠷᠣᠯᠴᠡᠵᠣ ᠦᠭᠡᠳᠡᠯᠡᠵᠣ ᠶᠡᠪᠣᠶ᠎ᠡ        ᠴᠢᠳᠠᠯ ᠣᠬᠠᠭᠠᠨ ᠡᠷᠴᠢ ᠪᠠᠨ ᠬᠦᠪᠴᠢᠯᠡᠵᠣ        ᠴᠠᠭᠠᠷᠡᠵᠣ ᠮᠡᠷᠭᠡᠰᠢᠵᠣ ᠠᠵᠢᠯᠯᠠᠵᠣ ᠶᠠᠪᠣᠶ᠎ᠡ        ᠡᠬᠡ ᠣᠷᠣᠨ ᠤ ᠪᠠᠨ ᠬᠦᠭᠵᠢᠯᠳᠡ ᠲᠠᠪᠰᠢᠯᠳᠡ ᠳᠤ        ᠡᠷᠳᠡᠮ ᠣᠬᠠᠭᠠᠨ ᠢᠶᠠᠨ ᠵᠣᠷᠢᠭᠤᠯᠵᠣ ᠶᠠᠪᠣᠶ᠎ᠡ        ᠡᠭᠡᠯ ᠪᠣᠷᠣᠬᠠᠨ ᠠᠮᠢᠳᠣᠷᠡᠯ ᠠᠳᠡᠯ ᠳᠠᠭᠠᠨ        ᠡᠷᠬᠢᠮ ᠰᠣᠷᠳᠡᠯ ᠢ ᠲᠡᠭᠡᠵᠢᠯᠡᠵᠣ ᠶᠡᠪᠣᠶ᠎ᠡ        ᠡᠪᠦᠭᠡ ᠲᠡᠭᠡᠳᠣᠰ ᠠᠴᠠ ᠦᠮᠴᠢᠯᠡᠵᠣ ᠢᠷᠡᠭᠰᠡᠨ        ᠥᠪ ᠰᠣᠶᠣᠯ ᠢᠶᠠᠨ ᠣᠯᠠᠮᠵᠢᠯᠠᠵᠣ ᠶᠠᠪᠣᠶ᠎ᠡ        ᠦᠨᠢᠷ ᠰᠦᠷᠣᠭ᠌ ᠢᠶᠠᠨ ᠦᠰᠭᠡᠨ ᠦᠷᠡᠵᠢᠭᠦᠯᠣᠭᠡᠣᠨ        ᠦᠵᠡᠮᠵᠢᠳᠣ ᠨᠣᠳᠤᠭ ᠢᠶᠠᠨ ᠬᠠᠶᠢᠷᠡᠯᠡᠵᠣ ᠶᠠᠪᠣᠶ᠎ᠡ              ᠨᠡᠷᠡᠨ ᠤ ᠭᠡᠷᠡᠯ ᠥᠪᠴᠢ ᠲᠡᠯᠡᠭᠡᠢ ᠶᠢ ᠭᠡᠶᠢᠭᠦᠯᠣᠨ᠎ᠡ        ᠨᠠᠮ ᠤᠨ ᠠᠴᠢ ᠪᠠᠷ ᠠᠷᠡᠣᠨ ᠢᠷᠭᠡᠣᠨ ᠴᠢᠨᠡᠭᠡᠯᠢᠭᠵᠢᠨ᠎ᠡ        ᠨᠠᠮᠢᠷᠠᠭ᠎ᠠ ᠬᠤᠷ᠎ᠡ ᠬᠦᠷᠣᠰᠣ ᠰᠢᠷᠣᠢ ᠶᠢ ᠰᠢᠮᠡᠵᠢᠭᠦᠯᠣᠨ᠎ᠡ        ᠨᠠᠡᠳᠢᠨ ᠰᠡᠣᠡᠬᠢᠯ ᠬᠦᠮᠣᠨ ᠬᠦᠮᠣᠨ ᠢᠶᠠᠨ ᠲᠣᠯᠠᠭᠠᠴᠠᠭᠤᠯᠣᠨ᠎ᠠ        ᠨᠠᠭᠠᠰᠢᠯᠠᠬᠤ ᠬᠠᠪᠣᠷ ᠢᠶᠠᠷ ᠡᠪᠡᠰᠣ ᠣᠷᠭᠤᠮᠠᠯ ᠨᠠᠬᠢᠶᠠᠯᠠᠨ᠎ᠠ        ᠨᠠᠭᠤᠷ ᠭᠤᠤᠯ ᠣᠶᠡᠷᠡᠨ ᠬᠠᠶᠢᠯᠡᠨ ᠮᠠᠯᠮᠡᠯᠵᠡᠨ᠎ᠡ        ᠨᠡᠭᠦᠳᠡᠯ ᠤᠨ ᠰᠢᠪᠡᠭᠤᠣᠨ ᠲᠦᠷᠣᠭ᠍ᠰᠡᠨ ᠨᠣᠳᠤᠭ ᠢᠶᠠᠨ ᠵᠣᠷᠢᠨ᠎ᠡ        ᠨᠠᠯᠠᠭᠠᠷ ᠣᠨ ᠢᠶᠠᠨ ᠲᠥᠯ ᠤᠨ ᠲᠠᠭᠤᠨ ᠢᠶᠠᠷ ᠣᠡᠡᠳᠣᠨ᠎ᠠ        ᠵᠠ︕ ᠲᠠᠪᠣᠨ ᠬᠤᠰᠢᠭᠤᠳᠣ ᠲᠠᠯ᠎ᠠ ᠲᠦᠭᠦᠷᠡᠩ        ᠲᠠᠪᠣᠨ ᠲᠠᠷᠢᠶ᠎ᠡ ᠬᠤᠷᠢᠶᠡᠯᠳᠡ ᠲᠦᠭᠦᠷᠠᠩ        ᠲᠦᠮᠡᠨ ᠠᠷᠡᠣᠨ ᠪᠣᠶᠠᠨ ᠲᠦᠭᠦᠷᠠᠩ        ᠲᠠᠩᠰᠤᠭ ᠠᠮᠢᠳᠣᠷᠡᠯ ᠵᠢᠷᠭᠠᠯ ᠢᠶᠠᠷ ᠲᠦᠭᠦᠷᠠᠩ ᠪᠣᠯᠳᠣᠭᠠᠢ︕        ᠬᠤᠷᠮᠣᠰᠳᠡ ᠲᠡᠭᠷᠢ ᠣᠳᠣ ᠪᠠᠷ ᠲᠦᠭᠦᠷᠠᠩ        ᠬᠤᠷᠸ᠎ᠠ ᠲᠡᠯᠡᠭᠡᠢ ᠣᠷᠭᠤᠮᠡᠯ ᠢᠶᠠᠷ ᠲᠦᠭᠦᠷᠠᠩ        ᠬᠤᠨᠢ ᠮᠠᠯ ᠬᠤᠷᠤᠭ᠎ᠠ ᠲᠦᠭᠦᠷᠠᠩ        ᠬᠤᠷᠣᠣᠨ ᠰᠠᠭᠠᠯᠢ ᠬᠤᠷᠭᠤ ᠲᠦᠭᠦᠷᠠᠩ ᠪᠣᠯᠳᠣᠭᠠᠢ︕        ᠠᠭᠠᠷ ᠲᠡᠭᠷᠢ ᠳᠤ ᠨᠠᠷᠡᠨ ᠰᠡᠷᠡᠨ ᠲᠡᠷᠭᠡᠯᠰᠢᠨ᠎ᠡ        ᠠᠭᠤᠣ ᠣᠯᠣᠰ ᠲᠤ ᠵᠡᠭᠦᠳᠣ ᠮᠦᠷᠣᠭᠡᠳᠣᠯ ᠲᠡᠷᠭᠡᠯᠰᠢᠨ᠎ᠡ        ᠠᠷᠡᠣᠨ ᠲᠦᠮᠡᠨ ᠤ ᠬᠦᠰᠡᠯ ᠡᠷᠡᠮᠡᠯᠵᠠᠯ ᠲᠡᠷᠭᠡᠯᠰᠢᠨ᠎ᠡ        ᠠᠳᠡᠯ ᠠᠮᠢᠳᠣᠷᠡᠯ ᠪᠣᠳᠣᠡᠡᠰᠡᠨ ᠰᠠᠨ᠋ᠬᠠᠰᠡᠨ ᠢᠶᠠᠷ ᠲᠡᠷᠭᠡᠯᠰᠢᠨ᠎ᠡ        ︽ᠮᠣᠩᠭᠤᠯ ᠮᠣᠷᠢᠨ ᠤ ᠵᠣᠷᠢᠭ ᠰᠠᠨᠠᠭ᠎ᠠ︾ ᠪᠠᠷ        ᠮᠠᠯᠵᠢᠬᠤ ᠣᠷᠣᠨ ᠢᠶᠠᠨ ᠪᠦᠳᠣᠭᠡᠨ ᠪᠠᠶᠢᠭᠤᠯᠣᠶ᠎ᠡ        ᠮᠦᠡᠭᠬᠦᠨ ᠵᠢᠯᠣᠭᠤᠨ ᠳᠤ ᠬᠦᠰᠡᠯ ᠣᠷᠭᠤᠭᠤᠯᠵᠣ        ᠮᠠᠡᠳᠣᠬᠤ ᠨᠠᠷᠡᠨ ᠵᠦᠭ ᠲᠡᠮᠡᠣᠯᠠᠨ ᠲᠡᠮᠡᠣᠯᠠᠨ ᠣᠷᠣᠡᠡᠰᠢᠯᠠᠶ᠎ᠠ        ᠵᠠ︕ ᠡᠷᠣᠬᠡ ᠭᠡᠷ ᠲᠤ ᠥᠯᠵᠡᠢ ᠬᠤᠳᠤᠭ ᠣᠷᠣᠰᠢᠬᠤ ᠪᠣᠯᠳᠣᠭᠠᠢ        ᠡᠷᠡᠭᠦᠯ ᠪᠡᠶ᠎ᠡ ᠳᠤ ᠨᠠᠰᠣᠨ ᠤ ᠬᠤᠳᠤᠭ ᠣᠷᠣᠰᠢᠬᠤ ᠪᠣᠯᠳᠣᠭᠠᠢ        ᠡᠳ᠋ ᠬᠦᠷᠣᠩᠭᠡ ᠳᠤ ᠬᠡᠰᠢᠭ ᠤᠨ ᠬᠤᠳᠤᠭ ᠤᠷᠤᠰᠢᠬᠤ ᠪᠣᠯᠳᠣᠭᠠᠢ        ᠡᠬᠡ ᠣᠷᠣᠨ ᠳᠤ ᠡᠩᠭᠡ ᠶᠢᠨ ᠬᠤᠳᠤᠭ ᠤᠷᠤᠰᠢᠬᠤ ᠪᠤᠯᠳᠣᠭᠠᠢ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号