ᠡᠬᠡ ᠪᠠᠶᠢᠭᠠᠯᠢ ᠶᠢᠨ ᠭᠠᠶᠢᠬᠠᠮᠰᠢᠭ ︵ᠠᠷᠪᠠ︶
ᠨᠡᠶᠢᠲᠡᠯᠡᠭᠰᠡᠨ ᠴᠠᠭ᠄
2020/12/13
                 — ᠬᠤᠨᠠᠨ᠂ ᠭᠦᠢᠯᠢᠨ ᠢᠶᠠᠷ ᠬᠤᠷᠤᠮ ᠵᠤᠭᠠᠴᠠᠭᠠᠳ                                                 ᠨᠠ᠊ · ᠵᠢᠷᠭᠠᠯ         ᠮᠦᠩᠭᠦᠨ ᠬᠠᠳᠠᠭ      ᠨᠢᠰᠬᠦ ᠤᠩᠭᠤᠴᠠ ᠠᠯᠤᠰ ᠢ ᠴᠢᠭᠯᠡᠨ ᠱᠣᠤᠭᠢᠨ ᠲᠠᠪᠬᠢᠬᠤ ᠳᠤ      ᠨᠢᠳᠤᠨ ᠤ ᠪᠠᠷ᠎ᠠ ᠴᠠᠭᠠᠨ ᠡᠭᠦᠯᠡ ᠬᠦᠪᠪᠦᠯᠵᠡᠨ ᠤᠯᠠᠷᠢᠨ᠎ᠠ      ᠨᠠᠮᠤᠷ ᠴᠠᠭ ᠤᠨ ᠲᠠᠭᠤᠤ ᠶᠢ ᠭᠢᠩᠰᠢᠨ ᠨᠤᠮ ᠤᠷᠪᠠᠭᠤᠯᠬᠤ ᠳᠤ      ᠨᠠᠮᠤᠭ ᠲᠠᠷᠢᠶ᠎ᠠ ᠰᠢᠭ᠋ ᠲᠠᠪᠠᠷᠠᠭ᠎ᠠ ᠲᠠᠳᠠᠨ ᠨᠡᠯᠦᠶᠢᠨ᠎ᠡ      ᠡᠭᠦᠯᠡ ᠠᠶᠠᠷᠯᠠᠨ ᠨᠠᠷᠠᠨ ᠤ ᠭᠡᠷᠡᠯ ᠲᠤᠯᠠᠶᠢᠬᠤ ᠳᠤ      ᠡᠬᠡ ᠭᠠᠵᠠᠷ ᠪᠦᠷᠦᠭ ᠪᠠᠷᠤᠭ ᠰᠦᠮᠡᠯᠵᠡᠨ᠎ᠡ      ᠮᠤᠷᠤᠯᠵᠠᠨ ᠤᠷᠤᠰᠬᠤ ᠭᠤᠷᠤᠬ᠎ᠠ ᠶᠢᠨ ᠦᠵᠡᠮᠵᠢ ᠶᠢ ᠰᠢᠷᠳᠡᠬᠦ ᠳᠤ      ᠡᠭᠡᠭᠡ ᠠᠳᠠᠯᠢᠬᠠᠨ ᠮᠦᠩᠭᠦᠨ ᠬᠠᠳᠠᠭ ᠨᠠᠮᠢᠯᠵᠠᠨ᠎ᠠ           ᠪᠡᠭᠡᠵᠢᠩ ᠳᠤ      ᠠᠭᠠᠷ ᠤᠨ ᠵᠠᠮ ᠢᠶᠠᠷ ᠲᠦᠷᠪᠡᠨ ᠴᠠᠭ ᠲᠠᠪᠬᠢᠭᠤᠯᠵᠤ      ᠠᠷᠠᠳ ᠤᠨ ᠨᠡᠶᠢᠰᠯᠡᠯ ᠳᠤ ᠪᠠᠨ ᠲᠦᠭᠦᠭᠡᠳ ᠢᠷᠡᠯ᠎ᠡ      ᠠᠭᠠᠳᠠᠷ ᠪᠣᠷᠣᠭᠠᠨ ᠰᠠᠶ᠋ᠢᠬᠠᠨ ᠴᠢᠳᠬᠤᠯᠠᠨ ᠦᠩᠭᠡᠷᠡᠭᠰᠡᠨ ᠴᠦ      ᠠᠭᠤᠳᠠᠮ ᠲᠠᠯᠠᠪᠠᠢ ᠳᠤ ᠬᠦᠮᠦᠨ ᠤ ᠲᠠᠯᠠᠢ ᠲᠠᠪᠠᠯᠭᠠᠯᠠᠨ᠎ᠠ      ᠠᠷᠪᠠᠨ ᠰᠠᠷ᠎ᠠ ᠶᠢᠨ ᠤᠯᠤᠰ ᠤᠨ ᠪᠠᠶᠠᠷ ᠤᠨ ᠡᠳᠦᠷ ᠢᠶᠠᠨ      ᠠᠭᠤᠤ ᠨᠡᠶᠢᠰᠯᠡᠯ ᠲᠦᠮᠡᠨ ᠦᠵᠡᠮᠵᠢ ᠪᠠᠷ ᠤᠭᠳᠤᠨ᠎ᠠ      ᠠᠵᠠ ᠬᠠᠷᠭᠤᠭᠰᠠᠨ ᠲᠤᠭᠳᠤᠯᠤᠭᠰᠠᠨ ᠰᠡᠳᠬᠢᠯ ᠢ ᠲᠠᠷᠤᠨ ᠶᠠᠳᠠᠵᠤ      ᠠᠰᠠᠷ ᠳᠠᠭᠲᠤ ᠠᠴᠠ ᠭᠦᠷᠦᠨ ᠤ ᠰᠠᠶᠢᠬᠠᠨ ᠢ ᠰᠤᠨᠢᠷᠬᠠᠯ᠎ᠠ᠃
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号