ᠣᠶᠠᠩᠭ᠎ᠠ ᠶᠢᠨ ᠠᠷᠭᠠᠳᠡᠯ ᠲᠠᠢ ᠡᠬᠡᠴᠢ ᠶᠢᠨ ᠮᠢᠨᠢ ᠵᠣᠨ | ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ | 8.1 ᠳ᠋ᠦ᠋ᠭᠡᠷ ᠠᠩᠭᠢ ᠶᠢᠨ ᠮᠦᠩᠭᠦᠨᠵᠤᠯᠠ | | ᠳᠦᠷᠪᠡᠨ ᠣᠯᠠᠷᠢᠯ ᠠᠴᠠ ᠪᠢ ᠵᠣᠨ ᠳᠤ ᠬᠠᠮᠤᠭ ᠳᠣᠷᠠᠳᠡᠢ᠃ ᠬᠡᠬᠦ ᠳᠤ ᠪᠠᠨ ᠳᠡᠭᠦᠨ ᠤ ᠴᠡᠯ ᠨᠤᠭᠤᠭᠠᠨ | ᠦᠵᠡᠮᠵᠢ ᠪᠣᠶᠤ ᠮᠢᠷᠡᠯᠵᠠᠭᠰᠠᠨ ᠭᠠᠨᠭ᠍ᠭᠠᠡᠭ ᠴᠡᠴᠡᠭ ᠲᠤ ᠨᠢ ᠪᠤᠰᠤ᠂ ᠬᠠᠷᠢᠨ ᠡᠬᠡᠴᠢ ᠶᠢᠨ ᠢᠶᠠᠨ ᠠᠯᠳᠡᠨ | ᠭᠤᠷᠭᠤᠣᠯᠳᠡᠢ ᠶᠢ ᠢᠴᠢᠬᠡᠮᠠ ᠲᠤᠷᠭᠠᠨ ᠬᠤᠭᠤᠯᠠᠢ ᠠᠴᠠ ᠲᠦᠷᠢᠭᠲᠡᠬᠦ ᠣᠶᠠᠩᠭ᠎ᠠ ᠶᠢᠨ ᠡᠬᠡᠰᠢᠭ ᠲᠠᠢ ᠵᠤᠨ ᠤ | ᠰᠠᠶᠢᠬᠠᠨ ᠦᠳᠡᠰᠢ ᠳᠤ ᠤᠬᠠᠭᠠᠨ ᠦᠬᠡᠢ ᠳᠣᠷᠠᠳᠡᠢ ᠠᠴᠠ ᠵᠣᠨ ᠤ ᠠᠮᠠᠷᠠᠯᠳᠡ ᠳᠠᠯᠪᠢᠬᠤ ᠶᠢ ᠲᠡᠰᠴᠤ ᠶᠠᠲᠠᠨ | ᠬᠦᠯᠢᠶᠡᠲᠡᠭ᠃ | ᠵᠣᠨ ᠤ ᠠᠮᠠᠷᠠᠯᠳᠡ ᠶᠢᠨ ᠦᠶ᠎ᠠ ᠪᠠᠷ ᠠᠪᠤ ᠮᠢᠨᠢ ᠷᠠᠰᠢᠶᠠᠨ ᠳᠤ ᠶᠠᠪᠣᠳᠠᠭ ᠪᠣᠯᠬᠤᠷ ᠡᠵᠢ᠂ ᠬᠤᠶᠠᠳᠣᠭᠠᠷ | ᠡᠬᠡᠴᠢ ᠪᠢᠳᠡᠨ ᠭᠤᠷᠪᠠᠭᠤᠯᠠ ᠬᠡᠷ ᠤᠨ ᠳᠣᠳᠣᠨ᠎ᠠ ᠭᠠᠳᠠᠨᠠᠬᠢ ᠳᠠᠭᠤᠰᠣᠰᠢ ᠦᠬᠡᠢ ᠠᠵᠢᠯ ᠳᠤ ᠡᠬᠦᠷᠲᠦᠲᠡᠭ᠃ | ᠢᠡᠭᠬᠢᠬᠦ ᠪᠠᠷ ᠶᠡᠭᠡ ᠡᠬᠡᠴᠢ ᠢᠷᠡᠭᠡᠳ ᠪᠢᠳᠡᠨ ᠢ ᠬᠠᠪᠰᠣᠷᠴᠦ ᠬᠡᠰᠡᠭ ᠬᠤᠭᠤᠴᠠᠭ᠎ᠠ ᠪᠤᠯᠤᠨ᠎ᠠ᠃ ᠨᠠᠮ᠎ᠠ ᠶᠢ ᠶᠡᠭᠡ | ᠡᠬᠡᠴᠢ ᠲᠠᠢ ᠪᠠᠨ ᠳᠦᠰᠳᠡᠢ ᠬᠡᠵᠣ ᠬᠦᠮᠦᠰ ᠬᠡᠯᠡᠳᠡᠭ᠃ ᠬᠡᠶ᠎ᠡ ᠪᠢᠲᠠ ᠬᠤᠶᠠᠷ ᠤᠨ ᠵᠠᠩ ᠠᠭᠠᠰᠢ ᠦᠰᠦᠳ | ᠣᠨᠳᠣᠣ᠃ ᠶᠡᠭᠡ ᠡᠬᠡᠴᠢ ᠶᠦᠮᠦᠷᠯᠢᠭ ᠪᠣᠯᠪᠠᠴᠦ ᠠᠭᠤᠷ ᠠᠭᠠᠰᠢ ᠶᠢ ᠨᠢ ᠬᠦᠷᠬᠡᠪᠡᠯ ᠲᠡᠰᠦᠷᠡᠭᠦ ᠪᠦᠮᠪᠦᠭᠡ ᠳᠡᠯᠪᠡᠷᠡᠯᠡ | ᠬᠡᠵᠣ ᠮᠡᠳᠡ᠃ ᠨᠠᠮ᠎ᠠ ᠶᠢ ᠭᠠᠭᠴᠠᠬᠠᠨ ᠰᠢᠬᠦᠷᠦᠨ ᠠᠪᠴᠦ ᠦᠮᠦᠳᠦ ᠶᠢ ᠰᠢᠪᠲᠤᠯᠵᠤ ᠭᠠᠯ ᠭᠠᠷᠳᠠᠯ᠎ᠠ ᠠᠯᠠᠭᠠᠳᠠᠳᠠᠭ | ᠰᠠᠨ᠃ ᠡᠨᠡ ᠨᠢ ᠶᠠᠷᠢᠶᠠᠨ ᠦᠬᠡᠢ ᠮᠢᠨᠤ ᠨᠠᠰᠤ ᠪᠠᠭ᠎ᠠ ᠴᠢᠰᠦ ᠰᠢᠩᠭᠡᠨ ᠤ ᠬᠠᠷᠠᠭ᠎ᠠ ᠪᠠᠷ ᠳᠦᠬᠦᠬᠡ ᠦᠬᠡᠢ | ᠵᠠᠩᠨᠠᠭᠠᠳ ᠡᠬᠡᠴᠢ ᠶᠢᠨ ᠢᠶᠠᠨ ᠠᠭᠤᠷ ᠢ ᠨᠢ ᠮᠠᠭᠠᠵᠢᠭᠠᠳ ᠣᠯᠵᠤ ᠪᠠᠶᠢᠭ᠎ᠠ ᠰᠢᠢᠳᠬᠡᠯ ᠪᠤᠯᠤᠨ᠎ᠠ᠃ ᠪᠢ ᠶᠡᠭᠡ | ᠡᠬᠡᠴᠢ ᠠᠴᠠ ᠪᠣᠯ ᠡᠶᠢᠮᠦᠷᠬᠦ ︽ᠠᠯᠠᠭᠠᠨ ᠪᠤᠤᠪᠤ︾ ᠶᠢ ᠨᠠᠰᠤᠨ ᠠᠴᠠ ᠪᠠᠨ ᠢᠯᠡᠬᠦᠣ ᠬᠦᠷᠲᠡᠭᠰᠡᠨ ᠴᠦ ᠪᠢᠲᠠᠨ ᠤ | ᠬᠤᠭᠤᠷᠤᠨᠲᠤᠬᠢ ᠲᠤᠲᠤᠨᠤ ᠬᠠᠷᠢᠴᠠᠭ᠎ᠠ ᠬᠤᠪᠢᠷᠠᠭ᠎ᠠ ᠦᠬᠡᠢ ᠨᠢ ᠭᠠᠶᠢᠬᠠᠯᠲᠠᠢ ᠪᠢᠯᠠ᠃ ᠪᠠᠷᠤᠭ ᠯᠡ ᠬᠤᠶᠠᠳᠣᠭᠠᠷ | ᠡᠬᠡᠴᠢ ᠪᠢᠳᠡ ᠬᠤᠶᠠᠷ ᠬᠡᠷᠡᠯᠳᠦᠬᠦ ᠪᠣᠯᠭᠠᠨ ᠶᠡᠭᠡ ᠡᠬᠡᠴᠢ ᠮᠢᠨᠢ ᠨᠠᠮ᠎ᠠ ᠶᠢ ᠦᠮᠦᠬᠡᠷᠡᠳᠡᠭ ᠠᠴᠠ ᠪᠣᠯᠣᠭᠰᠠᠨ | ᠪᠢᠵᠡ︕ | ᠲᠡᠷᠡ ᠣᠳᠠᠭ᠎ᠠ ᠶᠡᠭᠡ ᠡᠬᠡᠴᠢ ᠪᠢᠳᠡ ᠬᠤᠶᠠᠷ ᠮᠣᠲ᠋ᠣᠷ ᠢᠶᠠᠷ ᠮᠠᠯ ᠢᠶᠠᠨ ᠪᠡᠯᠴᠢᠬᠡᠷ ᠵᠦᠭ ᠨᠢ ᠵᠠᠯᠠᠯ᠎ᠠ᠃ | ᠪᠠᠷᠠᠭᠤᠨ ᠬᠤᠶᠢᠨ᠎ᠠ ᠠᠴᠠ ᠴᠢᠬᠢᠭᠯᠢᠭ ᠰᠠᠯᠬᠢᠯᠠᠵᠤ ᠰᠢᠷᠦᠬᠦᠨ ᠪᠣᠷᠣᠭᠠᠨ ᠣᠷᠣᠬᠤ ᠶᠢᠨ ᠰᠣᠪᠢᠡᠭ ᠮᠡᠲᠡᠭᠲᠡᠭᠰᠡᠨ ᠴᠦ | ᠬᠤᠳᠠ ᠳᠤ ᠠᠮᠢᠳᠣᠷᠠᠳᠠᠭ ᠡᠬᠡᠴᠢ ᠪᠠ ᠪᠢ ᠰᠡᠷᠡᠵᠤ ᠮᠡᠲᠡᠭᠰᠡᠨ ᠦᠬᠡᠢ ᠠᠴᠠ ᠠᠵᠢᠭ ᠴᠦ ᠦᠬᠡᠢ ᠮᠣᠲ᠋ᠣᠷ ᠢᠶᠠᠨ | ᠳᠠᠪᠬᠢᠭᠤᠯᠣᠨᠠ᠃ ᠳᠡᠮᠡᠢ ᠣᠳᠠᠭᠰᠠᠨ ᠦᠬᠡᠢ ᠲᠤᠤᠷᠯᠠᠭᠰᠠᠨ ᠪᠠᠯᠴᠢᠬᠡᠷ ᠤᠨ ᠵᠠᠬ᠎ᠠ ᠳᠤ ᠬᠦᠷᠦᠬᠡᠳ ᠮᠤᠲ᠋ᠤᠷ ᠢᠶᠠᠷ | ᠵᠠᠮᠨᠠᠬᠤ ᠳᠤ ᠲᠦᠪᠡᠭᠲᠡᠢ ᠲᠤᠯᠡ ᠮᠠᠰᠢᠨ ᠢᠶᠠᠨ ᠤᠨᠲᠠᠷᠠᠭᠠᠯᠠ᠃ ᠮᠠᠨ ᠤ ᠠᠶᠢᠯ ᠳᠤ ᠬᠦᠮᠦᠨ ᠠᠮᠠ ᠣᠯᠠᠨ ᠳᠣᠯᠠ | ᠪᠠᠷᠠᠭᠤᠨ ᠬᠤᠶᠢᠳᠣ ᠶᠢᠨ ︽ᠳᠣᠮᠣ ᠮᠠᠩᠬᠠᠳᠣ ᠪᠡᠯᠴᠢᠬᠡᠷ︾ ᠢ ᠠᠶᠢᠯ ᠪᠣᠯᠭᠠᠨ ᠳᠤ ᠳᠡᠭᠰᠢ ᠪᠠᠷ ᠬᠤᠪᠢᠶᠠᠨ ᠦᠭᠴᠦ᠂ | ᠠᠶᠢᠯ ᠪᠣᠯᠭᠠᠨ ᠦᠪᠡᠷ ᠤᠨ ᠬᠠᠷᠢᠶᠠᠨ ᠳᠠᠬᠢ ᠪᠡᠯᠴᠢᠬᠡᠷ ᠢᠶᠠᠨ ᠳᠡᠮᠦᠷ ᠳᠣᠣᠷ ᠢᠶᠠᠷ ᠳᠣᠣᠷᠯᠠᠵᠣ ᠠᠪᠤᠭᠰᠠᠨ ᠠᠴᠠ | ᠦᠪᠡᠷ ᠤᠨ ᠢᠶᠠᠨ ᠪᠡᠯᠴᠢᠬᠡᠷ ᠲᠤ ᠬᠦᠷᠬᠦ ᠳᠤ ᠬᠡᠲᠦᠨ ᠬᠡᠷ ᠤᠨ ᠪᠡᠯᠴᠢᠬᠡᠷ ᠢ ᠦᠩᠭᠡᠷᠡᠮᠡᠨᠵᠢᠨ ᠰᠠᠶ᠋ᠢ ᠬᠦᠷᠳᠡᠭ᠃ | ᠮᠠᠩᠬᠠᠨ ᠵᠠᠮ ᠢᠶᠠᠷ ᠵᠠᠮᠨᠠᠬᠤ ᠬᠡᠵᠣ ᠦᠨᠡᠬᠡᠷ ᠶᠠᠳᠠᠷᠠᠯᠳᠡᠢ ᠴᠦ ᠲᠠᠰᠤᠭᠰᠠᠨ ᠪᠡᠯᠴᠢᠬᠡᠷ ᠵᠦᠭ ᠢᠶᠠᠨ ᠴᠤᠪᠤᠬᠤ | ᠮᠠᠯ ᠳᠤ ᠪᠢᠲᠠ ᠬᠤᠶᠠᠷ ᠢᠯᠡᠬᠦᠴᠡ ᠪᠠᠶᠢᠯ᠎ᠠ᠃ ᠬᠡᠳᠦᠨ ᠡᠳᠦᠷ ᠤᠨ ᠡᠮᠦᠨ᠎ᠡ ᠡᠨᠡ ᠮᠠᠩᠬᠠᠨ ᠳᠤ ᠠᠩᠬ᠎ᠠ ᠠᠯᠬᠤᠵᠣ | ᠪᠠᠶᠢᠬᠤ ᠳᠤ ᠪᠠᠨ ᠳᠣᠣᠷ ᠤᠨ ᠠᠮᠠᠰᠠᠷ ᠬᠦᠷᠬᠦ ᠠᠴᠠ ᠪᠠᠨ ᠡᠮᠤᠨ᠎ᠠ ᠯᠣᠩᠬᠤ ᠲᠠᠢ ᠣᠰᠣ ᠪᠠᠨ ᠤᠤᠭᠤᠭᠠᠳ | ᠪᠠᠷᠠᠴᠢᠬᠠᠳᠠᠭ᠃ ᠬᠡᠳᠡᠯ᠎ᠡ ᠡᠨᠡ ᠡᠳᠦᠷ ᠯᠣᠩᠬᠤ ᠲᠠᠢ ᠣᠰᠣ ᠪᠠᠨ ᠬᠠᠷᠠᠬᠤ ᠳᠤ ᠳᠣᠮᠳᠠᠷᠠᠭᠠ ᠴᠦ ᠦᠬᠡᠢ᠃ | ᠪᠠᠷᠠᠭᠤᠨ ᠬᠤᠶᠢᠨ᠎ᠠ ᠠᠴᠠ ᠦᠶ᠎ᠡ ᠦᠶ᠎ᠠ ᠰᠠᠯᠬᠢᠯᠠᠵᠣ ᠨᠢᠬᠡ ᠯᠡ ᠵᠢᠬᠡᠬᠦᠨ ᠰᠠᠨᠠᠭᠳᠠᠨ᠎ᠠ᠃ ᠰᠠᠯᠬᠢ ᠰᠢᠷᠦᠬᠦᠰᠬᠦ ᠳᠤ | ᠡᠬᠡᠴᠢ ᠶᠠᠭᠤ ᠨᠢᠬᠡ ᠶᠢ ᠪᠣᠳᠣᠵᠣ ᠣᠯᠣᠭᠰᠠᠨ ᠰᠢᠭ᠋᠄ ︽ᠶᠠᠭᠠᠬᠢᠪᠠ︖ ᠳᠠᠭᠠᠷᠠᠵᠣ ᠪᠠᠶᠢᠨ᠎ᠠ ᠤᠤ︖︾ ᠬᠡᠵᠣ | ᠨᠠᠲᠠ ᠠᠴᠠ ᠠᠰᠠᠭᠤᠭᠰᠠᠨ ᠳᠤ ᠪᠢ᠄ ︽ᠳᠠᠭᠠᠷᠠᠵᠣ ᠪᠠᠶᠢᠨ᠎ᠠ︾ ᠭᠡᠳ ᠬᠠᠨᠴᠣᠢ ᠪᠠᠨ ᠳᠣᠭᠤᠭᠰᠢ ᠪᠠᠨ ᠳᠠᠳᠠᠵᠠᠢ᠃ | ᠡᠬᠡᠴᠢ᠄ ︽ᠪᠠᠶᠢᠳᠠᠯ ᠢ ᠨᠢ ᠦᠵᠡᠬᠦ ᠳᠤ ᠣᠳᠠᠯ ᠦᠬᠡᠢ ᠰᠢᠷᠦᠬᠦᠨ ᠪᠣᠷᠣᠭᠠᠨ ᠣᠷᠣᠨ᠎ᠠ ᠳ᠋ᠠ︕ ᠪᠢᠳᠡ ᠬᠤᠶᠠᠷ | ᠡᠳᠦᠢ ᠬᠤᠯᠠ ᠠᠴᠠ ᠪᠣᠴᠠᠨ᠎ᠠ ᠬᠡᠪᠡᠯ ᠵᠠᠪᠳᠣᠬᠤ ᠦᠬᠡᠢ ᠪᠠᠶᠢᠬ᠎ᠠ᠃ ᠶᠠᠪᠣᠶ᠎ᠠ᠂ ᠲᠠᠪᠬᠤᠴᠠ ᠲᠠᠢ ᠳᠤ ᠪᠠᠨ ᠪᠣᠯᠵᠠᠢ | ᠳ᠋ᠠ ᠁︾ ᠬᠡᠳ ᠬᠦᠷᠮ᠎ᠠ ᠪᠠᠨ ᠳᠠᠶᠢᠯᠣᠭᠠᠳ ᠨᠠᠳᠠ ᠦᠭᠴᠦ ᠦᠪᠡᠷ ᠢᠶᠠᠨ ᠵᠦᠪᠬᠡᠨᠴᠠᠮᠴᠠ ᠲᠠᠢ ᠪᠠᠷ ᠵᠠᠮ | ᠢᠶᠠᠨ ᠬᠤᠷᠣᠭᠠᠪᠠ᠃ | ᠳᠡᠮᠡᠢ ᠤᠲᠠᠯ ᠦᠬᠡᠢ ᠰᠢᠷᠦᠬᠦᠨ ᠪᠣᠷᠣᠭᠠᠨ ᠣᠷᠣᠯ᠎ᠠ᠃ ᠰᠠᠯᠬᠢ ᠪᠣᠷᠣᠭᠠᠨ ᠢᠶᠠᠷ ᠭᠤᠶᠠᠳᠠᠭᠤᠯᠣᠨ ᠱᠠᠯ | ᠨᠣᠷᠣᠭᠰᠠᠨ ᠠᠴᠠ ᠳᠠᠭᠠᠷᠠᠭᠠᠳ ᠳᠡᠰᠬᠦ ᠦᠬᠡᠢ ᠬᠠᠪᠠᠭᠠᠨᠠᠨᠠ᠃ ᠡᠬᠡᠴᠢ ᠮᠢᠨᠢ ᠭᠠᠷ ᠠᠴᠠ ᠬᠦᠳᠦᠯᠦᠨ ︽ᠳᠡᠰᠴᠦ | ᠪᠠᠶᠢᠭᠠᠷᠠᠢ᠂ ᠡᠨᠡ ᠪᠣᠷᠣᠭᠠᠨ ᠣᠳᠠᠬᠤ ᠦᠬᠡᠢ ᠵᠣᠭᠰᠣᠴᠢᠬᠠᠨᠠ᠂ ᠳᠡᠭᠡᠪᠡᠯ ᠪᠢ ᠴᠢᠮ᠎ᠠ ᠳᠤ ᠳᠠᠭᠤᠣ ᠳᠠᠭᠤᠯᠠᠵᠣ | ᠦᠭᠬᠦᠶ᠎ᠡ︾ ᠬᠡᠯᠡ᠃ ᠪᠢ ᠡᠬᠡᠴᠢ ᠶᠢᠨ ᠳᠠᠭᠤᠯᠠᠭᠰᠠᠨ ᠳᠠᠭᠤᠣ ᠶᠢ ᠭᠠᠭᠴᠠ ᠣᠳᠠᠭ᠎ᠠ ᠴᠦ ᠣᠯᠵᠣ ᠰᠣᠨᠣᠰᠤᠭ᠎ᠠ | ᠦᠬᠡᠢ ᠳᠣᠯᠠ ︽ᠪᠤᠯᠤᠨ᠎ᠠ ︾ ᠬᠡᠵᠤ ᠲᠤᠷᠠᠲᠠᠢ ᠵᠦᠪᠰᠢᠶᠡᠷᠡᠪᠡ᠃ ᠡᠨᠡ ᠦᠶ᠎ᠠ ᠳᠤ ᠬᠤᠶᠠᠳᠣᠭᠠᠷ ᠡᠬᠡᠴᠢ ᠶᠢᠨ᠄ | ︽ᠡᠬᠡᠴᠢ ᠣᠣᠯ ᠨᠢ ᠳᠠᠭᠤᠴᠢᠨ ᠪᠣᠯᠬᠤ ᠰᠠᠨᠠᠭ᠎ᠠ ᠲᠠᠢ ᠪᠠᠶᠢᠭᠰᠠᠨ ᠁︾ ᠬᠡᠵᠣ ᠬᠡᠯᠡᠵᠣ ᠪᠠᠶᠢᠭᠰᠠᠨ ᠨᠢ | ᠪᠣᠳᠣᠭᠳᠠᠪᠠ᠃ | ᠡᠬᠡᠴᠢ ᠨᠣᠷᠣᠭᠰᠠᠨ ᠴᠠᠮᠴᠠ ᠪᠠᠨ ᠳᠠᠶᠢᠯᠣᠨ ᠰᠡᠭᠰᠣᠷᠴᠦ ᠬᠤᠲᠠ ᠵᠦᠭ ᠢᠶᠠᠨ ᠴᠤᠪᠤᠭ᠎ᠠ ᠮᠠᠯ ᠤᠨ ᠢᠶᠠᠨ | ᠬᠠᠰᠬᠢᠷᠣᠨ ᠵᠠᠯᠠᠭᠰᠠᠨ ᠢᠶᠠᠨ ᠳᠠᠭᠤᠯᠠᠵᠣ ᠡᠬᠢᠯᠡᠯ᠎ᠡ᠄ | ︽ᠠᠯᠳᠠᠨ ᠬᠢᠨᠭ᠍ᠭᠠᠨ ᠠᠭᠤᠯᠠᠨ ᠳᠡᠭᠡᠷ᠎ᠡ | ᠠᠯᠬᠤᠭᠠᠳ ᠭᠠᠷᠣᠭᠠᠳ ᠦᠵᠡᠬᠦᠯᠡᠷ ᠬᠦᠢ | ᠠᠪᠤ ᠶᠢᠨ ᠨᠤᠲᠤᠭ ᠮᠤᠩᠭᠤᠯᠵᠢᠨ ᠬᠤᠰᠢᠭᠤ ᠮᠢᠨᠢ | ᠦᠵᠡᠭᠲᠡᠵᠤ ᠪᠠᠶᠢᠮᠠᠷ ᠰᠠᠨᠠᠭᠳᠠᠨ᠎ᠠ ᠬᠦ᠋ | ᠁ | ᠡᠷᠳᠡᠨᠢ ᠬᠢᠨᠭ᠍ᠭᠠᠨ ᠠᠭᠤᠯᠠᠨ ᠳᠡᠭᠡᠷ᠎ᠡ ᠠᠴᠠ | ᠡᠷᠬᠢᠭᠡᠳ ᠪᠠᠭᠤᠭᠠᠳ ᠢᠷᠡᠭᠦᠯᠡᠷ ᠬᠦᠢ | ᠶᠢᠰᠦᠨ ᠨᠠᠰᠣᠳᠡᠢ ᠳᠠᠶᠠ ᠪᠦᠬᠡᠷ᠎ᠡ ᠮᠢᠨᠢ | ᠣᠬᠢᠯᠠᠵᠣ ᠪᠠᠶᠢᠮᠠᠷ ᠰᠠᠨᠠᠭᠳᠠᠨ᠎ᠠ ᠬᠦ᠋ ᠁︾ | ᠡᠭᠡᠴᠢ ᠶᠢᠨ ᠮᠢᠨᠢ ᠤᠶᠠᠩᠭ᠎ᠠ ᠲᠠᠭᠤᠨ ᠳᠤ ᠤᠶᠠᠷᠠᠯ᠂ ᠭᠠᠴᠢᠭᠳᠠᠯ᠂ ᠲᠠᠭᠤᠴᠢᠨ ᠪᠤᠯᠵᠤ ᠲᠡᠶᠢᠯᠦᠭᠡ | ᠦᠭᠡᠢ ᠶᠢᠨ ᠬᠠᠷᠠᠮᠰᠠᠯ ᠪᠤᠶᠤ ᠢᠳᠡᠭᠡᠯ ᠲᠡᠮᠡᠤᠯᠤᠯ ᠤᠨ ᠦᠩᠭᠡ ᠠᠶᠠᠰ ᠬᠤᠯᠢᠯᠳᠤᠵᠤ ᠡᠭᠡᠰᠢᠭᠯᠡᠯ ᠪᠦᠷᠢ ᠨᠢ ᠡᠯᠢᠬᠡ | ᠵᠢᠷᠦᠬᠡᠨ ᠳᠤ ᠬᠦᠷᠦᠭᠰᠡᠨ ᠠᠴᠠ ᠪᠢ ᠴᠦ ᠠᠶᠠᠰ ᠢ ᠨᠢ ᠳᠠᠭᠠᠭᠠᠳ ᠬᠢᠩᠰᠢᠯᠠ᠃ ᠡᠨᠡ ᠦᠶᠡᠰ ᠲᠠᠭᠵᠢᠭᠰᠠᠨ ᠪᠡᠶ᠎ᠡ | ᠮᠢᠨᠢ ᠦᠪᠡᠷ ᠤᠨ ᠡᠷᠬᠡ ᠦᠬᠡᠢ ᠬᠠᠯᠠᠰᠴᠤ ᠢᠷᠡᠪᠡ᠃ | ᠰᠦᠷᠦᠭ ᠮᠠᠯ ᠢᠶᠠᠨ ᠬᠤᠲᠠ ᠵᠦᠭ ᠢᠶᠠᠨ ᠵᠠᠯᠠᠭᠰᠠᠨ ᠬᠤᠶᠠᠷ ᠦᠬᠢᠨ ᠢ ᠬᠡᠨ ᠴᠦ ᠤᠪᠠᠶᠢᠯᠠᠭᠠ ᠦᠬᠡᠢ | ᠮᠠᠭᠠᠳ᠂ ᠬᠡᠶ᠎ᠡ ᠣᠳᠬ᠎ᠠ ᠲᠡᠭᠦᠰ ︽ᠣᠶᠠᠩᠭ᠎ᠠ ᠶᠢᠨ ᠠᠷᠭᠠᠳᠡᠯ︾ ᠲᠠᠢ ᠭᠤᠴᠣ ᠠᠶᠠᠯᠠᠯ ᠨᠢ ᠣᠨᠴᠠ ᠶᠢᠨ ᠦᠨᠦᠷ | ᠠᠮᠳᠠ ᠪᠠᠷ ᠪᠢᠯᠬᠠᠨ᠎ᠠ᠃ | ᠰᠢᠷᠦᠬᠦᠨ ᠪᠣᠷᠣᠭᠠᠨ ᠨᠠᠮᠵᠢᠷᠠᠵᠣ ᠵᠦᠰᠡᠷ ᠪᠣᠷᠣᠭᠠᠨ ᠪᠣᠯᠵᠣ ᠁ ᠰᠡᠬᠦᠯ ᠳᠤ ᠨᠢ ᠵᠤᠭᠰᠤᠵᠤ᠂ ᠳᠡᠭᠷᠢ | ᠴᠡᠯᠮᠡᠯᠡ᠃ | ᠁ ᠁ | ︽ᠣᠶᠠᠩᠭ᠎ᠠ ᠶᠢᠨ ᠠᠷᠭᠠᠳᠡᠯ ᠲᠠᠢ ᠡᠬᠡᠴᠢ ᠶᠢᠨ ᠮᠢᠨᠢ ᠵᠣᠨ︾ ᠣᠶᠤᠨ ᠳᠤ ᠮᠢᠨᠢ ᠬᠤᠨᠤᠭᠰᠢᠭᠰᠠᠨ ᠠᠴᠠ | ᠵᠤᠨ ᠤ ᠠᠮᠠᠷᠠᠯᠲᠠ ᠪᠤᠯᠬᠤ ᠶᠢ ᠤᠨᠴᠠ ᠭᠦᠰᠡᠨ ᠮᠦᠷᠦᠬᠡᠳᠲᠡᠭ ᠪᠤᠯᠤᠭᠰᠠᠨ ᠯᠠ ᠳ᠋ᠠ ᠁ | | ᠵᠢᠯᠤᠭᠤᠲᠤᠭᠰᠠᠨ ᠪᠠᠭᠰᠢ — ᠶᠢᠩ ᠰᠢᠨ | | |