ᠵᠤᠯ ᠵᠢᠷᠭᠠᠯᠲᠤ ᠲᠠᠭᠢᠨᠢ
ᠨᠡᠶᠢᠲᠡᠯᠡᠭᠰᠡᠨ ᠴᠠᠭ᠄
2020/3/27
           ᠵᠤᠯ ᠵᠢᠷᠭᠠᠯᠲᠤ ᠲᠠᠭᠢᠨᠢ                          ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ 9.2 ᠶᠢᠨ ᠴᠡᠯᠮᠡᠭ          ᠮᠠᠶᠠ᠂ ᠰᠢᠵᠢᠷ ᠠᠯᠲᠠᠨ ᠬᠡᠵᠢᠬᠡ ᠲᠠᠢ᠂ ᠲᠠᠪᠬᠤᠷ ᠠᠯᠠᠭ ᠨᠢᠲᠦ ᠲᠠᠢ᠂ ᠪᠤᠨᠲᠤᠭᠤᠷ ᠰᠠᠶᠢᠬᠠᠨ ᠬᠠᠴᠠᠷ ᠲᠠᠢ ᠶᠢᠰᠦᠨ ᠨᠠᠰᠤ ᠲᠠᠢ ᠬᠦᠬᠡᠷᠦᠬᠦᠨ ᠦᠬᠢᠨ᠃ ᠬᠡᠶ᠎ᠡ ᠲᠡᠭᠦᠨ ᠤ ᠵᠡᠬᠦᠨ ᠬᠠᠴᠠᠷ ᠲᠡᠭᠡᠷ᠎ᠡ ᠨᠢ ᠮᠠᠭᠤᠬᠠᠢ ᠣᠯᠠᠭᠠᠨ ᠲᠤᠯᠪᠤ ᠪᠠᠶᠢᠲᠠᠭ ᠠᠴᠠ ᠡᠵᠢ ᠠᠴᠠ ᠨᠢ ᠪᠤᠰᠤᠳ ᠬᠦᠮᠦᠨ ᠲᠡᠬᠦᠨ ᠲᠠᠢ ᠣᠶᠢᠷᠠᠳᠲᠠᠭ ᠦᠬᠡᠢ ᠠᠴᠠ ᠲᠡᠷᠡ ᠲᠤᠶᠢᠯ  ᠤᠨ ᠣᠶᠢᠳᠬᠠᠷ ᠲᠠᠢ ᠪᠠᠶᠢᠲᠠᠭ᠂ ᠦᠩᠭᠡ ᠵᠢᠰᠦᠨ ᠤ ᠮᠠᠭᠤᠬᠠᠢ ᠳᠤ ᠪᠠᠨ ᠭᠤᠲᠤᠷᠠᠬᠤ ᠶᠢᠨ ᠵᠡᠷᠭᠡ ᠡᠵᠢ ᠳᠤ ᠪᠠᠨ ᠶᠠᠭᠠᠬᠢᠬᠤ ᠳᠤ ᠪᠠᠨ ᠡᠶᠢᠮᠤ ᠮᠠᠭᠤᠬᠠᠢ ᠲᠦᠷᠦᠭᠰᠡᠨ ᠪᠤᠢ ᠬᠡᠵᠤ ᠪᠠᠶᠢᠩᠭᠤ  ᠭᠤᠮᠤᠲᠠᠲᠠᠭ᠃      ᠨᠢᠬᠡᠨ ᠡᠲᠦᠷ᠂ ᠲᠠᠷᠡ ᠲᠠᠯᠬ᠎ᠠ ᠬᠤᠲᠠᠯᠲᠤᠨ ᠠᠪᠤᠭᠠᠳ ᠲᠡᠭᠲᠡᠷᠡᠨ ᠲᠡᠪᠭᠡᠷᠡᠵᠤ ᠪᠠᠶᠢᠭᠠᠳ ᠵᠠᠮ ᠤᠨ ᠬᠠᠵᠠᠭᠤ  ᠳᠤ ᠪᠢᠴᠢᠬᠠᠨ ᠦᠬᠢᠨ ᠤᠬᠢᠯᠠᠵᠤ ᠪᠠᠶᠢᠬᠤ ᠶᠢ ᠦᠵᠡᠨ ᠦᠷᠦ ᠡᠪᠡᠳᠴᠦ ᠲᠠᠯᠬ᠎ᠠ ᠪᠠᠨ ᠲᠠᠯᠠᠯᠠᠨ ᠦᠭᠴᠦ ᠠᠷᠭᠠᠲᠠᠯ᠎ᠠ᠃ ᠪᠢᠴᠢᠬᠠᠨ ᠦᠬᠢᠨ ᠤᠬᠢᠯᠠᠬᠤ ᠪᠠᠨ ᠪᠠᠶᠢᠵᠤ᠂ ᠲᠡᠭᠦᠨ ᠤ ᠦᠭᠭᠦᠭᠰᠡᠨ ᠲᠠᠯᠬ᠎ᠠ ᠶᠢ ᠠᠮᠲᠠᠷᠬᠠᠨ ᠢᠲᠠᠵᠤ ᠪᠠᠶᠢᠲᠠᠯ᠎ᠠ ᠠᠪᠤ ᠨᠢ ᠢᠷᠡᠭᠡᠳ ᠬᠦᠲᠦᠯᠦᠬᠡᠳ ᠶᠠᠪᠤᠯ᠎ᠠ᠃ ᠲᠡᠭᠦᠨ ᠢ ᠡᠷᠭᠢᠨ ᠡᠷᠭᠢᠨ ᠬᠠᠷᠠᠬᠤ ᠪᠢᠴᠢᠬᠠᠨ ᠦᠬᠢᠨ ᠪᠠ ᠠᠪᠤ ᠶᠢᠨ ᠬᠢᠨᠢ ᠠᠷᠣ ᠶᠢᠨ ᠪᠠᠷ᠎ᠠ ᠶᠢ ᠰᠢᠷᠲᠡᠭᠦ ᠳᠤ ᠨᠢᠯᠪᠤᠰᠣ ᠨᠢ ᠦᠪᠡᠷ ᠤᠨ ᠡᠷᠭᠡ ᠦᠬᠡᠢ ᠰᠤᠪᠤᠷᠠᠨ᠎ᠠ ᠃ ᠣᠴᠢᠷ ᠨᠢ ᠲᠡᠭᠦᠨ ᠤ ᠠᠪᠤ ᠨᠢ ᠨᠢᠲᠤᠨᠤᠨ ᠲᠡᠷᠭᠡᠨ ᠠᠲᠡᠯ ᠠᠴᠠ ᠪᠤᠯᠵᠤ ᠮᠦᠩᠭᠡ ᠨᠤᠶᠢᠷᠰᠤᠵᠠᠢ᠃ ᠲᠠᠷᠠ ᠦᠪᠡᠷ ᠢ ᠪᠠᠨ ᠡᠨᠡ ᠲᠡᠯᠡᠬᠡᠢ ᠲᠡᠭᠡᠷᠡᠭᠢ ᠬᠠᠮᠤᠭ ᠠᠵᠠ ᠪᠤᠰᠤ ᠬᠦᠮᠦᠨ ᠬᠡᠮᠡᠨ ᠪᠤᠲᠤᠬᠤ ᠳᠤ ᠬᠦᠢᠲᠡᠨ ᠰᠠᠯᠬᠢ ᠴᠦ  ᠬᠠᠴᠠᠷ ᠨᠢᠭᠤᠷ ᠢ ᠨᠢ ᠬᠠᠶᠢᠷ᠎ᠠ ᠨᠠᠶᠢᠷ ᠦᠬᠡᠢ ᠪᠠᠯᠪᠠᠯ᠎ᠠ᠃ ᠣᠷᠴᠢᠨ ᠲᠤᠭᠤᠷᠢᠨ ᠤ ᠶᠠᠭᠤ ᠪᠦᠭᠦᠨ ᠲᠡᠭᠦᠨ ᠢ ᠡᠯᠡᠭᠯᠡᠨ ᠲᠤᠭᠤᠭᠢᠯᠠᠵᠤ ᠪᠠᠶᠢᠭ᠎ᠠ ᠰᠢᠭ᠋ ᠬᠦᠢᠲᠡᠮᠰᠦᠭ ᠰᠠᠨᠠᠭᠲᠠᠨ᠎ᠠ᠃      ᠭᠡᠷ ᠲᠤ ᠪᠠᠨ ᠬᠠᠷᠢᠭᠠᠳ ᠡᠵᠢ ᠳᠤ ᠪᠠᠨ᠄ ︽ᠪᠢ ᠪᠤᠯ ᠬᠠᠮᠤᠭ ᠠᠵᠠ ᠦᠬᠡᠢ ᠬᠦᠮᠦᠨ᠂ ᠦᠷᠦᠬᠡᠯ ᠰᠢᠭ ᠦᠩᠭᠡ ᠵᠢᠰᠦ ᠦᠬᠡᠢ᠂ ᠦᠩᠭᠡᠯᠡᠵᠤ ᠵᠠᠰᠠᠮᠠᠷ ᠬᠤᠪᠴᠠᠰᠤ ᠴᠦ ᠦᠬᠡᠢ᠂ ᠡᠷᠭᠡᠯᠡᠬᠦᠯᠵᠤ ᠬᠠᠶᠢᠷᠠᠯᠠᠬᠤ ᠠᠪᠤ ᠴᠦ ᠦᠬᠡᠢ ᠠᠴᠠ ᠨᠠᠶᠢᠵᠠ ᠨᠦᠬᠦᠷ  ᠦᠬᠡᠢ  ᠁︾ ᠬᠡᠳ ᠡᠬᠡᠷ ᠲᠠᠲᠠᠨ ᠤᠬᠢᠯᠠᠪᠠ᠃ ᠡᠵᠢ ᠨᠢ ᠬᠦᠬᠡᠷᠦᠬᠦᠨ ᠦᠬᠢᠨ ᠤ ᠪᠠᠨ ᠨᠢᠯᠪᠤᠰᠤ ᠶᠢ ᠠᠶᠠᠷᠬᠠᠨ ᠵᠦᠯᠬᠦᠬᠡᠳ᠄ ︽ᠬᠠᠶᠢᠷᠠᠲᠤ ᠮᠠᠶᠠ ᠮᠢᠨᠢ᠂ ᠴᠢ ᠪᠤᠯ ᠡᠨᠡ ᠲᠡᠯᠡᠬᠡᠢ ᠳᠤ ᠬᠠᠮᠤᠭ ᠤᠨ ᠭᠤᠶᠤ ᠮᠦᠷᠲᠡᠬᠡᠨ ᠬᠦᠬᠡᠷᠦᠬᠦᠨ ᠦᠬᠢᠨ᠂ ᠬᠠᠴᠠᠷ ᠲᠡᠭᠡᠷᠡᠭᠢ ᠣᠯᠠᠭᠠᠨ ᠲᠤᠯᠪᠤ ᠴᠢᠨᠢ ᠲᠡᠭᠷᠢ ᠶᠢᠨ ︿ᠵᠤᠯ ᠵᠢᠷᠭᠠᠯᠲᠤ ᠲᠡᠭᠢᠨᠢ﹀ ᠶᠢᠨ ᠦᠨᠤᠰᠦᠯᠲᠠ᠂ ᠰᠣᠨᠣᠰᠤᠯᠲᠠ ᠪᠠᠷ ᠠᠷᠣ ᠶᠢᠨ ᠰᠢᠭᠤᠢ ᠶᠢᠨ ᠪᠠᠷᠠᠭᠤᠨ ᠡᠮᠤᠨ᠎ᠠ ᠵᠠᠬ᠎ᠠ ᠶᠢᠨ ᠲᠤᠮᠤ ᠮᠤᠲᠤᠨ ᠰᠠᠯᠠᠭᠠᠨ ᠳᠤ ᠪᠤᠬᠢᠨᠢᠲᠦᠯ ᠭᠤᠮᠤᠲᠠᠯ ᠢᠶᠠᠨ ᠪᠢᠴᠢᠭᠰᠡᠨ ᠴᠠᠭᠠᠰᠤ ᠪᠠᠨ ᠤᠭᠤᠲᠠᠯᠠᠵᠤ ᠡᠯᠬᠦᠪᠡᠯ ᠴᠢᠮ᠎ᠠ ᠳᠤ ᠦᠨᠦᠰᠦᠯ ᠬᠠᠶᠢᠷᠠᠯᠠᠭᠰᠠᠨ ᠲᠡᠷᠡ ᠲᠡᠭᠢᠨᠢ ᠮᠠᠷᠭᠠᠰᠢ ᠨᠢ ᠲᠠᠨ ᠤ ᠣᠶᠢᠳᠬᠠᠷ ᠪᠤᠬᠢᠨᠢᠲᠦᠯ ᠢ ᠲᠠᠶᠢᠯᠤᠨ ᠬᠦᠰᠡᠯ ᠮᠦᠷᠦᠬᠡᠲᠦᠯ ᠢ ᠴᠢᠨᠢ ᠪᠡᠶᠡᠯᠡᠬᠦᠯᠵᠤ ᠦᠭᠭᠦ ᠪᠤᠯᠤᠨ᠎ᠠ︾ ᠬᠡᠯ᠎ᠠ᠃ ᠮᠠᠶᠠ ᠠᠷᠤ ᠶᠢᠨ ᠰᠢᠭᠤᠢ ᠶᠢᠨ ᠪᠠᠷᠠᠭᠤᠨ ᠡᠮᠦᠨ᠎ᠠ ᠵᠠᠬ᠎ᠠ ᠶᠢ ᠴᠢᠭᠯᠡᠨ ᠰᠣᠮᠤᠲᠠᠯ᠎ᠠ᠃      ᠨᠠᠷᠠᠨ ᠤ ᠬᠡᠷᠡᠯ ᠳᠤ ᠬᠡᠵᠢᠬᠡ ᠪᠠᠨ ᠰᠢᠷᠭᠠᠯᠲᠤᠭᠤᠯᠤᠨ ᠬᠦᠶᠦᠬᠦ ᠲᠡᠭᠦᠨ ᠢ ᠠᠩᠵᠠᠭᠠᠷᠠᠭᠰᠠᠨ ᠬᠦᠮᠦᠨ ᠦᠬᠡᠢ ᠃ ᠲᠡᠷᠡ ᠲᠤᠩ ᠲᠦᠷᠬᠡᠨ ᠰᠢᠭᠤᠢ ᠶᠢᠨ ᠪᠠᠷᠠᠭᠤᠨ ᠵᠠᠬ᠎ᠠ ᠶᠢᠨ ᠲᠤᠮᠤ ᠮᠤᠲᠤᠨ ᠤ ᠲᠡᠷᠭᠡᠲᠡ ᠬᠦᠷᠪᠡ᠃ ᠰᠢᠭᠤᠢ ᠲᠤᠮᠲᠠ ᠠᠴᠠ ᠶᠠᠮᠠᠷ ᠨᠢᠬᠡᠨ ᠶᠠᠭᠤᠮ᠎ᠠ ᠭᠠᠷᠤᠭᠠᠳ ᠢᠷᠡᠮᠡᠷ ᠠᠶᠢᠲᠠᠰ ᠲᠠᠢ ᠪᠠᠶᠢᠯ᠎ᠠ᠃ ᠬᠡᠲᠡᠯ᠎ᠠ ᠲᠡᠷᠡ ᠣᠭᠲᠤ ᠲᠠᠲᠠᠭᠠᠯᠵᠠᠭᠰᠠᠨ ᠦᠬᠡᠢ ᠭᠤᠮᠤᠲᠠᠯ᠂ ᠭᠤᠲᠤᠷᠠᠯ᠂ ᠪᠤᠬᠢᠨᠢᠲᠦᠯ ᠪᠦᠬᠦᠨ ᠢᠶᠠᠨ ᠵᠢᠵᠢᠭ ᠴᠠᠭᠠᠰᠤᠨ ᠳᠤ ᠪᠠᠭᠲᠠᠭᠠᠨ ᠤᠭᠤᠲᠠᠯᠠᠭᠠᠳ ᠮᠤᠲᠤᠨ ᠰᠠᠯᠠᠭᠠᠨ ᠳᠤ ᠡᠯᠬᠦᠯ᠎ᠠ᠃      ᠰᠠᠯᠬᠢᠨ ᠳᠤ ᠬᠡᠶᠢᠰᠬᠦ ᠠᠴᠠ ᠡᠮᠢᠶᠡᠨ ᠬᠡᠰᠡᠭ ᠠᠵᠢᠭᠯᠠᠪᠠ᠃ ᠵᠡᠬᠦᠨ ᠬᠤᠶᠢᠨ᠎ᠠ ᠠᠴᠠ ᠰᠠᠯᠬᠢᠯᠠᠬᠤ ᠰᠠᠯᠬᠢᠨ  ᠳᠤ ᠪᠠᠷᠠᠭᠤᠨ ᠡᠮᠤᠨ᠎ᠠ ᠪᠠᠶᠢᠷᠢᠯᠠᠬᠤ ᠡᠨᠡ ᠮᠤᠲᠤ  ᠢᠭᠴᠤ  ᠰᠢᠭᠤᠢ   ᠶᠢᠨ  ᠨᠥᠮᠦᠷᠢ  ᠳᠤ  ᠠᠵᠢᠭ  ᠴᠦ  ᠦᠬᠡᠢ  ᠪᠠᠶᠢᠯ᠎ᠠ᠃      ᠮᠠᠷᠭᠠᠰᠢ ᠶᠢ ᠲᠡᠰᠴᠦ ᠶᠠᠲᠠᠨ ᠬᠦᠯᠢᠶᠡᠭᠰᠡᠨ ᠲᠡᠷᠡ ᠴᠠᠭ ᠨᠢ ᠪᠤᠯᠤᠮᠠᠭᠴᠠ ᠨᠢᠰᠬᠦ ᠮᠡᠲᠦ ᠲᠦᠷᠬᠡᠨ ᠢᠶᠠᠷ ᠲᠤᠮᠤ ᠮᠤᠲᠤᠨ ᠤ ᠲᠡᠷᠭᠡᠲᠡ ᠤᠴᠢᠬᠤ ᠳᠤ ᠦᠴᠦᠬᠡᠲᠦᠷ ᠤᠨ ᠲᠡᠭᠦᠨ ᠤ ᠪᠤᠲᠤᠯ ᠢᠶᠠᠨ ᠡᠯᠬᠦᠭᠰᠡᠨ ᠣᠷᠣᠨ ᠳᠤ ᠨᠢᠬᠡᠨ ᠵᠠᠬᠢᠲᠠᠯ ᠡᠯᠬᠦᠬᠡᠰᠦᠲᠡᠢ ᠪᠠᠶᠢᠯ᠎ᠠ᠃ ᠶᠠᠭᠠᠷᠠᠨ ᠵᠠᠲᠠᠯᠪᠠᠯ᠄ ᠪᠢᠴᠢᠬᠠᠨ ᠮᠠᠶᠠ ᠮᠢᠨᠢ᠄      ᠲᠠᠨ ᠤ ᠵᠠᠬᠢᠲᠠᠯ ᠢ ᠤᠩᠰᠢᠯ᠎ᠠ᠃ ᠵᠡᠬᠦᠨ ᠬᠠᠴᠠᠷ ᠲᠡᠭᠡᠷᠡᠭᠢ ᠣᠯᠠᠭᠠᠨ ᠲᠤᠯᠪᠤ ᠴᠢᠨᠢ ᠮᠢᠨᠤ ᠴᠢᠮ᠎ᠠ ᠳᠤ ᠦᠭᠭᠦᠭᠰᠡᠨ ᠨᠠᠨᠲᠢᠨ ᠪᠡᠯᠡᠭ ᠪᠤᠯᠤᠨ᠎ᠠ᠃  ᠮᠢᠨᠤ ᠲᠡᠷᠡ ᠦᠨᠦᠰᠦᠯᠲᠡ ᠳᠤ  ᠵᠤᠯ ᠵᠢᠷᠭᠠᠯ᠂ ᠪᠠᠶᠠᠷ ᠪᠠᠶᠠᠰᠬᠤᠯᠠᠩ ᠠᠭᠤᠯᠤᠭᠲᠠᠵᠤ ᠪᠠᠶᠢᠭ᠎ᠠ ᠶᠢ ᠢᠲᠡᠭᠡᠭᠡᠷᠡᠢ᠃ ᠦᠩᠭᠡ ᠵᠢᠰᠦ ᠪᠠᠷᠤᠭᠲᠠᠢ ᠬᠡᠵᠤ ᠭᠤᠲᠤᠷᠠᠬᠤ ᠪᠠᠨ ᠪᠠᠶᠢᠪᠠᠯ ᠴᠢ ᠲᠡᠯᠡᠬᠡᠢ ᠲᠡᠬᠡᠷᠡᠬᠢ ᠬᠠᠮᠤᠭ ᠤᠨ ᠠᠵᠠ ᠵᠢᠷᠭᠠᠯ ᠲᠠᠢ ᠬᠦᠬᠡᠷᠦᠬᠦᠨ ᠦᠬᠢᠨ ᠪᠤᠯᠵᠤ ᠬᠤᠪᠢᠷᠠᠨ᠎ᠠ ᠰᠢᠤ︕ ᠠᠵᠠ ᠵᠢᠷᠭᠠᠯ ᠬᠡᠲᠡᠭ ᠶᠠᠭᠤᠮ᠎ᠠ ᠮᠡᠲᠡᠷᠡᠭᠦᠢ ᠳᠤ ᠪᠠᠶᠢᠲᠠᠭ᠃      ᠲᠠᠨ ᠤ ᠠᠯᠢᠪᠠ ᠰᠠᠶᠢᠨ ᠰᠠᠶᠢᠬᠠᠨ ᠢ ᠴᠢᠨᠢ ᠬᠦᠰᠡᠨ ᠲᠠᠭᠠᠳᠬᠠᠶ᠎ᠠ ᠁                                                                       ᠲᠡᠭᠷᠢ ᠶᠢᠨ ᠵᠤᠯ ᠵᠢᠷᠭᠠᠯᠲᠤ ᠲᠠᠭᠢᠨᠢ ᠠᠴᠠ                                        XX ᠣᠨ ᠤXX ᠰᠠᠷ᠎ᠠ ᠶᠢᠨXX ᠡᠲᠦᠷᠬᠡᠵᠤ ᠪᠠᠶᠢᠯ᠎ᠠ᠃  ᠮᠠᠶᠠ ᠲᠤᠩ ᠪᠠᠶᠠᠷᠯᠠᠪᠠ᠃ ᠲᠡᠷᠡ ᠦᠩᠭᠡ ᠵᠢᠰᠦᠨ ᠳᠤ ᠪᠠᠨ ᠭᠤᠲᠤᠷᠠᠬᠤ ᠪᠠᠨ ᠪᠠᠶᠢᠭᠰᠠᠨ ᠠᠴᠠ ᠢᠲᠡᠪᠬᠢ ᠴᠢᠲᠠᠪᠬᠢ ᠨᠢ ᠪᠠᠲᠠᠷᠠᠵᠤ ᠲᠡᠮᠡᠢ ᠤᠲᠠᠯ ᠦᠬᠡᠢ ᠲᠤᠩ ᠣᠯᠠᠨ ᠨᠠᠶᠢᠵᠠ ᠲᠠᠢ ᠪᠤᠯᠪᠠ᠃ ᠠᠮᠢᠲᠤᠷᠠᠯ ᠨᠢ ᠡᠲᠦᠷ ᠠᠴᠠ ᠡᠲᠦᠷ ᠪᠠᠶᠠᠷ ᠵᠢᠷᠭᠠᠯ ᠲᠠᠢ ᠪᠤᠯᠵᠤ ᠬᠤᠪᠢᠷᠠᠯ᠎ᠠ᠂  ᠲᠡᠷᠡ  ︽ᠵᠤᠯ ᠵᠢᠷᠭᠠᠯᠲᠤ ᠲᠡᠬᠢᠨᠢ︾ ᠶᠢᠨ ᠦᠬᠡ  ᠶᠢ ᠲᠠᠰᠤ ᠢᠲᠡᠭᠡᠵᠡᠢ᠃      ᠣᠩᠰᠢᠭᠴᠢ ᠲᠦᠮᠡᠨ ᠮᠢᠨᠢ ᠡᠨᠡᠬᠦ  ︽ᠵᠤᠯ ᠵᠢᠷᠭᠠᠯᠲᠤ ᠲᠠᠭᠢᠨᠢ︾  ᠬᠡᠨ ᠬᠡᠭᠴᠢ ᠶᠢ ᠭᠠᠲᠠᠷᠯᠠᠭᠰᠠᠨ ᠪᠠᠶᠢᠬᠤ ᠡ᠂ ᠭᠤᠶᠤᠮᠰᠤᠭ ᠬᠤᠲᠠᠯ ᠬᠡᠯᠡᠯᠲᠡ ᠶᠢᠨ ᠣᠶᠢᠯᠠᠲᠤᠯ ᠬᠡᠭᠴᠢ ᠡᠶᠢᠮᠦᠷᠬᠦ ᠭᠠᠶᠢᠬᠠᠮᠰᠢᠭᠲᠠᠢ ᠠᠵᠤᠭᠤ ᠁                                              ᠵᠢᠯᠤᠭᠤᠲᠤᠭᠰᠠᠨ ᠪᠠᠭᠰᠢ — ᠯᠢ ᠬᠤᠸᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号