ᠣᠴᠢᠷ ᠲᠠᠢ ᠰᠠᠶᠢᠬᠠᠨ ᠠᠶᠠᠯᠠᠯ
ᠨᠡᠶᠢᠲᠡᠯᠡᠭᠰᠡᠨ ᠴᠠᠭ᠄
2020/3/31
        ᠣᠴᠢᠷ ᠲᠠᠢ ᠰᠠᠶᠢᠬᠠᠨ ᠠᠶᠠᠯᠠᠯ                      ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ 9.3 ᠶᠢᠨ ᠤᠬᠠᠭᠠᠨ      ᠣᠷᠴᠢᠨ ᠲᠣᠭᠤᠷᠢᠨ ᠲᠠᠰ ᠬᠠᠷᠠᠩᠭᠤᠢ ᠪᠠᠶᠢᠯ᠎ᠠ᠃ ᠪᠢ ᠬᠡᠰᠡᠭ ᠬᠦᠯᠢᠭᠡᠯᠵᠡᠵᠦ ᠠᠪᠤᠭᠰᠠᠨ ᠢᠶᠠᠨ ᠬᠦᠨ ᠠᠮᠢᠰᠬᠤᠯᠯᠠᠵᠦ ᠣᠷᠣᠭᠰᠢ ᠠᠯᠬᠤᠯᠠᠯ᠎ᠠ᠃ ᠬᠡᠨᠡᠣᠨᠳᠡ ᠨᠢᠳᠦ ᠬᠢᠯᠠᠰᠣᠮ᠎ᠠ ᠬᠡᠷᠡᠯ ᠬᠢᠯᠠᠰᠬᠢᠨ ᠲᠣᠰᠬᠤ ᠲᠠᠢ ᠵᠡᠷᠭᠡ ᠬᠠᠯᠬᠠᠯᠠᠬᠤ ᠵᠠᠪ ᠭᠠᠷᠤᠯ ᠦᠬᠡᠢ ᠬᠤᠷᠢᠭᠯᠠᠭᠳᠠᠰᠢ ᠦᠬᠡᠢ ᠬᠦᠴᠦᠨ ᠳᠤ ᠵᠠᠯᠬᠢᠭᠲᠠᠨ ᠬᠡᠷᠡᠯ ᠤᠨ ᠲᠣᠮᠳᠠ ᠠᠭᠤᠰᠣᠯ᠎ᠠ ᠃ ᠬᠤᠷᠣᠮᠬᠠᠨ ᠵᠠᠭᠤᠷ᠎ᠠ ᠪᠠᠰᠠ ᠯᠠ ᠲᠦᠨᠡᠷ ᠬᠠᠷᠠᠩᠭᠤᠢ ᠪᠣᠯᠴᠢᠬᠠᠯ᠎ᠠ᠃ ᠠᠶᠣᠨ ᠵᠢᠷᠦᠭᠡᠰᠢᠶᠡᠬᠦ ᠳᠤ ᠪᠠᠨ ᠪᠢ ᠨᠢᠳᠣ  ᠪᠠᠨ ᠲᠠᠰᠣ ᠠᠨᠢᠯ᠎ᠠ᠃      ︽ᠨᠢᠳᠣ ᠪᠠᠨ ᠨᠡᠭᠡᠭᠡᠷᠠᠢ︕︾ ᠭᠡᠬᠦ ᠰᠦᠬᠡᠩᠭᠢ ᠪᠣᠯᠪᠠᠴᠤ ᠴᠢᠬᠢᠨ ᠳᠤ ᠠᠶᠠᠲᠠᠢ ᠨᠠᠰᠤᠲᠠᠨ ᠤ ᠲᠠᠭᠤᠨ  ᠲᠠᠢ ᠬᠠᠮᠲᠤ ᠮᠦᠷᠦᠨ ᠲᠡᠭᠡᠷ᠎ᠡ ᠭᠠᠷ ᠨᠢ ᠬᠦᠩᠭᠡᠬᠡᠨ ᠲᠠᠯᠪᠢᠭᠳᠠᠯ᠎ᠠ᠃ ᠪᠢ ᠨᠢᠳᠦ ᠪᠠᠨ ᠲᠦᠷᠬᠡᠬᠡᠨ ᠨᠡᠭᠡᠭᠡᠣᠨ ᠲᠡᠭᠦᠨ  ᠢ ᠬᠠᠷᠠᠬᠤ ᠪᠠᠷ ᠪᠡᠶ᠎ᠡ ᠡᠷᠭᠢᠯ᠎ᠠ᠃  ᠬᠠᠷᠠᠭᠠᠨ ᠳᠤ ᠮᠠᠩᠨᠠᠢ   ᠳᠤ ᠪᠠᠨ ᠲᠠᠯᠠᠨ ᠦᠷᠴᠢᠯᠡᠭᠡᠰᠦ ᠲᠠᠢ᠂ ᠨᠢᠷᠦᠭᠤ ᠨᠢ ᠨᠣᠮᠣ ᠮᠡᠳᠦ ᠪᠦᠭᠳᠦᠶᠢᠭᠰᠡᠨ ᠴᠠᠭᠠᠨ ᠰᠠᠬᠠᠯ ᠲᠠᠢ ᠨᠠᠰᠣᠳᠠᠨ ᠡᠭᠡᠯᠢᠳᠠᠢ ᠰᠠᠶᠢᠬᠠᠨ ᠢᠨᠢᠶᠡᠮᠰᠦᠭᠯᠡᠵᠦ ᠪᠠᠶᠢᠭ᠎ᠠ ᠲᠦᠷᠬᠦ ᠲᠤᠲᠤᠷᠠᠯ᠎ᠠ᠃ ᠲᠡᠬᠦᠨ ᠤ ᠲᠦᠷᠢ ᠲᠦᠷᠬᠦ᠂ ᠦᠢᠯᠡ ᠬᠦᠳᠡᠯᠦᠯ ᠪᠠ ᠣᠪᠣᠷ ᠪᠠᠶᠢᠳᠠᠯ ᠨᠢ ᠮᠢᠨᠦ ᠠᠶᠣᠩᠭᠤᠷᠢ ᠲᠦᠭᠰᠢᠭᠦᠷᠢ ᠶᠢ ᠨᠠᠮᠳᠠᠭᠤᠯᠪᠠ᠃ ︽ᠲᠠ ᠬᠠᠮᠢᠭ᠎ᠠ ᠠᠴᠠ ᠢᠷᠡᠪᠡ︖︾ ᠨᠠᠰᠣᠳᠠᠨ ᠡᠶᠡᠯᠳᠡᠭ   ᠢᠶᠠᠷ ᠨᠠᠮ᠎ᠠ ᠠᠴᠠ ᠠᠰᠠᠭᠤᠯ᠎ᠠ᠃ ︽ᠪᠢ ᠦᠪᠡᠷ ᠢᠶᠠᠨ ᠴᠦ ᠮᠡᠳᠡᠬᠦ ᠦᠭᠡᠢ ᠪᠠᠶᠢᠨ᠎ᠠ︾ ᠭᠡᠵᠦ ᠲᠦᠭᠳᠡᠷᠡᠨ ᠬᠠᠷᠢᠭᠤᠯᠣᠭᠰᠠᠨ ᠢᠶᠠᠨ ᠡᠷᠬᠢᠨ ᠲᠣᠭᠤᠷᠢᠨ ᠢᠶᠠᠨ ᠠᠵᠢᠭᠯᠠᠭᠰᠠᠨ ᠳᠤ ᠵᠠᠰᠠᠮᠠᠯ ᠵᠠᠮ ᠤᠨ ᠬᠤᠶᠠᠷ ᠬᠠᠵᠠᠭᠤ ᠪᠠᠷ ᠪᠦᠷ ᠦᠨᠳᠣᠷ ᠰᠠᠬᠤᠯᠢᠭ ᠮᠣᠳᠣᠣᠨ ᠪᠠᠶᠢᠯ᠎ᠠ᠃ ᠴᠣᠬᠤᠮ ᠠᠯᠢ ᠵᠠᠪ ᠲᠤᠨᠢ ᠭᠡᠷᠡᠯ ᠭᠡᠬᠡ ᠲᠠᠰ ᠬᠠᠷᠠᠩᠭᠤᠢ ᠶᠢ ᠦᠯᠲᠡᠨ ᠬᠦᠭᠡᠭᠡᠭᠰᠡᠨ ᠢ ᠪᠣᠣ ᠮᠡᠳᠡ᠃ ᠣᠷᠴᠢᠨ ᠲᠤᠭᠤᠷᠢᠨ ᠤ ᠠᠯᠢᠪᠠ ᠪᠦᠬᠦᠨ ᠲᠣᠪ ᠲᠤᠳᠤ᠃ ᠵᠠᠰᠠᠮᠠᠯ ᠵᠠᠮ ᠢᠶᠠᠷ ᠦᠩᠭᠡᠷᠡᠬᠦ ᠮᠠᠰᠢᠨ ᠲᠡᠷᠬᠡ ᠦᠴᠦᠬᠡᠨ ᠴᠦ ᠲᠠᠭᠤ ᠴᠢᠮᠡᠭᠡ ᠭᠠᠷᠬᠤ ᠦᠬᠡᠢ ᠪᠠᠶᠢᠭ᠎ᠠ ᠨᠢ ᠮᠢᠨᠦ ᠰᠣᠨᠢᠭᠤᠴᠢ ᠰᠡᠳᠬᠢᠯ ᠢ ᠬᠦᠳᠡᠯᠭᠡᠪᠡ᠄ ︽ᠡᠪᠦᠭᠡ ᠡ᠂ ᠮᠠᠰᠢᠨ ᠲᠡᠷᠭᠡ ᠵᠠᠰᠠᠮᠠᠯ ᠵᠠᠮ ᠲᠡᠭᠡᠷ᠎ᠡ ᠶᠠᠪᠣᠬᠤ ᠳᠤ ᠶᠠᠭᠠᠬᠢᠭᠠᠣᠨ ᠲᠠᠭᠤᠨ ᠭᠠᠷᠬᠤ ᠦᠬᠡᠢ ᠪᠣᠢ︖︾ ᠬᠡᠬᠦ  ᠳᠤ᠂ ᠡᠪᠦᠭᠡ ᠢᠨᠢᠶᠠᠮᠰᠦᠭᠯᠡᠨ᠂ ᠰᠠᠬᠠᠯ ᠢᠶᠠᠨ ᠰᠢᠪᠳᠣᠷᠴᠦ ᠠᠪᠤᠭᠠᠳ᠄ ︽ᠡᠨᠡ ᠴᠢᠨᠢ ᠰᠢᠨᠵᠢᠯᠡᠬᠦ ᠣᠬᠠᠭᠠᠨᠳᠠᠣᠨ  ᠤᠨ ᠨᠢᠳᠣᠨᠣᠨ ︵2049 ᠣᠨ︶ ᠰᠣᠳᠣᠯᠵᠦ ᠭᠠᠷᠭᠠᠭᠠᠣᠨ ᠡᠨᠡ ᠵᠢᠯ ᠪᠠᠶᠢᠭᠤᠯᠣᠭᠰᠠᠨ ᠰᠢᠨ᠎ᠡ ᠮᠡᠷᠭᠡᠵᠢᠯ ᠤᠨ ᠵᠠᠰᠠᠮᠠᠯ ᠵᠠᠮ — ᠲᠠᠭᠤ ᠰᠢᠩᠭᠡᠭᠡᠬᠦ ᠵᠠᠰᠠᠮᠠᠯ ᠵᠠᠮ ᠰᠢᠦ︕ ᠡᠨᠡ ᠵᠠᠮ ᠲᠡᠭᠡᠷ᠎ᠡ ᠶᠠᠪᠣᠵᠦ ᠪᠠᠶᠢᠭ᠎ᠠ ᠯᠡ ᠶᠣᠮ ᠪᠣᠯ ᠲᠠᠭᠤ ᠶᠢ ᠴᠢᠨᠢ ᠰᠢᠩᠭᠡᠭᠡᠵᠦ ᠯᠡ ᠪᠠᠶᠢᠭ᠎ᠠ ᠶᠣᠮ︾ ᠬᠡᠯ᠎ᠡ᠃ ᠪᠢ ᠭᠠᠶᠢᠬᠠᠭᠰᠠᠨ ᠬᠠᠷᠠᠴᠠ ᠪᠠᠷ ᠮᠠᠰᠢᠨ ᠲᠡᠷᠬᠡ ᠶᠢ ᠬᠠᠷᠠᠳᠠᠯ᠎ᠠ ᠲᠡᠷᠡᠭᠡᠨ ᠬᠤᠭᠤᠷᠣᠨᠳᠣ ᠪᠡᠷ᠎ᠡ ᠲᠠᠰᠣ ᠠᠷᠢᠯᠵᠦ᠂ ᠪᠢᠳᠡ ᠪᠠᠰᠠ ᠯᠠ ᠲᠠᠰ ᠬᠠᠷᠠᠩᠭᠤᠢ ᠶᠢᠷᠳᠢᠨᠴᠦ ᠳᠤ ᠣᠷᠣᠯ᠎ᠠ᠃      ᠨᠠᠰᠣᠳᠠᠨ ᠮᠢᠨᠦ ᠭᠠᠷ ᠠᠴᠠ ᠬᠦᠳᠦᠯᠦᠨ᠄ ︽ᠨᠢᠳᠦ ᠪᠠᠨ ᠠᠨᠢ︕ ᠬᠤᠶᠠᠭᠤᠯᠠ ᠭᠡᠷᠡᠯ ᠭᠡᠭᠡ ᠲᠠᠢ ᠭᠠᠵᠠᠷ ᠬᠦᠷᠦᠶ᠎ᠠ︕︾ ᠬᠡᠭᠦ ᠳᠤ ᠪᠢ ᠨᠠᠰᠣᠳᠠᠨ ᠤ ᠬᠡᠯᠡᠭᠰᠡᠨ ᠶᠣᠰᠣᠭᠠᠷ ᠨᠢᠳᠦ ᠪᠠᠨ ᠠᠨᠢᠨ ᠲᠡᠮᠡᠢ ᠬᠡᠲᠦ ᠠᠯᠬᠤᠯ ᠦᠭᠡᠢ ᠨᠠᠰᠣᠳᠠᠨ᠄ ︽ᠨᠢᠳᠦ ᠪᠠᠨ ᠨᠡᠭᠡᠭᠡ︕︾ ᠭᠡᠯ᠎ᠡ᠃ ᠨᠢᠳᠦ ᠪᠠᠨ ᠨᠠᠬᠡᠬᠡᠬᠦ ᠳᠤ ᠰᠦᠷᠯᠢᠭ ᠦᠨᠳᠣᠷ ᠠᠰᠠᠷ ᠤᠳ ᠰᠦᠨᠳᠡᠷᠯᠡᠨ᠂ ᠬᠠᠵᠠᠭᠤ ᠬᠠᠪᠢ ᠪᠠᠷ ᠨᠢ ᠴᠡᠯᠭᠡᠷ ᠨᠣᠭᠤᠭᠠᠨ ᠮᠣᠳᠣᠣᠨ ᠴᠢᠮᠡᠭ ᠪᠤᠯᠤᠨ ᠤᠷᠭᠤᠭᠠᠳ᠂ ᠵᠡᠬᠡᠯᠢ ᠭᠤᠲᠤᠮᠵᠢ ᠪᠠᠷ ᠬᠠᠴᠢᠨ ᠶᠠᠩᠵᠦ ᠲᠠᠢ ᠲᠡᠷᠬᠡ ᠨᠦᠭᠦᠳ ᠡᠶᠢᠰᠢ ᠲᠡᠶᠢᠰᠢ ᠵᠢᠷᠪᠢᠯᠵᠡᠬᠦ   ᠶᠢᠨ ᠬᠠᠮᠲᠤ ᠡᠯᠳᠡᠪ ᠰᠣᠨᠢᠨ ᠡᠮᠦᠰᠭᠡᠯ ᠵᠠᠰᠠᠯ ᠲᠠᠢ ᠬᠦᠮᠦᠰ ᠡᠬᠦᠪᠡᠷ ᠲᠡᠭᠦᠪᠡᠷ ᠤᠷᠴᠢᠯᠲᠤᠨ᠎ᠠ ᠁ ᠶᠡᠷᠦ ᠨᠢ ᠭᠤᠶᠤ ᠮᠦᠷᠲᠡᠭᠡᠨ ᠰᠢᠨ᠎ᠡ ᠰᠡᠪᠡᠬᠦᠨ ᠬᠡᠷᠡᠯ ᠬᠡᠬᠡ ᠲᠠᠢ ᠶᠢᠷᠳᠢᠨᠴᠦ ᠳᠤ ᠭᠠᠶᠢᠬᠠᠯ ᠢᠶᠠᠨ ᠬᠦᠶᠦᠯᠬᠡᠬᠡᠳ ᠵᠠᠪᠲᠤᠬᠤ ᠶᠤᠮ ᠪᠢᠰᠢ ᠳ᠋ᠠ᠃      ︽ᠬᠠᠴᠢᠨ ᠰᠠᠨᠠᠭᠳᠠᠵᠦ ᠪᠠᠶᠢᠨ᠎ᠠ ᠦᠦ︖ ᠣᠷᠣᠭᠰᠢ ᠶᠠᠪᠣᠪᠠᠯ ᠨᠡᠩ ᠰᠣᠨᠢᠷᠬᠠᠯᠳᠠᠢ ᠪᠣᠯᠣᠨ᠎ᠠ ᠰᠢᠣ︕︾ ᠬᠡᠳ ᠨᠠᠰᠣᠳᠠᠨ ᠪᠠᠰᠠ ᠯᠠ ᠲᠡᠶᠢᠨ ᠬᠦ ᠢᠨᠢᠶᠠᠮᠰᠣᠭ᠍ᠯᠡᠭᠰᠡᠨ ᠬᠡᠪ ᠢᠶᠠᠷ ᠢᠶᠠᠨ ᠨᠠᠮ᠎ᠠ ᠶᠢ ᠬᠠᠷᠠᠵᠦ ᠪᠠᠶᠢᠯ᠎ᠠ᠃ ᠪᠢ ᠶᠡᠭᠡᠳᠡ ᠪᠠᠶᠠᠷᠯᠠᠵᠦ᠄ ︽ᠡᠪᠦᠭᠡ ᠡ᠂ ᠲᠡᠭᠡᠪᠡᠯ ᠪᠢᠳᠡ ᠣᠷᠣᠭᠰᠢ ᠶᠠᠪᠣᠶ᠎ᠠ︕︾ ᠬᠡᠯ᠎ᠡ᠃ ᠡᠪᠦᠭᠡ ᠲᠣᠯᠣᠭᠠᠢ ᠲᠣᠬᠢᠨ ᠭᠠᠷ ᠢᠶᠠᠨ ᠵᠠᠩᠭᠠᠯ᠎ᠠ᠃  ᠪᠢ ᠣᠷᠣᠭᠰᠢ ᠠᠯᠬᠤᠨ ᠨᠠᠰᠣᠳᠠᠨ ᠲᠠᠢ ᠮᠦᠷᠦ ᠵᠡᠷᠭᠡᠴᠡᠬᠦ ᠶᠢᠨ ᠬᠤᠷᠤᠮ ᠳᠤ ᠬᠦᠯ ᠦᠯᠦ ᠮᠡᠳᠡᠭᠳᠡᠮ᠎ᠡ ᠴᠡᠴᠡᠷᠡᠰᠬᠢᠭᠰᠡᠨ ᠢᠶᠠᠨ ᠲᠠᠬᠢᠨ ᠬᠠᠷᠠᠬᠤ ᠳᠤ ᠪᠠᠰᠠ ᠨᠢᠬᠡᠨ ᠰᠢᠨ᠎ᠡ ᠶᠢᠷᠳᠢᠨᠴᠦ ᠢᠯᠠᠷᠠᠯ᠎ᠠ᠃ ᠣᠷᠴᠢᠨ ᠲᠣᠭᠤᠷᠢᠨ ᠠᠮᠢᠲᠠᠨ ᠪᠤᠲᠠᠰ ᠨᠢᠳᠦ ᠴᠠᠪᠴᠢᠬᠤ ᠶᠢᠨ ᠬᠤᠭᠤᠷᠣᠨᠳᠣ ᠰᠢᠨ᠎ᠡ ᠲᠦᠷᠰᠦ ᠪᠣᠯᠵᠦ ᠬᠤᠪᠢᠷᠠᠪᠠ᠃ ᠡᠨᠡᠬᠦ ᠬᠡᠲᠦ ᠲᠦᠷᠭᠡᠨ ᠬᠤᠪᠢᠷᠠᠯᠲᠠ ᠳᠤ ᠪᠢ ᠶᠠᠭᠠᠬᠢᠬᠤ ᠪᠠᠨ ᠣᠯᠬᠤ ᠦᠬᠡᠢ ᠮᠠᠯᠠᠷᠠᠵᠤ ᠭᠠᠷᠣᠯ᠎ᠠ᠃ ᠪᠦᠬᠦ ᠪᠡᠶ᠎ᠡ ᠡᠭᠡᠭᠡ ᠯᠠ ᠬᠦᠰᠢᠴᠢᠬᠡᠭᠰᠡᠨ ᠶᠤᠮ  ᠰᠢᠭ ᠁ ᠡᠪᠦᠭᠡ ᠮᠢᠨᠤ ᠡᠨᠡᠭᠦ ᠪᠠᠶᠢᠲᠠᠯ ᠢ ᠬᠠᠷᠠᠭᠠᠣᠨ ᠮᠦᠷᠦ ᠶᠢ ᠬᠦᠴᠦᠳᠠᠢ ᠲᠠᠪᠰᠢᠵᠦ ᠠᠪᠣᠯ᠎ᠠ᠃ ᠪᠢ ᠰᠠᠶ᠋ᠢᠬᠠᠨ ᠣᠨᠳᠠᠵᠦ ᠰᠡᠷᠡᠭᠰᠡᠨ ᠬᠦᠮᠦᠨ ᠰᠢᠭ᠄ ︽ᠡᠪᠦᠭᠡ ᠡ᠂  ᠬᠠᠮᠢᠭ᠎ᠠ ᠢᠷᠡᠴᠢᠭᠡᠭᠰᠡᠨ ᠪᠣᠢ︖︾ ᠬᠡᠭᠦ ᠳᠤ ᠡᠪᠦᠭᠡ᠄ ︽ᠮᠡᠨ ᠤ ᠦᠪᠦᠷ ᠮᠣᠩᠭᠤᠯ ᠳᠠᠬᠢ ᠬᠠᠮᠤᠭ ᠶᠡᠭᠡ ᠬᠤᠳᠠᠯᠳᠣᠭᠠᠨ ᠤ ᠵᠡᠭᠡᠯᠢ᠃ ᠴᠢ ᠰᠣᠨᠢᠨ ᠬᠠᠴᠢᠨ ᠶᠠᠭᠤᠮᠠᠨ ᠳᠤ ᠪᠠᠭ᠋ᠠᠳᠠᠢ ᠪᠢᠰᠢ ᠦᠦ︖ ᠲᠡᠭᠡᠭᠰᠢ ᠬᠠᠷᠠᠯ ᠳ᠋ᠠ︕︾ ᠬᠡᠵᠦ ᠬᠡᠯᠡᠬᠦ  ᠲᠠᠢ ᠵᠡᠷᠭᠡ ᠪᠢ ᠲᠡᠭᠡᠭᠰᠢ ᠦᠯᠢᠢᠨ ᠬᠠᠷᠠᠭᠠᠳ ᠰᠤᠴᠢᠬᠤ ᠳᠤ ᠪᠠᠨ ︽ᠪᠣᠷᠬᠠᠨ ᠡ︕︾ ᠭᠡᠵᠤ ᠲᠠᠭᠤ ᠠᠯᠳᠠᠪᠠ᠃ ᠨᠣᠮᠢᠨ ᠬᠦᠬᠡ ᠣᠭᠳᠠᠷᠭᠤᠢ ᠪᠠᠷ ︽ᠨᠢᠰᠳᠡᠭ ᠰᠠᠨᠳᠠᠯᠢ︾ ᠪᠠᠷ ᠬᠦᠮᠦᠰ ᠨᠠᠭᠠᠰᠢ ᠴᠠᠭᠠᠰᠢ ᠵᠦᠷᠢᠯᠳᠦᠨ᠎ᠡ᠃ ︽ᠡᠪᠦᠭᠡ ᠡ᠂ ᠡᠲᠡᠨᠣᠰ ᠶᠠᠭᠠᠬᠢᠭᠠᠳ ᠡᠶᠢᠮᠦ ︿ᠨᠢᠰᠳᠡᠭ ᠰᠠᠨᠳᠠᠯᠢ﹀ ᠲᠠᠢ ᠪᠤᠢ︖ ᠪᠢ ᠪᠠᠰᠠ ᠰᠠᠭᠤᠵᠤ ᠦᠵᠡᠭᠰᠡᠨ ᠪᠤᠯ ᠡ ᠁︾ ᠬᠡᠵᠤ ᠬᠦᠰᠡᠩᠭᠡᠨ ᠬᠡᠯᠡᠪᠡ᠃ ᠡᠪᠦᠭᠡ ᠲᠣᠯᠣᠭᠠᠢ ᠲᠣᠬᠢᠨ ᠭᠠᠷ ᠢᠶᠠᠨ ᠲᠠᠬᠢᠨᠳᠠ ᠵᠠᠩᠭᠠᠯ᠎ᠠ᠃ ᠪᠢ ᠲᠡᠬᠦᠨ ᠲᠠᠢ ᠵᠡᠷᠭᠡᠴᠡᠨ ᠵᠣᠭᠰᠣᠭᠠᠣᠨ᠂ ᠨᠢᠳᠦ ᠢᠷᠮᠡᠬᠦ ᠶᠢᠨ ᠬᠤᠭᠤᠷᠣᠨᠳᠣ ︽ᠨᠢᠰᠲᠡᠭ ᠰᠠᠨᠳᠠᠯᠢ︾ ᠲᠦᠷᠢᠶᠠᠰᠦᠯᠡᠵᠦ ᠪᠠᠶᠢᠭ᠎ᠠ ᠭᠠᠵᠠᠷ ᠬᠦᠷᠦᠬᠡᠳ ᠡᠪᠦᠭᠡ ᠵᠤᠭᠤᠰ ᠲᠤᠭᠠᠴᠠᠬᠤ ᠳᠤ ᠪᠠᠨ ᠦᠪᠡᠷ ᠤᠨ ᠵᠡᠭᠦᠵᠦ ᠪᠠᠶᠢᠭ᠎ᠠ ᠪᠠᠭᠤᠪᠴᠢ ᠪᠠᠨ ᠲᠦᠷᠢᠶᠠᠰᠦᠯᠡᠭᠦᠯᠦᠭᠴᠢ ᠶᠢᠨ ᠪᠠᠭᠤᠪᠴᠢ ᠲᠠᠢ ᠬᠠᠷᠭᠤᠯᠣᠮᠠᠭᠴᠠ᠂ ᠬᠤᠶᠠᠷ ᠬᠦᠷᠳᠦ᠂ ᠬᠤᠶᠠᠷ ᠰᠠᠭᠤᠳᠠᠯ ᠲᠠᠢ᠂ ᠲᠦᠭᠦᠮᠬᠡᠨ ᠬᠢᠴᠡ ᠲᠠᠢ ᠨᠢᠰᠳᠡᠭ ᠰᠠᠨᠳᠠᠯᠢ ᠦᠪᠡᠷᠳᠡᠭᠡᠨ ᠪᠢᠲᠡᠨ ᠤ ᠡᠮᠦᠨ᠎ᠡ ᠢᠯᠡᠷᠡᠯ᠎ᠡ᠃ ᠲᠦᠷᠢᠶᠡᠰᠦᠯᠡᠭᠦᠯᠦᠭᠴᠢ ᠠᠴᠠ ᠬᠡᠷᠡᠭᠯᠡᠬᠦ ᠠᠷᠭ᠎ᠠ ᠶᠢ ᠨᠢ ᠰᠤᠷᠤᠮᠠᠭᠴᠠ ᠪᠢᠳᠡ ᠬᠦᠷᠳᠦᠳᠦ ᠰᠠᠨᠳᠠᠯᠢ ᠲᠡᠭᠡᠷ᠎ᠡ ᠪᠠᠨ‌‍ᠰᠠᠭᠤᠵᠦ ᠬᠦᠬᠡ ᠤᠭᠲᠠᠷᠭᠤᠢ ᠦᠬᠡᠲᠡ ᠰᠤᠮᠤᠲᠠᠪᠠ  ᠃      ᠡᠪᠦᠭᠡ ᠪᠢᠳᠡ ᠬᠤᠶᠠᠭᠤᠯᠠ ᠬᠤᠳᠠ ᠶᠢᠨ ᠦᠵᠡᠮᠵᠢ ᠶᠢ ᠰᠣᠨᠢᠷᠬᠠᠵᠦ  ᠶᠠᠪᠤᠯ᠎ᠠ᠃ ᠠᠰᠠᠷ ᠲᠠᠭᠲᠣ ᠨᠢ ᠠᠩᠬᠠᠨ ᠤ ᠬᠠᠷᠠᠭᠰᠠᠨ ᠠᠴᠠ ᠣᠯᠠᠨ ᠮᠦᠷᠲᠡᠬᠡᠨ ᠦᠨᠳᠦᠷ᠂ ᠬᠦᠮᠦᠨ ᠬᠠᠷ᠎ᠠ ᠨᠢ ᠴᠦ ᠤᠯᠠᠰᠢᠷᠠᠭᠠᠳ ᠁ ᠨᠠᠯᠢᠶᠡᠳ ᠭᠠᠵᠠᠷ ᠢᠶᠠᠷ ᠲᠤᠭᠤᠷᠢᠨ ᠣᠯᠠᠨ ᠰᠣᠨᠢᠨ ᠰᠡᠪᠡᠬᠦᠨ ᠶᠠᠭᠤᠮ᠎ᠠ ᠦᠵᠡᠯ᠎ᠠ  ᠃ ᠪᠢ ᠡᠪᠦᠭᠡ   ᠳᠤ ᠪᠠᠨ ︽ᠨᠣᠮ ᠤᠨ ᠲᠡᠯᠭᠡᠭᠦᠷ︾ ᠲᠤ ᠣᠴᠢᠬᠤ ᠰᠠᠨᠠᠭ᠎ᠠ ᠪᠠᠨ ᠴᠣᠬᠤᠶᠢᠯᠠᠭᠠᠪᠠᠯ᠂ ᠡᠪᠦᠭᠡ  ᠄ ︽ᠪᠣᠯᠣᠨ᠎ᠠ︾ ᠬᠡᠵᠦ ᠵᠦᠪᠰᠢᠶᠡᠷᠡᠭᠡᠣᠨ ᠡᠮᠦᠨᠡᠬᠢ ᠲᠠᠷᠣᠪᠴᠢ ᠪᠠᠨ ᠲᠠᠷᠣᠯ᠎ᠠ᠃ ᠨᠢᠰᠳᠡᠭ ᠰᠠᠨᠳᠠᠯᠢ ᠶᠢᠨ ᠴᠢᠭᠯᠡᠯ ᠦᠬᠡᠷᠡᠴᠢᠯᠡᠭᠲᠡᠭᠡᠳ ᠲᠡᠮᠡᠢ ᠣᠲᠠᠯ ᠦᠭᠡᠢ ᠰᠢᠯᠦᠨ ᠪᠦᠳᠦᠴᠡ ᠲᠠᠢ ᠦᠨᠳᠣᠷ ᠠᠰᠠᠷ ᠲᠤ ᠬᠦᠷᠪᠡ᠃ ᠰᠢᠯᠦᠨ ᠡᠭᠦᠳᠡ ᠦᠪᠡᠷᠳᠡᠭᠡᠨ ᠨᠡᠬᠡᠭᠲᠡᠬᠦ ᠭᠱᠠᠨ ᠳᠤ ︽ᠨᠢᠰᠳᠡᠭ ᠰᠠᠨᠳᠠᠯᠢ︾ ᠮᠢᠨᠢ ᠶᠠᠪᠣᠳᠠᠭ ᠰᠠᠨᠳᠠᠯᠢ ᠪᠤᠯᠤᠭᠠᠳ ᠬᠤᠪᠢᠷᠠᠴᠢᠬᠠᠯ᠎ᠠ᠃ ᠪᠢ ᠣᠭᠳᠠᠷᠭᠤᠢ ᠳᠤ ᠪᠠᠶᠢᠷᠢᠰᠢᠭ᠎ᠠ ︽ᠨᠣᠮ ᠤᠨ ᠲᠡᠯᠬᠡᠭᠦᠷ︾ ᠲᠤ ᠣᠷᠣᠭᠠᠣᠨ ᠶᠤᠰᠤᠲᠠᠢ ᠮᠠᠯ ᠭᠠᠶᠢᠬᠠᠪᠠ᠃ ᠲᠡᠯᠭᠡᠭᠦᠷ ᠲᠤ ᠬᠤᠳᠠᠯᠳᠣᠭᠴᠢ ᠶᠢᠨ ᠪᠠᠷ᠎ᠠ ᠨᠢᠭᠡ ᠬᠠᠷᠠᠭᠳᠠᠬᠤ ᠦᠭᠡᠢ ᠴᠦ ᠨᠣᠮ ᠬᠤᠳᠠᠯᠳᠣᠨ ᠠᠪᠣᠭᠴᠢ ᠪᠠᠷ ᠲᠦᠬᠦᠷᠴᠦ ᠪᠠᠶᠢᠯ᠎ᠠ᠃ ᠭᠤᠶᠣ ᠭᠤᠶᠣ ᠭᠠᠳᠠᠷᠲᠠᠢ ᠲᠡᠷᠡ ᠣᠯᠠᠨ ᠨᠣᠮ ᠢ ᠬᠠᠷᠠᠭᠠᠣᠨ ᠪᠢ ᠶᠡᠭᠡ ᠪᠠᠷ ᠲᠤᠷᠠᠯᠠᠪᠠ᠃ ᠡᠪᠦᠭᠡ᠄ ︽ᠴᠢ ᠦᠪᠡᠷᠳᠡᠭᠡᠨ ᠪᠠᠭᠤᠵᠦ ᠦᠵᠡ ᠳ᠋ᠧ︕ ᠪᠢ ᠰᠣᠪᠢᠯᠠᠯᠳᠠ ᠶᠢᠨ ᠭᠠᠵᠠᠷ ᠣᠴᠢᠭᠠᠣᠨ ᠨᠢᠬᠡ ᠴᠠᠭ ᠤᠨ ᠲᠠᠷᠠᠭ᠎ᠠ ᠴᠢᠮ᠎ᠠ ᠶᠢ ᠲᠣᠰᠬᠤ ᠪᠠᠷ ᠢᠷᠡᠶ᠎ᠡ︾ ᠬᠡᠯ᠎ᠡ᠃ ᠪᠢ ︽ᠪᠣᠯᠣᠨ᠎ᠠ︾ ᠬᠡᠵᠦ ᠪᠠᠶᠠᠷᠲᠠᠶᠢᠬᠠᠨ ᠵᠦᠪᠰᠢᠶᠡᠷᠡᠭᠡᠣᠨ ︽ᠨᠣᠮ  ᠤᠨ ᠲᠠᠯᠠᠢ︾   ᠳᠤ ᠱᠤᠩᠪᠠᠯ᠎ᠠ ᠁                                              ᠵᠢᠯᠤᠭᠤᠳᠤᠭᠰᠠᠨ ᠪᠠᠭᠰᠢ — ᠳ᠋᠊᠂ ᠨᠠᠷᠠᠩᠭᠤᠸ᠎ᠠ  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号