ᠪᠣᠯᠦᠷ ᠴᠢᠯᠠᠭᠤᠨ ᠰᠡᠳᠬᠢᠯ
ᠨᠡᠶᠢᠲᠡᠯᠡᠭᠰᠡᠨ ᠴᠠᠭ᠄
2020/3/31
                            ᠴᠢᠪᠠᠭ᠎ᠠ ᠲᠠᠪᠤᠳᠤᠭᠠᠷ ᠰᠤᠷᠭᠠᠭᠤᠯᠢ ᠶᠢᠨ ᠰᠤᠷᠤᠭᠴᠢ ᠦᠷᠴᠠᠶᠢᠬᠤ        ᠲᠡᠨᠢᠬᠦᠨ ᠲᠠᠯ᠎ᠠ ᠶᠢᠨ ᠵᠦᠭᠡᠯᠡᠨ ᠦᠷᠦᠴᠡ ᠬᠠᠶᠢᠷ᠎ᠡ ᠶᠢᠨ ᠪᠦᠪᠡᠢ ᠳᠤ ᠲᠤᠭᠳᠤᠯᠤᠨ᠂ ᠤᠷᠤᠰᠬᠤ ᠭᠤᠤᠯ  ᠤᠨ ᠠᠶᠢᠵᠠᠮ ᠲᠤᠯᠬᠢᠶᠡᠨ ᠵᠢᠷᠦᠭᠡᠨ ᠯᠤᠭᠰᠢᠭᠠᠨ ᠳᠤ ᠤᠶᠠᠰᠴᠤ ᠠᠳᠡ ᠨᠢᠭᠡ ᠨᠤᠳᠤᠭ ᠮᠦᠩᠭᠡᠵᠢᠨ᠎ᠡ᠃        ᠴᠡᠩᠭᠡᠷ ᠤᠨᠢᠶᠠᠷ ᠲᠤᠨᠤᠯᠵᠠᠬᠤ ᠠᠯᠤᠰ ᠬᠠᠶᠢᠷᠬᠠᠨ ᠤ ᠬᠤᠷᠮᠤᠢ᠂ ᠴᠡᠯ ᠨᠤᠭᠤᠭᠠᠷᠠᠬᠤ ᠲᠠᠯ᠎ᠠ ᠶᠢᠨ ᠤᠶᠠᠬᠠᠨ ᠲᠤᠯᠠᠭᠠᠨ ᠡᠪᠤᠷ ᠨᠠᠩᠵᠢᠳ ᠬᠦᠭᠰᠢᠨ ᠤ ᠨᠢᠭᠡ ᠭᠡᠷ ᠤᠨ ᠬᠢᠨ ᠤ ᠠᠵᠦ ᠲᠦᠷᠦᠨ ᠠᠮᠢᠳᠤᠷᠠᠬᠤ ᠮᠦᠩᠭᠡ  ᠶᠢᠨ ᠰᠠᠶᠢᠬᠠᠨ ᠦᠯᠦᠭᠡᠢ ᠶᠤᠮ ᠰᠠᠨᠵᠠᠢ᠃ ᠨᠤᠳᠤᠭ ᠤᠨ ᠰᠢᠷᠤᠢ ᠠᠮᠢᠨ ᠰᠤᠳᠠᠰᠤ ᠪᠠᠨ ᠬᠠᠶᠢᠷ᠎ᠡ ᠪᠠᠷ ᠢᠶᠠᠨ ᠭᠡᠯᠬᠢᠭᠰᠡᠨ ᠵᠢᠷᠦᠭᠡᠨ ᠬᠤᠯᠪᠤᠭ᠎ᠠ ᠰᠠᠯᠵᠦ ᠬᠠᠭᠠᠴᠠᠬᠤ ᠲᠠᠪᠢᠯᠠᠩ ᠢ ᠶᠢᠰᠤᠨ ᠲᠡᠭᠷᠢ ᠶᠢᠨ ᠴᠠᠭᠠᠨ᠎ᠠ ᠲᠠᠯᠳᠠᠯᠠᠵᠦ᠂ ᠠᠵᠨ ᠶᠢᠨ ᠲᠡᠭᠷᠢ ᠠᠰᠢᠳᠠ ᠢᠪᠡᠭᠡᠵᠦ ᠮᠦᠩᠭᠡ ᠵᠠᠶᠠᠭ᠎ᠠ ᠰᠤᠶᠤᠷᠬᠠᠨ᠎ᠠ᠂ ᠡᠷᠳᠡ ᠲᠡᠭᠡᠳᠤ ᠠᠴᠠ ᠡᠳᠦᠭᠡ ᠬᠦᠷᠳᠡᠯ᠎ᠡ ᠬᠠᠶᠢᠷ᠎ᠡ ᠭᠡᠰᠢᠭ ᠢᠪᠡᠭᠡᠭᠰᠡᠨ ᠡᠨᠡ ᠰᠠᠶᠢᠬᠠᠨ ᠨᠤᠳᠤᠭ ᠢᠶᠠᠨ ᠦᠶ᠎ᠡ ᠶᠢᠨ ᠦᠶ᠎ᠡ ᠳᠤ ᠪᠠᠨ ᠲᠡᠭᠡᠳᠤᠯᠡᠨ ᠪᠢᠰᠢᠷᠡᠵᠦ ᠠᠯᠳᠠᠨ ᠬᠠᠩᠭᠠᠢ ᠶᠢᠨ ᠤᠷᠤᠢ ᠳᠤ ᠤᠪᠤᠭ᠎ᠠ ᠪᠤᠰᠬᠠᠨ ᠰᠢᠳᠦᠨ ᠲᠡᠭᠡᠳᠤᠯᠡᠭᠰᠡᠨ ᠨᠢ ᠰᠦᠵᠢᠭ ᠢᠪᠡᠭᠡᠨ ᠰᠦᠨᠳᠡᠷᠯᠡᠨ᠎ᠡ᠃        ᠠᠮᠢᠨ ᠰᠦᠨᠡᠰᠤ ᠵᠢᠷᠦᠭᠡᠨ ᠠᠷᠭᠠᠮᠵᠢᠶ᠎ᠠ ᠨᠤᠳᠤᠭ ᠤᠨ ᠢᠪᠡᠭᠡᠯ ᠤᠨ ᠠᠴᠢ ᠳᠤ ᠬᠠᠶᠢᠷ᠎ᠡ ᠪᠠᠷ ᠢᠶᠠᠨ ᠲᠠᠷᠬᠠᠯᠠᠨ ᠭᠡᠨ ᠬᠦᠮᠦᠨ ᠤ ᠰᠦᠢᠳᠭᠡᠯ ᠡᠪᠳᠡᠭᠳᠡᠯ ᠢ ᠲᠠᠰᠤ ᠬᠤᠷᠢᠭᠯᠠᠨ ᠨᠠᠩᠵᠢᠳ ᠬᠦᠭᠰᠢᠨ ᠨᠤᠳᠤᠭ ᠢᠶᠠᠨ ᠰᠠᠬᠢᠨ᠎ᠠ᠃ ᠬᠠᠶ᠋ᠨ ᠵᠠᠷᠢᠮ ᠰᠠᠨᠠᠭᠤᠯᠭ᠎ᠠ ᠠᠪᠳᠠᠭ ᠦᠭᠡᠢ ᠬᠠᠷ᠎ᠠ ᠵᠢᠷᠦᠬᠡᠲᠡᠨ ᠲᠠᠢ ᠨᠢᠭᠤᠷ ᠤᠯᠠᠶᠢᠯᠭᠠᠨ ᠲᠡᠮᠡᠴᠡᠭᠡᠳ ᠨᠤᠳᠤᠭ ᠤᠨ ᠬᠦᠮᠦᠰ ᠤᠨ ᠴᠠᠢ ᠶᠢᠨ ᠵᠤᠭᠤᠭ ᠴᠦ ᠪᠤᠯᠵᠦ ᠭᠠᠷᠳᠠᠭ ᠪᠠᠶᠢᠯ᠎ᠠ᠃        ᠨᠢᠭᠡ ᠤᠳᠠᠭ᠎ᠠ ᠭᠠᠵᠠᠷ ᠰᠢᠨᠵᠢᠯᠡᠭᠡᠨ ᠤ ᠠᠩᠬᠢ ᠶᠢᠨ ᠭᠡᠳᠦᠨ ᠬᠦᠮᠦᠨ ᠦᠩ ᠰᠢᠮᠡᠯᠢᠭ ᠬᠦᠷᠦᠰᠤ ᠰᠢᠷᠤᠢ  ᠶᠢ ᠨᠢ ᠪᠠᠭ᠋ᠠᠷᠬᠠᠵᠦ᠂ ᠰᠤᠨᠢᠷᠬᠠᠯ ᠡᠪᠤᠷᠯᠡᠨ ᠪᠠᠶᠢᠴᠠᠭᠠᠬᠤ ᠪᠠᠷ ᠢᠷᠡᠨ᠎ᠡ ᠭᠡᠳᠡᠭ ᠢ ᠨᠠᠩᠵᠢᠳ ᠬᠦᠭᠰᠢᠨ ᠬᠦᠮᠦᠰ ᠤᠨ ᠶᠠᠷᠢᠶᠡᠨ ᠠᠴᠠ ᠭᠡᠰᠡᠭ ᠪᠤᠰᠤᠭ ᠰᠤᠨᠤᠰᠤᠭᠠᠳ ᠠᠭᠤᠷᠬᠠᠢ ᠪᠠᠶᠠᠯᠢᠭ ᠢ ᠨᠢ ᠨᠡᠭᠡᠭᠡᠵᠦ ᠠᠷᠢᠭᠤᠨ ᠨᠤᠳᠤᠭ ᠢ ᠨᠢ ᠡᠪᠳᠡᠬᠦ ᠨᠢ ᠬᠡᠵᠤ ᠠᠳᠡᠬᠦᠷᠡᠭᠡᠳ ᠰᠦᠷᠡᠬᠡᠢ ᠶᠡᠭᠡ ᠭᠡᠷᠡᠭ ᠪᠤᠯᠤᠯ᠎ᠡ᠃ ᠠᠭᠠᠭ ᠲᠠᠢ ᠴᠠᠢ ᠶᠢᠨ ᠠᠮᠳᠠᠯᠢᠭ ᠢ ᠰᠠᠨᠠᠭ᠎ᠠ ᠦᠭᠡᠢ᠂ ᠠᠭᠠᠷᠤᠤᠯ ᠬᠤᠷᠤᠳ ᠤᠨ ᠰᠢᠮ᠎ᠡ ᠶᠢ ᠴᠦ ᠪᠤᠳᠤᠭ᠎ᠠ ᠦᠭᠡᠢ ︽ᠲᠡᠷᠨ ᠪᠤᠯᠠᠢ ᠪᠤᠯᠤᠭᠰᠡᠨ ᠬᠠᠷ᠎ᠠ ᠦᠷᠦᠮᠳᠡᠬᠦᠷ ᠢᠶᠠᠷ ᠢᠶᠠᠨ ᠬᠠᠲᠠ ᠬᠠᠶᠢᠷᠬᠠᠨ ᠢ ᠰᠡᠪᠳᠦᠭᠡᠵᠦ᠂ ᠲᠤᠪᠤ ᠲᠤᠯᠤᠭᠠᠳ ᠢ ᠦᠯᠡᠳᠡᠭᠡᠯ ᠦᠭᠡᠢ ᠲᠡᠭᠰᠢᠯᠡᠴᠢᠬᠡᠳᠡᠭ ᠬᠠᠷ᠎ᠠ ᠰᠠᠪᠠᠷ ᠢᠶᠠᠷ ᠢᠶᠠᠨ ᠲᠠᠯ᠎ᠠ ᠶᠢᠨ ᠮᠢᠨᠢ ᠦᠷᠦᠴᠨ ᠶᠢ ᠰᠢᠷᠬᠠᠯᠠᠭᠤᠯᠴᠢᠬᠠᠳᠠᠭ ᠪᠤᠯᠪᠠᠤ ᠤᠤ ᠁︾ ᠭᠡᠳ ᠠᠯᠢ ᠤᠯᠡᠨ ᠢ ᠪᠠᠶᠢᠨ ᠲᠡᠬᠢᠨ ᠦᠭᠡᠯᠡᠨ ᠪᠤᠲᠤᠯ ᠰᠡᠳᠬᠢᠯ ᠠᠯᠭᠠᠰᠠᠭᠠᠳ ᠨᠤᠶᠢᠷ ᠬᠤᠯᠵᠢᠨ ᠭᠡᠳᠦᠨ ᠰᠦᠨᠢ ᠶᠢ ᠦᠩᠭᠡᠷᠡᠭᠡᠯ᠎ᠡ᠃ ᠠᠩᠭᠠᠯᠵᠠᠭᠤᠷ ᠨᠢᠯᠬ᠎ᠠ ᠣᠮᠪᠤᠯ ᠬᠦᠤ ᠨᠢ ᠴᠦ ᠭᠡᠷ ᠤᠨ ᠰᠡᠬᠦᠳᠡᠷ ᠲᠠᠬᠢ ᠴᠢᠯᠠᠭᠤᠨ ᠲᠤᠭᠯᠠᠭᠠᠮ ᠢᠶᠠᠨ ᠤᠷᠬᠢᠵᠦ᠂ ᠬᠠᠪᠴᠢᠯ ᠤᠨ ᠬᠦᠨᠳᠠᠢ ᠳᠠᠬᠢ ᠲᠡᠭᠷᠢ ᠶᠢᠨ ᠬᠠᠶᠠᠭ᠎ᠠ ᠲᠠᠢ ᠵᠠᠯᠭᠠᠯᠳᠤᠬᠤ ᠲᠡᠷᠲᠡᠭᠡ ᠵᠠᠮ ᠢ ᠨᠢᠳᠤ ᠰᠠᠯᠭᠠᠯ ᠦᠭᠡᠢ ᠰᠢᠷᠳᠡᠵᠦ᠂ ᠭᠡᠵᠢᠶ᠎ᠡ ᠨᠢᠭᠡ ᠭᠦᠷᠦᠭᠡᠳ ᠢᠷᠡᠬᠦ ᠳᠤᠨᠢ ᠮᠡᠳᠡᠶ᠎ᠡ ᠭᠡᠵᠤ ᠭᠡᠨᠡᠨ ᠨᠢᠯᠬᠠᠰᠠᠭ  ᠢᠶᠠᠷ ᠨᠢᠳᠤᠷᠭ᠎ᠠ ᠵᠠᠩᠬᠢᠳᠤᠨ᠎ᠠ᠃ ᠲᠤᠰᠬᠤ ᠨᠠᠷᠠᠨ ᠤ ᠭᠡᠷᠡᠯ ᠤᠶᠢᠯᠭᠠᠨ ᠬᠠᠷᠠᠯᠠᠨ ᠪᠤᠮᠪᠤᠶᠢᠭᠰᠡᠨ ᠬᠠᠴᠠᠷ ᠳᠤᠨᠢ ᠲᠤᠮᠤ ᠬᠦᠮᠦᠨ ᠤ ᠮᠠᠶ᠋ᠢᠭ ᠭᠠᠷᠴᠤ᠂ ᠬᠦᠮᠦᠰᠭᠡ ᠵᠠᠩᠬᠢᠳᠤᠨ ᠶᠡᠭᠡ ᠯᠨ ᠬᠢᠴᠢᠶᠡᠵᠦ ᠵᠤᠭᠰᠤᠨ᠎ᠡ᠃ ᠡᠮᠡᠭᠡ ᠶᠢᠨ ᠢᠶᠠᠨ ᠬᠠᠮᠤᠭ ᠤᠨ ᠲᠤᠮᠤ ᠬᠦᠷᠦᠩᠭᠡ ᠶᠢ ᠵᠠᠯᠭᠠᠨ ᠬᠦᠤ ᠲᠡᠶᠢᠮᠤ ᠯᠨ ᠶᠡᠭᠡ ᠤᠮᠤᠭᠳᠠᠢ ᠪᠠᠶᠢᠭᠰᠡᠨ ᠡ︕ ᠢᠩᠬᠢᠵᠦ ᠯᠨ ᠤᠯᠠᠷᠢᠨ ᠲᠠᠮᠵᠢᠭᠰᠡᠨ ᠬᠠᠶᠢᠷᠠᠨ ᠳᠤᠨᠢ ᠨᠤᠳᠤᠭ ᠤᠨ ᠢᠪᠡᠭᠡᠯ ᠲᠤᠭᠳᠠᠳᠠᠭ ᠤᠴᠢᠷ ᠲᠠᠢ ᠪᠠᠶᠢᠵᠠᠢ᠃        ᠦᠷᠯᠦᠭᠡ ᠶᠢᠨ ᠲᠤᠶᠠᠭᠠᠨ ᠳᠤ ᠪᠤᠳᠤᠯ ᠲᠠᠷᠤᠭᠳᠠᠵᠦ ᠬᠤᠯᠨ ᠶᠢᠨ ᠲᠡᠭᠷᠢ ᠬᠦᠭᠡᠷᠡᠨ᠎ᠡ᠃ ᠬᠠᠪᠴᠢᠯ ᠤᠨ ᠬᠦᠨᠳᠠᠢ ᠪᠠᠷ ᠢᠳᠠ ᠮᠡᠳᠠᠨ ᠲᠠᠪᠬᠢᠬᠤ ᠲᠡᠷᠭᠡ ᠬᠦᠭᠰᠢᠨ ᠤ ᠨᠢᠳᠤᠨ ᠳᠤ ᠦᠷᠲᠦᠬᠦᠯᠡᠷ ᠬᠦᠭᠰᠢᠨ ᠰᠠᠨᠳᠤᠷᠤᠨ ᠬᠦᠶᠦᠵᠦ ᠭᠠᠷᠬᠤ ᠳᠤᠨᠢ ᠭᠡᠷ ᠤᠨ ᠬᠤᠶᠢᠮᠤᠷ ᠭᠡᠪᠳᠡᠷᠢ ᠲᠠᠢ ᠬᠠᠯᠳᠠᠷ ᠨᠤᠬᠠᠢ ᠴᠦ ᠰᠤᠴᠢᠨ ᠪᠤᠰᠴᠤ ᠲᠦᠷᠪᠡᠨ ᠵᠦᠭ  ᠢ ᠠᠵᠢᠭᠯᠠᠨ᠎ᠠ᠃ ᠬᠦᠭᠰᠢᠨ ᠵᠠᠮ ᠢ ᠨᠢ ᠬᠦᠨᠲᠡᠯᠢᠰᠤᠨ ᠵᠤᠭᠰᠤᠴᠢᠬᠠᠭᠠᠳ ᠰᠦᠷ ᠦᠵᠡᠬᠦᠯᠬᠦ ᠨᠢ ᠲᠡᠷᠨ᠃ ᠲᠠᠮᠠᠢ ᠤᠳᠠᠯ ᠦᠭᠡᠢ ᠬᠦᠭᠰᠢᠨ ᠤ ᠤᠮᠪᠤᠯᠤ ᠬᠦᠤ ᠴᠦ ᠬᠦᠶᠦᠵᠦ ᠢᠷᠡᠯ᠎ᠡ᠃ ᠭᠠᠷ ᠲᠤ ᠪᠠᠨ ᠲᠤᠮᠤ ᠰᠢᠳᠠᠮ ᠠᠳᠬᠤᠨ ᠲᠠᠭᠠᠭᠠᠵᠦ ᠶᠠᠳᠠᠨ ᠡᠷᠬᠢᠬᠦᠯᠦᠨ᠎ᠡ᠃        ᠲᠡᠷᠭᠡ ᠠᠭᠠᠵᠢᠮ ᠢᠶᠠᠷ ᠨᠠᠭᠠᠰᠢᠯᠠᠨ᠎ᠠ᠃ ᠬᠦᠭᠰᠢᠨ ᠵᠠᠮ ᠲᠠᠯᠪᠢᠬᠤ ᠮᠠᠶ᠋ᠢᠭ ᠦᠭᠡᠢ᠃ ᠲᠡᠷᠭᠡᠨ ᠳᠠᠬᠢ ᠬᠦᠮᠦᠰ ᠮᠡᠯᠡ ᠭᠠᠶᠢᠬᠠᠨ ᠲᠡᠷᠭᠡ ᠪᠠᠨ ᠵᠤᠭᠰᠤᠭᠠᠯ᠎ᠠ᠃   ᠨᠢᠬᠡᠨ ᠵᠠᠯᠠᠭᠤ ᠬᠦᠩᠭᠡᠮᠰᠦᠭ ᠢᠶᠠᠷ ᠲᠡᠷᠭᠡᠨ ᠠᠴᠠ ᠪᠠᠨ  ᠪᠠᠭᠤᠵᠦ ᠢᠷᠡᠯ᠎ᠡ᠃ ᠲᠦᠪ ᠡᠷᠬᠢᠮᠰᠦᠭ ᠬᠤᠪᠴᠠᠰᠣ ᠲᠠᠢ᠂ ᠯᠤᠩᠬᠤᠨ ᠢᠷᠤᠭᠠᠷ ᠢᠶᠠᠷ ᠭᠡᠴᠢᠭᠡᠪᠡᠤ ᠭᠡᠮᠡᠷ ᠨᠢᠳᠤᠨ ᠰᠢᠯ ᠲᠠᠢ ᠵᠠᠯᠠᠭᠤ ᠬᠦᠭᠰᠢᠨ ᠲᠠᠢ ᠭᠡᠰᠡᠭ ᠶᠠᠷᠢᠶ᠎ᠡ ᠪᠤᠯᠵᠤ ᠢᠷᠠᠯᠳᠠ ᠵᠤᠷᠢᠯᠳᠠ ᠪᠠᠨ ᠲᠤᠳᠤᠷᠬᠠᠶᠢᠯᠠᠭᠰᠡᠨ ᠴᠦ ︽ᠵᠠᠯᠢ ᠭᠠᠷᠭᠠᠬᠤ ᠨᠢ ᠁ ᠵᠤᠯᠢᠭ︾ ᠬᠡᠵᠤ ᠬᠦᠭᠰᠢᠨ ᠰᠡᠳᠬᠢᠭᠡᠳ ᠤᠯᠠᠮ ᠨᠠᠭᠠᠰᠢ ᠦᠭᠡᠢ ᠪᠤᠯᠤᠭᠰᠡᠨ ᠭᠡᠷᠡᠭ᠃ ᠵᠢᠭᠠᠯ ᠬᠦᠤ ᠴᠦ ᠡᠮᠡᠭᠡ ᠶᠢᠨ ᠢᠶᠠᠨ ᠠᠷᠤ ᠳᠤ ᠨᠢᠭᠤᠭᠳᠠᠨ ᠮᠠᠭᠤᠬᠠᠢ ᠨᠢᠳᠤ ᠪᠠᠷ ᠰᠢᠷᠪᠢᠨ᠎ᠠ᠃ ᠠᠯᠢ ᠰᠡᠬᠦᠯᠡᠷ ᠨᠢ ᠲᠤᠰᠬᠤᠨ ᠤ ᠲᠠᠷᠤᠭ᠎ᠠ ᠢᠷᠡᠵᠦ ᠲᠠᠶᠢᠯᠪᠤᠷᠢᠯᠠᠭᠰᠠᠨ ᠠᠴᠠ ᠬᠦᠭᠰᠢᠨ ᠰᠠᠶ᠋ᠢ ᠰᠠᠨᠠᠭ᠎ᠠ ᠠᠮᠤᠷᠴᠤ ᠭᠡᠷ ᠲᠤ ᠪᠠᠨ ᠬᠠᠷᠢᠭᠰᠡᠨ ᠭᠡᠨ᠎ᠡ᠃        ᠬᠦᠬᠡᠷᠦᠬᠦᠢ ᠪᠤᠭᠤᠷᠤᠯ ᠮᠢᠨᠢ ᠠᠷᠢᠭᠤᠨ ᠴᠠᠭᠠᠨ ᠬᠠᠶᠢᠷ᠎ᠡ ᠪᠠᠷ ᠢᠶᠠᠨ ᠨᠤᠳᠤᠭ ᠤᠨ ᠢᠶᠠᠨ ᠰᠢᠷᠤᠢ ᠪᠠᠨ ᠤᠮᠳᠠᠯᠠᠵᠦ ᠪᠦᠪᠡᠶᠢᠯᠡᠭᠰᠡᠨ ᠶᠤᠮ ᠡ︕ ᠦᠳᠡᠯᠦᠭᠡ ᠨᠠᠰᠤᠨ ᠤ ᠪᠠᠨ ᠦᠴᠦᠭᠡᠨ ᠴᠢᠳᠠᠯ ᠢᠶᠠᠨ ᠴᠦ ᠨᠤᠳᠤᠭ ᠲᠤ  ᠪᠠᠨ ᠡᠷᠬᠦᠬᠦ ᠪᠠᠷ ᠵᠤᠷᠢᠭ᠎ᠠ ᠲᠤᠮᠤᠬᠠᠨ ᠬᠠᠶᠢᠷ᠎ᠡ ᠶᠢᠨ ᠬᠢᠨᠢ ᠵᠢᠵᠢᠭᠭᠡᠨ ᠢᠯᠡᠷᠡᠯ ᠡᠨᠡ ᠪᠢᠯᠡ᠃ ᠦᠷᠦᠴᠨ ᠵᠢᠷᠦᠬᠡᠨ  ᠳᠤ ᠪᠠᠨ ᠨᠤᠲᠤᠭ ᠣᠰᠤ ᠪᠠᠨ ᠲᠡᠭᠡᠲᠤᠯᠡᠨ ᠰᠢᠲᠦᠲᠡᠭ ᠮᠤᠩᠭᠤᠯᠴᠤᠳ ᠨᠤᠭᠤᠭᠠᠷᠠᠬᠤ ᠲᠠᠯ᠎ᠠ ᠪᠠᠨ ᠬᠠᠷ᠎ᠠ ᠮᠠᠯᠮᠠᠢ ᠳᠤ ᠪᠠᠨ‌ᠠᠬᠤᠭᠤᠯᠤᠨ᠂ ᠣᠭᠠᠯᠵᠠᠯᠠᠬᠤ ᠭᠤᠤᠯ ᠢᠶᠠᠨ ᠯᠣᠭᠰᠢᠬᠤ ᠰᠤᠲᠠᠰᠤ ᠪᠠᠨ ᠰᠢᠭ᠋ ᠬᠠᠶᠢᠷᠠᠯᠠᠵᠤ᠂ ᠬᠦᠷᠦᠰᠤᠨ ᠳᠤ ᠪᠠᠨ‌‍ᠰᠦ᠋ᠭ ᠰᠦᠨᠡᠰᠤ ᠪᠠᠨ ᠬᠠᠷᠠᠮ ᠦᠬᠡᠢ ᠰᠢᠩᠭᠡᠭᠡᠭᠰᠡᠨ ᠲᠡᠭᠡᠳᠦᠰ ᠮᠢᠨᠢ ᠤᠳᠤ ᠴᠦ ᠭᠡᠰᠡᠨ ᠨᠤᠳᠤᠭ ᠢᠶᠠᠨ ᠰᠠᠬᠢᠨ ᠬᠠᠮᠠᠭᠠᠯᠠᠵᠤ ᠪᠠᠶᠢᠬᠤ ᠨᠢ ᠯᠠᠪᠲᠠᠢ᠃        ᠭᠡᠵᠢᠶ᠎ᠡ ᠨᠢᠭᠡ ᠡᠳᠤᠷ ᠨᠤᠳᠤᠭ ᠤᠨ ᠢᠶᠠᠨ ᠤᠩᠭᠤᠨ ᠲᠠᠷᠬᠠᠨ ᠢ ᠡᠪᠲᠡᠨ ᠲᠡᠭᠦᠨ ᠤ ᠡᠯᠢᠭᠡ ᠶᠢ ᠰᠡᠪᠳᠦᠭᠡᠬᠦ ᠳᠤ ᠬᠦᠷᠪᠡᠯ ᠪᠢᠳᠠ ᠡᠪᠦᠭᠡ ᠲᠡᠭᠡᠳᠦᠰ ᠦᠷ᠎ᠡ ᠬᠤᠶᠢᠴᠢᠰ ᠲᠤ ᠪᠠᠨ ᠲᠦᠯᠦᠭᠡᠳ ᠪᠠᠷᠠᠰᠢ ᠦᠭᠡᠢ ᠦᠷᠢᠨ ᠳᠤ ᠣᠨᠠᠨ ᠠᠷᠢᠯᠭᠠᠵᠦ ᠲᠠᠭᠤᠰᠤᠰᠢ ᠦᠭᠡᠢ ᠨᠢᠬᠦᠯ ᠳᠤ ᠤᠴᠠᠷᠠᠨ᠎ᠠ᠃ ᠲᠡᠷᠨ ᠦᠶ᠎ᠡ ᠳᠤ ᠡᠲᠦᠷ ᠤᠨ ᠪᠤᠲᠤᠯ᠂ ᠰᠦᠨᠢ ᠶᠢᠨ ᠵᠡᠬᠦᠳᠤᠨ ᠳᠤ ᠴᠦ ᠦᠭᠡᠳᠠ ᠠᠴᠠ ᠴᠢᠨᠢ ᠨᠢᠯᠪᠤᠰᠤ ᠲᠤᠰᠤᠯᠭᠠᠨ  ᠭᠤᠨᠢᠨ ᠤᠬᠢᠯᠠᠭ᠎ᠠ ᠨᠤᠳᠤᠭ ᠴᠢᠨᠢ ᠦᠵᠡᠭᠳᠡᠬᠦ ᠪᠠᠶᠢᠬ᠎ᠠ︕        ᠨᠣᠳᠤᠭ ᠢᠶᠠᠨ ᠭᠡᠰᠡᠨ ᠰᠡᠳᠬᠢᠯ ᠳᠤ ᠴᠢᠨᠢ ᠤᠶᠠᠷᠠᠭᠰᠠᠨ ᠬᠦᠷᠦᠰᠦ ᠰᠢᠷᠦᠢ ᠮᠦᠩᠭᠡᠷᠡᠳᠡᠭ ᠶᠤᠮ ᠰᠢᠤ︕ ᠪᠤᠯᠤᠷ ᠰᠢᠭ᠋ ᠨᠠᠪᠳᠡ ᠬᠠᠷᠠᠭᠳᠠᠳᠠᠭ ᠬᠠᠶᠢᠷ᠎ᠠ ᠨᠢ ᠲᠡᠷᠨ ᠴᠦ ᠶᠤᠮ ᠤᠤ︖ ᠶᠠᠮᠠᠷ ᠲᠤᠩᠭᠠᠯᠠᠭ ᠪᠤᠢ︕ ᠴᠢᠯᠠᠭᠤ ᠰᠢᠭ᠋ ᠬᠠᠳᠠᠭᠤ ᠬᠠᠶᠢᠷ᠎ᠡ ᠨᠢ ᠮᠥᠨ ᠲᠡᠷᠨ ᠪᠢᠯᠨ ᠤᠤ︖ ᠶᠠᠮᠠᠷ ᠪᠠᠬᠢ ᠪᠤᠢ︕ ᠠᠯᠳᠠᠩᠬᠠᠨ ᠲᠡᠯᠡᠬᠡᠢ ᠳᠤ ᠭᠠᠭᠴᠠᠬᠠᠨ‌ᠣᠯᠲᠠᠭᠰᠠᠨ ᠮᠦᠩᠭᠡ ᠶᠢᠨ ᠦᠮᠴᠢ — ᠨᠤᠳᠤᠭ ᠤᠨ ᠮᠢᠨᠢ ᠲᠡᠭᠷᠢ ᠮᠠᠯᠳᠠᠶᠢᠨ ᠴᠡᠯᠮᠡᠭᠵᠢᠨ᠎ᠡ᠃ ᠲᠡᠭᠷᠢ ᠤᠶᠠᠷᠠᠭᠠᠵᠦ ᠭᠠᠵᠠᠷ ᠲᠤᠭᠲᠤᠯᠤᠭᠤᠯᠤᠨ ᠲᠠᠯ᠎ᠠ ᠶᠢᠨ ᠲᠠᠨᠵᠢ ᠬᠦᠭᠡᠷᠡᠨ ᠮᠦᠰᠢᠶᠡᠨ᠎ᠡ ᠁                                    ᠵᠢᠯᠤᠭᠤᠳᠤᠭᠰᠠᠨ ᠪᠠᠭᠰᠢ— ᠶᠢᠨᠬᠤᠸᠠ          
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号