ᠡᠪᠦᠭᠡ ᠶᠢᠨ ᠴᠡᠴᠠᠨ ᠰᠤᠷᠭᠠᠯ
ᠨᠡᠶᠢᠲᠡᠯᠡᠭᠰᠡᠨ ᠴᠠᠭ᠄
2020/3/31
                     ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠮᠦᠩᠬᠡᠪᠠᠲᠦ              ︽ᠮᠤᠩᠭᠤᠯ ᠤᠨ ᠦᠷᠡᠰ ᠭᠡᠳᠡᠭ ᠢᠶᠠᠨ ᠪᠠᠳᠤ ᠴᠡᠭᠡᠵᠢᠯᠡᠵᠤ᠂ ᠮᠤᠩᠭᠤᠯ ᠢᠶᠠᠨ ᠮᠠᠨᠳᠤᠭᠤᠯᠵᠤ ᠶᠠᠪᠤᠭᠠᠷᠠᠢ  ︕ ᠬᠦᠦ ᠮᠢᠨᠢ︕︾ ᠭᠡᠵᠤ ᠡᠪᠦᠭᠡ ᠮᠢᠨᠢ ᠨᠠᠲᠠ ᠰᠤᠷᠭᠠᠭᠰᠠᠨ ᠪᠢᠯᠡ᠃ ᠡᠪᠦᠭᠡ ᠶᠢᠨ ᠮᠢᠨᠢ ᠰᠤᠷᠭᠠᠯ ᠬᠡᠳᠦᠶᠢᠪᠡᠷ ᠶᠡᠭᠡ ᠪᠠᠭᠰᠢ᠂ ᠶᠡᠭᠡ ᠵᠤᠬᠢᠶᠠᠯᠴᠢ ᠶᠢᠨ ᠰᠢᠭ᠋ ᠤᠶᠠᠩᠭ᠎ᠠ ᠡᠭᠡᠰᠢᠭᠯᠢᠭ ᠪᠢᠰᠢ ᠴᠦ ᠡᠪᠦᠭᠡ ᠶᠢᠨ ᠮᠢᠨᠢ ᠮᠤᠩᠭᠤᠯ ᠢᠶᠠᠨ ᠭᠡᠬᠦ ᠵᠢᠷ ᠤᠨ ᠪᠤᠰᠤ ᠨᠠᠨᠳᠢᠨ ᠬᠠᠶᠢᠷ᠎ᠠ ᠠᠭᠤᠰᠤᠨ ᠰᠢᠩᠭᠡᠵᠤ ᠪᠠᠶᠢᠭ᠎ᠠ ᠨᠢ ᠣᠴᠢᠷᠳᠠᠢ᠃ ᠲᠡᠶᠢᠮᠤ ᠡ︕ ᠮᠤᠩᠭᠤᠯ ᠭᠡᠵᠤ ᠪᠠᠭᠠᠳᠤᠷ ᠤᠭᠰᠠᠭ᠎ᠠ᠂ ᠲᠦᠮᠡᠨ ᠳᠤ ᠲᠠᠭᠤᠷᠢᠰᠬᠤ ᠲᠡᠭᠷᠢᠯᠢᠭ ᠤᠭᠰᠠᠭ᠎ᠠ ᠡ︕ ᠡᠪᠦᠭᠡ ᠶᠢᠨ ᠵᠶ᠋ᠠᠨ‌‍ᠰᠤᠷᠭᠠᠯ ᠢ ᠪᠢ ᠪᠠᠳᠤ ᠴᠡᠭᠡᠵᠢᠯᠡᠵᠤ ᠶᠠᠪᠤᠨ᠎ᠠ᠃ ᠡᠪᠦᠭᠡ ᠮᠢᠨᠢ ᠭᠡᠵᠤ ᠨᠤᠳᠤᠭ ᠤᠨ ᠬᠦᠷᠦᠰᠦ ᠴᠤᠭᠤᠷᠠᠳᠠᠯ᠎ᠠ ᠰᠠᠭᠤᠭᠰᠠᠨ ᠡᠭᠡᠯ ᠵᠢᠷ ᠤᠨ ᠬᠤᠨᠢᠴᠢᠨ ᠡᠪᠦᠭᠡᠨ᠂ ᠡᠪᠦᠭᠡ ᠮᠢᠨᠢ ᠬᠦᠨᠳᠡᠢ ᠶᠢᠨ ᠮᠦᠩᠭᠦᠨ ᠲᠠᠯ᠎ᠠ ᠲᠡᠭᠡᠷ᠎ᠡ ᠬᠤᠷᠠᠭ᠎ᠠ ᠲᠤᠭᠤᠯ ᠲᠠᠢ ᠡᠷᠬᠡᠯᠡᠵᠤ ᠵᠢᠷᠭᠠᠭᠰᠠᠨ ᠪᠠᠯᠴᠢᠷ ᠨᠠᠰᠤ ᠪᠠᠨ᠂ ᠠᠳᠠᠷ ᠤᠨ ᠪᠤᠭᠤᠷᠤᠯ ᠬᠦᠷᠦᠰᠦᠨ ᠲᠡᠭᠡᠷ᠎ᠡ ᠡᠮᠨᠢᠭ ᠴᠢᠬᠢᠳᠡᠭᠰᠡᠨ ᠭᠠᠯᠳᠠᠢ ᠨᠠᠰᠤ ᠪᠠᠨ᠂ ᠬᠦᠪᠴᠢ ᠶᠢᠨ ᠴᠡᠩᠭᠡᠷ ᠬᠠᠩᠭᠠᠢ ᠪᠠᠷ ᠬᠤᠨᠢ ᠬᠠᠷᠢᠭᠤᠯᠤᠭᠰᠠᠨ ᠦᠳᠡᠯᠤᠭᠡ ᠨᠠᠰᠤ ᠪᠠᠨ ᠨᠤᠳᠤᠭ ᠤᠨ ᠨᠤᠶᠠᠨ ᠰᠠᠯᠬᠢᠨ ᠳᠤ ᠠᠭᠤᠰᠬᠠᠵᠤ ᠶᠠᠪᠤᠭᠰᠠᠨ ᠬᠦᠬᠡ ᠲᠤᠯᠪᠤ ᠲᠠᠢ ᠮᠤᠩᠭᠤᠯ ᠡᠷ᠎ᠡ ᠬᠦᠮᠦᠨ ᠡ︕        ᠡᠪᠦᠭᠡ ᠮᠢᠨᠢ ᠵᠠᠯᠠᠭᠤ ᠳᠤ ᠪᠠᠨ ᠪᠦᠬᠡ ᠰᠠᠶᠢᠨ ᠪᠠᠷᠢᠯᠳᠤᠵᠤ ᠶᠠᠪᠤᠭᠰᠠᠨ ᠮᠦᠷᠳᠡᠭᠡᠨ ᠤᠯᠠᠨ ᠳᠤ ᠪᠠᠨ ᠱᠠᠭᠰᠢᠭᠳᠠᠭᠰᠠᠨ ᠠᠳᠤᠭᠤᠴᠢᠨ ᠪᠠᠶᠢᠵᠤ ︽ᠡᠮᠨᠢᠭᠴᠢᠨ ᠲᠦᠳᠤᠪ︾ ᠨᠡᠷ᠎ᠡ ᠶᠢ ᠬᠤᠯᠠ ᠤᠶᠢᠷ᠎ᠠ ᠳᠤ ᠠᠯᠳᠠᠷᠰᠢᠭᠤᠯᠵᠤ ᠪᠠᠶᠢᠭᠰᠠᠨ ᠭᠡᠳᠡᠭ᠃ ᠭᠡᠪᠡᠴᠤ ᠣᠲᠣ ᠦᠨᠦᠬᠢ ᠡᠮᠨᠢᠭ ᠴᠢᠬᠢᠳᠡᠵᠤ᠂ ᠪᠦᠬᠡ ᠨᠤᠴᠤᠯᠳᠤᠭᠰᠠᠨ ᠬᠠᠩᠬᠠᠭᠠᠷ ᠡᠷ᠎ᠡ ᠨᠢᠭᠡᠨᠳᠡ ᠬᠤᠷᠠᠭ᠎ᠠ ᠰᠡᠭᠦᠯᠳᠡᠵᠤ᠂ ᠬᠤᠨᠢ ᠬᠠᠷᠢᠭᠤᠯᠤᠭᠰᠠᠨ ᠬᠠᠳᠠᠩᠬᠢᠷ ᠬᠠᠷ᠎ᠠ ᠡᠪᠦᠭᠡᠨ ᠪᠤᠯᠵᠤ ᠬᠤᠪᠢᠷᠠᠵᠠᠢ᠃        ᠡᠪᠦᠭᠡ ᠮᠢᠨᠢ ᠵᠠᠯᠠᠭᠤ ᠽᠠᠨᠳᠠᠨ ᠨᠠᠰᠤᠨ ᠳᠤ ᠪᠠᠨ ᠬᠡᠳᠤᠶᠢᠪᠡᠷ ᠪᠢᠴᠢᠭ ᠡᠷᠳᠡᠮ ᠤᠨ ᠮᠦᠷ ᠢ ᠬᠦᠭᠡᠭᠡᠵᠤ ᠴᠢᠳᠠᠭ᠎ᠠ ᠦᠭᠡᠢ ᠪᠤᠯᠪᠠᠴᠤ ᠡᠬᠡ ᠰᠤᠶᠤᠯ ᠤᠨ ᠢᠶᠠᠨ ᠠᠷᠢᠭᠤᠨ ᠰᠤᠳᠠᠰᠤᠨ ᠠᠴᠠ ᠡᠬᠢ ᠠᠪᠴᠤ᠂  ᠶᠠᠷᠢᠶ᠎ᠠ ᠬᠦᠭᠡᠷᠦᠭᠡ ᠲᠠᠢ ᠬᠦᠮᠦᠨ ᠪᠤᠯᠤᠭᠰᠠᠨ ᠨᠢ ᠪᠢᠰᠢᠷᠡᠭᠦᠰᠢᠳᠠᠢ᠃        ᠪᠢ᠂ ᠡᠪᠦᠭᠡ ᠶᠢᠨ ᠢᠶᠠᠨ ᠤᠤᠭᠠᠨ ᠰᠤᠶᠤᠯ᠂ ᠤᠨᠠᠭᠠᠨ ᠪᠠᠶᠢᠭᠠᠯᠢ᠂ ᠠᠮᠢᠳᠤᠷᠠᠯ ᠵᠠᠩᠰᠢᠯ ᠳᠤ ᠪᠠᠨ ᠬᠠᠶᠢᠷᠠᠳᠠᠢ ᠪᠠᠶᠢᠳᠠᠭ ᠢ   ᠨᠢ ᠲᠡᠭᠦᠨ ᠤ ᠡᠭᠡᠯ ᠵᠢᠷ ᠤᠨ ᠦᠭᠡ ᠵᠤᠭᠤᠭ᠂ ᠶᠠᠷᠢᠶ᠎ᠠ ᠬᠦᠭᠡᠷᠦᠭᠡ ᠠᠴᠠ ᠨᠢ ᠤᠶᠢᠯᠠᠭᠠᠨ ᠬᠦᠨᠳᠦᠳᠤ ᠡᠪᠦᠭᠡ ᠪᠠᠨ ᠨᠡᠩᠳᠡ ᠪᠢᠰᠢᠷᠡᠨ ᠬᠠᠶᠢᠷᠠᠯᠠᠬᠤ ᠪᠤᠯᠤᠭᠰᠠᠨ ᠶᠤᠮ ᠡ  ᠃ ᠡᠪᠦᠭᠡ ᠲᠠᠩᠳᠠ ᠨᠠᠮ᠎ᠠ ᠶᠢ ︽ᠰᠤᠶᠤᠯ ᠵᠠᠩᠰᠢᠯ᠂ ᠦᠨᠳᠦᠰᠤᠳᠡᠨ ᠤᠭᠰᠠᠭ᠎ᠠ ᠪᠠᠨ ᠲᠡᠯᠭᠡᠷᠡᠭᠦᠯᠵᠤ ᠬᠦᠭᠵᠢᠭᠦᠯᠵᠤ ᠶᠠᠪᠤᠭᠠᠷᠠᠢ︾ ᠭᠡᠵᠤ ᠰᠤᠷᠭᠠᠨ ᠮᠤᠩᠭᠤᠯ ᠠᠮᠢᠳᠤᠷᠠᠯ ᠢ ᠲᠠᠨᠢᠭᠤᠯᠬᠤ ᠪᠠᠷ ᠬᠦᠴᠦᠯᠡᠨ ᠴᠢᠮᠠᠶᠢᠳᠠᠭ ᠰᠠᠨ᠃ ᠨᠠᠳᠠ ᠴᠢᠳᠤᠷ ᠮᠤᠰᠬᠢᠬᠤ ᠠᠴᠠ ᠡᠬᠢᠯᠡᠨ ᠂ ᠮᠤᠩᠭᠤᠯ ᠭᠡᠷ ᠪᠤᠰᠬᠠᠬᠤ᠂ ᠪᠦᠬᠡ ᠶᠢᠨ ᠮᠡᠭᠡ ᠬᠢᠴᠡ᠂ ᠡᠮᠨᠢᠭ ᠰᠤᠷᠭᠠᠬᠤ ᠲᠡᠮ ᠬᠦᠷᠳᠡᠯ᠎ᠡ ᠴᠢᠳᠠᠬᠤ ᠶᠢᠨ  ᠴᠢᠨᠡᠭᠡ ᠪᠠᠷ ᠵᠢᠭᠠᠵᠤ ᠲᠤᠬᠢᠨ᠂ ᠨᠠᠮ᠎ᠠ ᠶᠢ ᠮᠤᠩᠭᠤᠯ ᠠᠮᠢᠳᠤᠷᠠᠯ᠂ ᠮᠤᠩᠭᠤᠯ ᠵᠠᠩᠰᠢᠯ ᠲᠠᠢ ᠠᠭᠤᠰᠬᠠᠨ ᠨᠡᠶᠢᠯᠡᠭᠦᠯᠦᠭᠰᠡᠨ ᠪᠢᠯᠡ᠃        ᠬᠠᠪᠤᠷ ᠰᠠᠭᠠᠳᠠᠵᠤ ᠬᠠᠭᠳᠠ ᠨᠢᠳᠦᠯᠡᠭᠰᠡᠨ ᠨᠢᠭᠡᠨ ᠦᠷᠯᠦᠭᠡ ᠡᠪᠦᠭᠡ ᠮᠢᠨᠢ ᠨᠠᠮ᠎ᠠ ᠶᠢ ᠨᠠᠷᠠ ᠪᠢᠳᠡᠭᠦᠦ ᠪᠠᠷ ᠲᠠᠭᠤᠳᠠᠨ ᠰᠡᠷᠡᠭᠡᠵᠤ ᠵᠡᠭᠦᠨ ᠡᠮᠦᠨᠡᠬᠢ ︽ᠦᠨᠡᠭᠡᠳᠤ ᠶᠢᠨ ᠠᠭᠤᠯᠠ︾ ᠶᠢ ᠴᠢᠭᠯᠡᠯ᠎ᠡ᠃ ᠬᠠᠪᠤᠷ ᠤᠨ ᠦᠷᠯᠦᠭᠡ ᠭᠡᠵᠤ ᠰᠠᠶᠢᠬᠠᠨ ᠯᠠ ᠪᠠᠶᠢᠵᠤ ᠴᠢᠬᠢᠭ ᠲᠠᠲᠠᠭᠰᠠᠨ ᠴᠡᠪᠡᠷ ᠠᠭᠠᠷ ᠰᠡᠳᠬᠢᠯ ᠵᠢᠷᠦᠬᠡ ᠶᠢ ᠲᠤᠩᠭᠠᠯᠠᠭᠰᠢᠭᠤᠯᠵᠤ ᠰᠠᠶ᠋ᠢᠬᠠᠨ ᠨᠢᠳᠦᠯᠡᠭᠰᠡᠨ ᠬᠠᠭᠳᠠ ᠨᠤᠭᠤᠭᠠᠨ ᠠᠮᠢᠰᠬᠤᠯ ᠨᠡᠮᠡᠷᠢᠯᠡᠨ᠎ᠡ᠃ ᠡᠮᠦᠨ᠎ᠡ ᠲᠤᠤᠷ᠎ᠠ ᠪᠠᠶᠢᠭ᠎ᠠ ︽ᠲᠦᠨᠲᠦᠬᠦᠷ ᠤᠨ ᠤᠷᠤᠢ ︾ ᠳᠡᠭᠡᠷ᠎ᠡ ᠠᠴᠠ ᠠᠶᠢᠯ ᠢᠶᠠᠨ ᠪᠠᠷᠠᠯᠠᠬᠤ ᠳᠤ ᠵᠢᠭᠳᠡᠷᠡᠭᠰᠡᠨ‌ᠤᠯᠠᠭᠠᠨ ᠪᠠᠶᠢᠰᠢᠩ ᠤᠳ ᠤᠨ ᠬᠤᠯᠠᠩ ᠠᠴᠠ ᠠᠷᠭᠠᠯ ᠤᠨ ᠴᠡᠩᠭᠡᠷ ᠤᠳᠤᠭ᠎ᠠ ᠰᠤᠭᠤᠨᠠᠭᠯᠠᠨ ᠵᠠᠩᠬᠢᠳᠴᠤ ᠠᠮᠤᠭᠤᠯᠠᠩ ᠦᠷᠯᠦᠭᠡᠨ ᠤ ᠨᠠᠮ ᠬᠦᠮ ᠢ ᠡᠪᠳᠡᠨ᠎ᠡ᠃ ᠠᠶᠢᠯ ᠤᠨ ᠪᠠᠷᠠᠭᠤᠨ ᠲᠠᠯ᠎ᠠ ᠶᠢᠨ ᠪᠠᠭ᠎ᠠ ᠰᠤᠷᠭᠠᠭᠤᠯᠢ ᠶᠢᠨ ᠬᠦᠷᠢᠶᠡᠨ ᠳᠤ ᠰᠤᠷᠤᠭᠴᠢᠳ ‍ᠤᠨ‌ᠤᠰᠤ ᠵᠦᠭᠡᠭᠡᠵᠤ ᠪᠠᠶᠢᠭ᠎ᠠ ᠨᠢ ᠬᠠᠷᠠᠭᠳᠠᠨ᠎ᠠ᠃ᠡᠪᠦᠭᠡ ᠪᠢᠳᠠ ᠬᠤᠶᠠᠭᠤᠯᠠ ᠠᠮᠠᠷᠠᠵᠤ ᠬᠤᠶᠠᠷ ᠲᠠᠪᠠᠭ᠎ᠠ ᠲᠠᠪᠠᠵᠤ ︽ᠦᠨᠡᠭᠡᠳᠤ ᠶᠢᠨ ᠠᠭᠤᠯᠠ︾ ᠶᠢᠨ ᠭᠤᠤᠯ ᠤᠷᠤᠢ ᠳᠤ ᠭᠠᠷᠤᠯ᠎ᠠ᠃        ᠡᠬᠡ ᠨᠤᠳᠤᠭ ᠤᠨ ᠲᠦᠮᠡᠨ ᠲᠦᠷᠰᠤ ᠬᠠᠷᠠᠭᠠᠨ ᠳᠤ ᠠᠮᠢᠯᠠᠯ᠎ᠠ᠃ ᠲᠡᠷᠳᠡᠭᠡ ᠬᠤᠯᠠ ᠠᠴᠠ ︽ᠨᠠᠮᠤᠷ ᠤᠨ ᠭᠤᠤᠯ︾ ᠲᠠᠤᠯᠠᠢ ᠶᠢᠨ ᠭᠦᠶᠦᠳᠡᠯ ᠢᠶᠠᠷ ᠵᠢᠷᠢᠯᠵᠡᠨ᠂ ᠨᠠᠯᠠᠶᠢᠨ ᠴᠡᠯᠡᠶᠢᠭᠰᠡᠨ ︽ᠬᠠᠪᠳᠠᠭᠠᠢ ᠶᠢᠨ ᠲᠠᠯ᠎ᠠ︾ ᠡᠩ ᠦᠭᠡᠢ ᠬᠡᠪᠢᠰ ᠮᠡᠳᠤ ᠤᠷᠳᠤᠯᠵᠠᠨ᠎ᠠ᠃ ᠭᠤᠤᠯ ᠤᠨ ᠲᠤᠬᠤᠢ ᠳᠤ ᠵᠢᠭᠳᠡᠷᠡᠭᠰᠡᠨ ᠤᠯᠠᠭᠠᠨ ᠪᠠᠶᠢᠰᠢᠩ ᠤᠳ ᠬᠠᠷᠠᠭᠳᠠᠨ᠎ᠠ᠃        ᠡᠪᠦᠭᠡ ᠮᠢᠨᠢ ᠡᠬᠡ ᠨᠤᠳᠤᠭ ᠤᠨ ᠢᠶᠠᠨ ᠪᠦᠳᠦᠨ ᠲᠦᠷᠰᠦ ᠶᠢ ᠬᠠᠷᠠᠭᠰᠠᠨ ᠳᠤ ᠪᠠᠨ ᠴᠡᠭᠡᠵᠢ ᠨᠢ ᠤᠩᠭᠤᠶᠢᠭᠰᠠᠨ ᠪᠤᠯᠤᠯᠳᠠᠢ᠃ ᠰᠡᠳᠬᠢᠯ ᠲᠠᠶᠢᠪᠤᠩ ᠢᠨᠢᠶᠡᠮᠰᠦᠭᠯᠡᠨ᠎ᠡ᠃ ᠲᠡᠭᠡᠭᠰᠡᠨ ᠢᠶᠠᠨ᠄ ︽ᠨᠤᠳᠤᠭ ᠢᠶᠠᠨ ᠰᠠᠶᠢᠬᠠᠨ ᠠᠵᠢᠭᠠᠷᠠᠢ ᠬᠦᠦ ᠮᠢᠨᠢ︕ ᠨᠤᠳᠤᠭ ᠭᠡᠳᠡᠭ ᠬᠤᠤᠰ ᠦᠭᠡᠢ ᠶᠤᠮ ᠰᠢᠤ︕︾ ᠭᠡᠯ᠎ᠡ᠃ ᠪᠢ ᠲᠤᠯᠤᠭᠠᠢ ᠲᠤᠬᠢᠪᠠ᠃ ᠡᠪᠦᠭᠡ ᠪᠠᠭ᠋ᠠᠨ ᠰᠠᠨᠠᠭ᠎ᠠ ᠠᠯᠳᠠᠭᠰᠠᠨ ᠢᠶᠠᠨ᠄ ︽ᠡᠨᠡ ᠶᠡᠭᠡ ᠲᠠᠯ᠎ᠠ ᠶᠢ ︿ᠬᠠᠪᠳᠠᠭᠠᠢ ᠵᠢᠨ‌‍ᠲ᠋ᠠᠯ᠎ᠠ﹀ ᠭᠡᠳᠡᠭ ᠶᠤᠮ᠃ ᠲᠡᠷᠳᠡᠭᠡ ᠬᠦᠬᠡᠷᠡᠬᠦ ︿ᠬᠠᠪᠳᠠᠭᠠᠢ ᠶᠢᠨ ᠠᠭᠤᠯᠠ﹀ ᠠᠴᠠ ᠪᠤᠯᠵᠤ ᠲᠡᠭᠡᠵᠤ ᠨᠡᠷᠡᠯᠡᠭᠳᠡᠭᠰᠡᠨ ᠶᠤᠮ᠃ ᠠᠩᠬᠠᠨ ᠳᠤ ᠪᠠᠨ ᠪᠢᠳᠠ ᠡᠨᠡᠭᠦᠷ ᠨᠠᠢᠮᠠᠨ ᠬᠠᠨᠠᠳᠤ ᠪᠠᠷ ᠢᠶᠠᠨ ᠨᠡᠭᠦᠳᠡᠯᠯᠡᠨ ᠠᠮᠢᠳᠤᠷᠠᠵᠤ ᠪᠠᠶᠢᠭᠰᠠᠨ᠂ ᠵᠢᠯ ᠤᠨ ᠲᠦᠷᠪᠡᠨ ᠤᠯᠠᠷᠢᠯ ᠳᠤ ᠡᠪᠡᠰᠤᠨ ᠤ ᠰᠤᠷᠭᠤᠭ᠂ ᠤᠰᠤᠨ ᠤ ᠲᠤᠩᠭᠠᠯᠠᠭ ᠢ ᠲᠠᠭᠠᠨ ᠤᠨᠳᠤᠷᠤᠳᠠᠭ ᠪᠢᠯᠡ᠃ ᠠᠭᠳᠠ ᠮᠤᠷᠢᠨ ᠳᠤ ᠪᠠᠨ ᠮᠤᠷᠲᠠᠨ ᠤᠷᠳᠤ ᠶᠢᠨ ᠲᠠᠭᠤᠤ ᠪᠠᠨ ᠲᠠᠭᠤᠯᠠᠭᠠᠳ ︿ᠬᠠᠪᠳᠠᠭᠠᠢ ᠶᠢᠨ ᠲᠠᠯ᠎ᠠ﹀ ᠪᠠᠷ ᠲᠤᠭᠤᠰᠤ ᠲᠠᠲᠠᠳᠠᠯ᠎ᠠ ᠲᠤᠪᠳᠤᠯᠳᠠᠭ ᠪᠠᠶᠢᠭᠰᠠᠨ᠃ ᠪᠠᠰᠠ ᠡᠮᠨᠢᠭ ᠰᠤᠷᠭᠠᠵᠤ᠂ ᠪᠦᠬᠡ  ᠪᠠᠷᠢᠯᠳᠤᠨ ᠡᠷ᠎ᠡ ᠴᠢᠲᠠᠯ ᠵᠶ᠋ᠠᠨ‌ᠦᠵᠡᠯᠴᠡᠳᠡᠭ ᠪᠠᠶᠢᠯ᠎ᠠ᠃ ᠪᠦᠰᠡᠭᠦᠶᠢᠴᠤᠤᠳ ᠨᠢ ᠦᠢᠯᠡ ᠤᠳᠠᠰᠤ ᠪᠠᠨ ᠣᠶᠣᠨ ᠰᠦ ᠰᠠᠭᠠᠯᠢ ᠪᠠᠨ ᠡᠳ᠋ᠰᠢᠬᠦᠯᠵᠤ ᠠᠮᠢᠲᠤᠷᠠᠯ ᠠᠬᠤᠢ ᠪᠠᠨ ᠲᠥᠪᠬᠢᠨᠡᠭᠦᠯᠳᠡᠭ ᠪᠠᠶᠢᠯ᠎ᠠ︾ ᠭᠡᠵᠤ ᠮᠠᠰᠢ ᠲᠤᠭᠳᠤᠯᠤᠩᠭᠤᠢ ᠬᠡᠯᠡᠵᠤ ᠲᠠᠮᠠᠬᠢ  ᠪᠠᠨ ᠰᠤᠷᠤᠯ᠎ᠠ᠃ ︽ᠤᠳᠤ ᠲᠡᠳᠡᠭᠡᠷ ᠵᠦᠢᠯᠡᠰ ᠪᠤᠲᠠᠲᠤ ᠠᠮᠢᠲᠦᠷᠠᠯ ᠠᠴᠠ ᠠᠶᠠᠷᠯᠠᠨ ᠪᠤᠲᠤᠯ ᠵᠢᠷᠦᠬᠡᠨ ᠳᠤ ᠯᠠ ᠬᠤᠴᠤᠷᠤᠯ᠎ᠠ᠃ ᠤᠳᠤ ᠪᠢᠳᠠ ᠨᠡᠭᠦᠳᠡᠯ ᠠᠮᠢᠳᠤᠷᠠᠯ ᠢᠶᠠᠨ ᠤᠷᠬᠢᠨ ᠵᠢᠯ ᠤᠨ ᠲᠦᠷᠪᠡᠨ ᠴᠠᠭ ᠪᠠᠶᠢᠰᠢᠩ ᠭᠡᠷ ᠲᠤ ᠨᠢᠭᠡ ᠯᠡ ᠭᠠᠵᠠᠷ ᠢ ᠲᠦᠰᠢᠨ ᠰᠠᠭᠤᠳᠠᠭ ᠪᠤᠯᠤᠯ᠎ᠠ᠃ ᠠᠳᠤᠭᠤ ᠮᠠᠯ ᠴᠦᠬᠡᠷᠡᠨ ᠲᠡᠷᠭᠡ ᠮᠤᠲ᠋ᠤᠷ ᠣᠯᠠᠰᠢᠷᠠᠨ ᠡᠷᠡᠴᠤᠳ ᠨᠢ ᠴᠢᠳᠤᠷ ᠮᠤᠰᠬᠢᠵᠤ ᠴᠢᠳᠠᠬᠤ ᠦᠭᠡᠢ᠂ ᠬᠡᠤᠬᠡᠨᠴᠤᠳ ᠨᠢ ᠦᠢᠯᠡ ᠤᠶᠤᠳᠠᠯ ᠮᠡᠳᠡᠬᠦ ᠦᠭᠡᠢ ᠪᠤᠯᠵᠠᠢ  ︾ ᠭᠡᠳ‌‍ᠰᠡᠳᠬᠢᠯ ᠤᠨ ᠭᠦᠨ ᠳᠠᠬᠢ ᠵᠤᠪᠠᠯ ᠭᠤᠨᠢᠭ ᠪᠦᠬᠦᠨ ᠢᠶᠠᠨ ᠮᠠᠷᠲᠠᠬᠤ ᠪᠠᠷ ᠲᠠᠮᠠᠬᠢ ᠪᠠᠨ ᠰᠢᠨᠤᠯᠲᠠᠶᠢᠬᠠᠨ ᠰᠣᠷᠣᠯ᠎ᠠ᠃ ᠡᠪᠦᠭᠡ ᠶᠢᠨ ᠬᠠᠳᠠᠵᠤ ᠰᠢᠷᠬᠢᠭᠰᠡᠨ ᠬᠤᠩᠬᠤᠷ ᠨᠢᠳᠤᠨ ᠳᠤ ᠬᠠᠷᠠᠮᠰᠠᠯ ᠭᠤᠳᠤᠷᠠᠯ ᠤᠨ ᠬᠦᠬᠡ ᠤᠨᠢᠶᠠᠷ ᠰᠠᠭᠤᠭᠰᠠᠨ ᠢ ᠪᠢ ᠠᠵᠢᠵᠠᠢ᠃ ᠡᠪᠦᠭᠡ ᠲᠤᠯᠤᠭᠠᠢ ᠶᠢ ᠮᠢᠨᠢ ᠢᠯᠪᠢᠨ᠄ ︽ᠪᠤᠰᠤᠳ ᠤᠨ ᠰᠠᠶᠢᠬᠠᠨ ᠵᠦᠢᠯᠡᠰ ᠢ ᠰᠤᠷᠤᠭᠠᠨᠳ ᠦᠪᠡᠷ ᠤᠨ ᠶᠠᠭᠤᠮ᠎ᠠ ᠪᠠᠨ ᠮᠠᠷᠳᠠᠵᠤ ᠪᠤᠯᠬᠤ ᠦᠭᠡᠢ᠂ ᠰᠤᠨᠤᠰᠬᠤᠯᠠᠷ ᠮᠢᠨᠤ ᠬᠦᠦ ᠶᠢᠨ ᠰᠤᠷᠳᠠᠭ ᠦᠨᠦ ᠴᠠᠬᠢᠯᠭᠠᠨ ᠤ ᠮᠡᠷᠭᠡᠵᠢᠯ ᠨᠢ ᠮᠠᠰᠢ ᠰᠤᠨᠢᠷᠬᠠᠯᠳᠠᠢ ᠭᠡᠨ᠎ᠡ ᠤᠤ︖ ᠭᠡᠪᠡᠴᠤ ᠬᠦᠦ ᠮᠢᠨᠢ ᠴᠢ ᠴᠢᠳᠤᠷ ᠢᠶᠠᠨ ᠴᠦ ᠮᠤᠰᠬᠢᠳᠠᠭ᠂ ᠴᠠᠬᠢᠯᠭᠠᠨ ᠢᠶᠠᠨ ᠴᠦ ᠤᠷᠤᠯᠳᠤᠳᠠᠭ ᠬᠦᠮᠦᠨ ᠪᠤᠯᠵᠤ ᠬᠦᠮᠦᠵᠢᠭᠳᠡᠭᠡᠷᠡᠢ︾ ᠭᠡᠯ᠎ᠡ᠃ ᠪᠢ ᠲᠤᠯᠤᠭᠠᠢ ᠲᠤᠬᠢᠨ ᠰᠡᠳᠬᠢᠯ ᠵᠢᠷᠦᠬᠡᠨ ᠳᠤ ᠪᠠᠨ ᠡᠪᠦᠭᠡ ᠶᠢᠨ ᠴᠡᠴᠡᠨ ᠰᠤᠷᠭᠠᠯ ᠢ ᠪᠠᠳᠤ ᠴᠡᠭᠡᠵᠢᠯᠡᠵᠤ ᠶᠠᠪᠤᠨ᠎ᠠ ᠭᠡᠵᠤ ᠴᠢᠩᠭ᠎ᠠ ᠰᠢᠢᠳᠴᠤ ᠪᠢᠯᠡ᠃        ᠡᠪᠦᠭᠡ᠄ ︽ᠬᠦᠦ ᠶᠢ ᠪᠠᠨ ᠡᠷᠳᠡ ᠰᠡᠷᠡᠭᠡᠭᠰᠡᠨ ᠨᠢ ᠬᠤᠶᠠᠭᠤᠯᠠ ᠨᠤᠳᠤᠭ ᠤᠰᠤ ᠪᠠᠨ ᠬᠠᠷᠠᠵᠤ ᠰᠡᠳᠬᠢᠯ  ᠤᠨ ᠦᠭᠡ ᠪᠠᠨ ᠲᠡᠯᠭᠡᠶ᠎ᠡ ᠭᠡᠵᠤ ᠰᠠᠨᠠᠭᠰᠠᠨ ᠶᠤᠮ᠂ ᠤᠳᠤ ᠰᠠᠨᠠᠭ᠎ᠠ ᠪᠠᠨ ᠬᠦᠢᠴᠡᠬᠡᠯ᠎ᠠ᠂ ᠲᠤᠳᠤᠷ᠎ᠠ ᠮᠢᠨᠢ ᠠᠭᠤᠵᠢᠷᠠᠯ᠎ᠠ᠃ ᠬᠤᠵᠢᠮ ᠬᠤᠶᠢᠰᠢᠳᠠ ᠪᠠᠨ ᠬᠦᠦ ᠮᠢᠨᠢ ᠡᠪᠦᠭᠡ ᠶᠢᠨ ᠢᠶᠠᠨ ᠬᠡᠯᠡᠭᠰᠡᠨ ᠢ ᠰᠠᠨᠠᠵᠤ ᠶᠠᠪᠤ︾ ᠭᠡᠯ᠎ᠡ᠃ ᠡᠪᠦᠭᠡ ᠲᠠᠮᠠᠬᠢ ᠪᠠᠨ ᠤᠨᠲᠠᠷᠠᠭᠠᠬᠤ ᠶᠢᠨ ᠲᠠᠭᠠᠣ᠄ ︽ᠬᠦᠦ ᠮᠢᠨᠢ ᠬᠤᠶᠠᠭᠤᠯᠠ ᠭᠡᠷ ᠲᠤ ᠪᠠᠨ ᠪᠤᠴᠠᠶ᠎ᠠ︾ ᠭᠡᠪᠡ᠃ ᠡᠪᠦᠭᠡ ᠪᠢᠳᠠ ᠬᠤᠶᠠᠭᠤᠯᠠ ᠰᠡᠳᠬᠢᠯ ᠬᠠᠩᠬᠤᠯᠤᠭᠤᠨ ᠴᠡᠭᠡᠵᠢ ᠲᠡᠨᠢᠭᠦᠨ ᠢᠶᠠᠷ ᠨᠤᠳᠤᠭ ᠤᠨ ᠢᠶᠠᠨ ᠡᠷᠡᠭᠦᠯ ᠠᠭᠠᠷ ᠢ ᠴᠢᠨᠡᠭᠡ ᠮᠡᠳᠡᠨ ᠠᠮᠢᠰᠬᠤᠯᠯᠠᠵᠤ ᠬᠠᠪᠤᠷ ᠤᠨ ᠦᠷᠯᠦᠬᠡᠨ ᠤ ᠪᠠᠶᠠᠷ ᠵᠢᠷᠭᠠᠯ ᠢ ᠬᠤᠪᠢᠶᠠᠯᠴᠠᠨ ᠭᠡᠷ ᠵᠦᠭ ᠢᠶᠠᠨ ᠬᠡᠯᠳᠦᠷᠢᠯ᠎ᠡ᠃        ᠡᠨᠡ ᠦᠶ᠎ᠡ ︽ᠦᠨᠡᠭᠡᠳᠤ ᠶᠢᠨ ᠠᠭᠤᠯᠠ︾ ᠶᠢᠨ ᠨᠤᠶᠠᠨ ᠤᠷᠬᠢᠯ ᠢᠶᠠᠷ ᠦᠷᠯᠦᠭᠡᠨ ᠤ ᠰᠠᠷᠠᠭᠤᠯ ᠲᠤᠶᠠᠭ᠎ᠠ ᠭᠡᠶᠢᠵᠤ᠂ ᠡᠬᠡ ᠨᠤᠳᠤᠭ ᠤᠨ ᠲᠦᠮᠡᠨ ᠠᠮᠢᠳᠠᠨ ᠢ ᠪᠦᠪᠠᠶᠢᠯᠠᠵᠤ ᠡᠩᠬᠡ ᠶᠢᠨ ᠤᠷᠤᠨ ᠳᠤ ᠰᠢᠨ᠎ᠡ ᠨᠢᠭᠡᠨ ᠡᠳᠤᠷ ᠡᠬᠢᠯᠡᠭᠰᠡᠨ ᠢ ᠲᠤᠩᠬᠠᠭᠯᠠᠵᠤ ᠪᠠᠶᠢᠯ᠎ᠠ᠃ ᠠᠶᠢᠯ ᠤᠨ ᠡᠮᠦᠨᠡᠬᠢ ᠪᠠᠭ᠎ᠠ ᠰᠤᠷᠭᠠᠭᠤᠯᠢ ᠶᠢᠨ ᠤᠯᠠᠭᠠᠨ ᠪᠠᠶᠢᠰᠢᠩ  ᠠᠴᠠ ᠪᠢᠴᠢᠬᠠᠨ ᠬᠡᠤᠬᠡᠳ ᠤᠨ  ᠄             ︽ᠮᠤᠩᠭᠤᠯ ᠭᠡᠳᠡᠭ ᠨᠢᠭᠡ ᠨᠡᠷ᠎ᠡ ᠶᠢᠷᠳᠢᠨᠴᠤ ᠶᠢᠨ ᠴᠢᠬᠢᠨ᠎ᠡ ᠲᠠᠭᠤᠷᠢᠰᠬᠠᠯ ᠲᠠᠢ             ᠮᠤᠩᠭᠤᠯ ᠤᠨ ᠲᠦᠯᠦᠭᠡ ᠭᠡᠳᠡᠭ ᠰᠠᠨᠠᠭ᠎ᠠ ᠪᠢᠳᠠᠨ ᠤ ᠵᠢᠷᠦᠬᠡᠨ ᠳᠤ ᠬᠤᠯᠪᠤᠭ᠎ᠠ ᠲᠠᠢ             ᠦᠰᠬᠦ ᠠᠴᠠ ᠰᠤᠷᠤᠭᠰᠠᠨ ᠦᠨᠳᠤᠰᠤᠨ  ᠬᠡᠯᠡ ᠮᠠᠷᠳᠠᠵᠤ ᠪᠤᠯᠤᠰᠢ ᠦᠭᠡᠢ ᠰᠤᠶᠤᠯ             ᠦᠬᠦᠳᠡᠯ᠎ᠡ ᠤᠷᠤᠰᠢᠬᠤ ᠲᠦᠷᠦᠯᠬᠢ ᠨᠤᠳᠤᠭ ᠰᠠᠯᠵᠤ ᠪᠤᠯᠤᠰᠢ ᠦᠭᠡᠢ  ᠤᠷᠤᠨ᠃                              ᠡᠨᠡ ᠪᠤᠯ ᠮᠢᠨᠤ ᠲᠦᠷᠦᠭᠰᠡᠨ ᠨᠤᠳᠤᠭ                              ᠮᠤᠩᠭᠤᠯ ᠤᠨ ᠰᠠᠶᠢᠬᠠᠨ ᠤᠷᠤᠨ ᠡ …︾ᠬᠡᠬᠦ ᠤᠩᠰᠢᠯᠭ᠎ᠠ ᠶᠢᠨ ᠲᠠᠭᠤᠨ ᠰᠡᠳᠬᠢᠯ ᠢ ᠬᠦᠪᠴᠢᠯᠡᠵᠤ ᠬᠦᠳᠡᠭᠡ ᠲᠠᠯ᠎ᠠ ᠶᠢ ᠴᠤᠤᠷᠢᠶᠠᠳᠤᠳᠠᠯ᠎ᠠ ᠬᠠᠩᠭᠢᠨᠠᠨ ᠲᠠᠭᠤᠷᠢᠰᠤᠯ᠎ᠠ᠃                                               ᠵᠢᠯᠤᠭᠤᠲᠤᠭᠰᠠᠨ ᠪᠠᠭᠰᠢ — ᠹᠦᠰᠢᠶᠤᠤ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号