ᠰᠠᠷᠠᠭᠤᠯ ᠢᠷᠡᠭᠡᠳᠦᠢ ᠵᠦᠭ
ᠨᠡᠶᠢᠲᠡᠯᠡᠭᠰᠡᠨ ᠴᠠᠭ᠄
2020/3/31
                           ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠭᠡᠶᠢᠷᠭᠡᠨ           ᠠᠯᠲᠡᠨ ᠳᠡᠯᠡᠬᠡᠢ ᠪᠣᠯ ᠠᠯᠢᠪᠠ ᠪᠣᠳᠠᠰ ᠢ ᠡᠯᠢᠭᠡᠨ ᠳᠤ ᠪᠠᠨ ᠪᠠᠭᠲᠠᠭᠠᠨ ᠡᠩᠬᠦᠷᠡᠶᠢᠯᠡᠨ ᠠᠪᠴᠦ ᠶᠠᠪᠤᠳᠠᠭ ᠦᠯᠣᠭᠡᠢ᠃  ᠡᠨᠡᠭᠦ ᠪᠦᠮᠪᠦᠷᠴᠡᠭ ᠤᠨ ᠡᠯᠢᠭᠡᠨ ᠳᠤ ᠪᠦᠭᠦᠳᠡ ᠨᠠᠶᠢᠷᠠᠮᠳᠠᠬᠤ ᠳᠣᠮᠳᠠᠳᠦ ᠠᠷᠠᠳ ᠣᠯᠣᠰ ᠭᠡᠳᠡᠭ ᠭᠦᠴᠦᠷᠬᠡᠭ᠂ ᠡᠷᠬᠡ ᠲᠡᠭᠰᠢ᠂ ᠡᠪ ᠨᠠᠶᠢᠷᠰᠠᠭ ᠨᠢᠭᠡᠨ ᠣᠯᠣᠰ ᠰᠠᠭᠤᠷᠢᠰᠢᠵᠥ ᠪᠠᠶᠢᠳᠠᠭ᠃ ᠡᠨᠡ ᠨᠢ ᠮᠢᠨᠣ ᠡᠭᠡ ᠣᠯᠣᠰ ᠪᠣᠯᠣᠨ᠎ᠠ᠃ ᠡᠳᠣᠷ ᠠᠴᠠ ᠡᠳᠣᠷ ᠬᠦᠴᠦᠷᠭᠡᠭᠵᠢᠵᠦ᠂ ᠣᠯᠠᠮ ᠠᠴᠠ ᠣᠯᠠᠮ ᠭᠦᠭᠵᠢᠨ ᠪᠠᠳᠠᠷᠠᠵᠦ ᠪᠠᠶᠢᠭ᠎ᠠ ᠨᠢᠭᠡᠨ ᠣᠯᠣᠰ ᠪᠣᠯᠬᠤ ᠶᠤᠮ᠃       ᠨᠢᠭᠡᠨ ᠡᠳᠦᠷ ᠪᠢ ︽ᠦᠷᠯᠣᠭᠡᠨ ᠤ ᠬᠤᠭᠤᠯᠠ ᠶᠢ ᠦᠪᠡᠷ ᠤᠨ ᠪᠡᠶ᠎ᠡ ᠳᠤ ᠪᠠᠨ᠂ ᠦᠳᠡ ᠶᠢᠨ ᠬᠤᠭᠤᠯᠠ  ᠶᠢ ᠨᠠᠶᠢᠵᠠ ᠳᠤ ᠪᠠᠨ᠂ ᠣᠷᠣᠢ ᠶᠢᠨ ᠬᠤᠭᠤᠯᠠ ᠶᠢ ᠴᠢᠳᠭᠦᠷ ᠲᠤ︾ ᠭᠡᠳᠡᠭ ᠠᠶᠢᠯ ᠤᠨ ᠨᠠᠰᠣᠲᠠᠶᠢᠴᠣᠣᠯ ᠤᠨ ᠲᠠᠩᠳᠠ ᠭᠡᠯᠡᠳᠡᠭ ᠰᠣᠷᠭᠠᠯ ᠢ ᠰᠣᠨᠣᠰᠣᠭᠰᠠᠨ ᠦᠭᠡᠢ᠂ ᠡᠵᠢ ᠶᠢᠨ ᠢᠶᠠᠨ ᠭᠢᠭᠰᠡᠨ ᠠᠮᠲᠠᠲᠣ ᠬᠤᠭᠤᠯᠠ ᠶᠢ ᠬᠤᠪᠳᠣᠭᠯᠠᠵᠦ ᠢᠳᠡᠭᠡᠳ ᠭᠡᠳᠡᠰᠦ  ᠴᠠᠳᠬᠤᠯᠠᠩ ᠰᠠᠨᠠᠭ᠎ᠠ ᠬᠠᠨᠣᠭᠠᠳ ᠰᠠᠶ᠋ᠢ ᠬᠤᠭᠤᠯᠠᠨ ᠰᠢᠷᠡᠭᠡ ᠠᠴᠠ ᠵᠠᠶᠢᠯᠠᠭᠰᠠᠨ ᠪᠢᠯᠡ᠃ ᠬᠤᠭᠤᠯᠠᠨ ᠤ ᠲᠠᠷᠠᠭ᠎ᠠ ᠪᠢ ᠠᠶᠠᠭ᠎ᠠ ᠰᠢᠨᠠᠭ᠎ᠠ ᠪᠠᠨ ᠣᠭᠢᠶᠠᠵᠤ ᠴᠡᠪᠡᠷᠯᠡᠭᠡᠳ ᠨᠢᠬᠡ ᠳᠤ᠂ ᠢᠳᠡᠰᠢ ᠪᠠᠨ ᠰᠢᠩᠭᠡᠭᠡᠬᠦ᠂ ᠬᠤᠶᠠᠷ ᠲᠤ᠂ ᠰᠢᠩᠭᠡᠭᠦ ᠨᠠᠷᠠᠨ ᠤ ᠦᠵᠡᠮᠵᠢ ᠰᠣᠨᠢᠷᠬᠠᠬᠤ   ᠶᠢᠨ ᠲᠣᠯᠠᠳᠠ ᠨᠠᠷᠢᠨ ᠵᠦᠷᠢᠭ ᠢᠶᠠᠷ ᠪᠠᠷᠠᠭᠤᠨ ᠬᠤᠶᠢᠰᠢ ᠪᠠᠨ ᠠᠯᠭᠤᠷ ᠠᠯᠬᠤᠯ᠎ᠠ  ᠃ ᠠᠯᠬᠤᠬᠤ ᠵᠠᠭᠤᠷ᠎ᠠ ᠪᠠᠨ ᠭᠡᠨᠡᠳᠳᠡ ᠬᠤᠶᠠᠷ ᠮᠢᠩᠭ᠎ᠠ ᠪᠦᠭᠡᠳ ᠲᠠᠪᠢᠨ ᠣᠨ ᠳᠤ ᠪᠢ ᠶᠠᠭᠤ ᠬᠢᠵᠦ ᠪᠠᠶᠢᠭ᠎ᠠ ᠪᠣᠯ︖ ᠭᠡᠵᠦ ᠰᠠᠨᠠᠭᠠᠰᠢᠷᠠᠪᠠ᠃       ᠮᠢᠨᠣ ᠪᠣᠳᠣᠯ ᠢᠷᠡᠭᠡᠳᠦᠢ ᠵᠦᠭ ᠨᠢᠰᠣᠨ ᠣᠳᠪᠠ᠃       ᠥᠷᠯᠣᠭᠡ ᠪᠣᠰᠬᠤ ᠳᠤ ᠮᠠᠰᠢᠨ ᠬᠥᠮᠣᠨ ᠨᠠᠳᠠ ᠦᠢᠯᠡᠴᠢᠯᠡᠳᠡᠭ᠃ ᠬᠥᠮᠥᠰ ᠪᠦᠷ ᠥᠣᠷ ᠤᠨ ᠭᠡᠭᠡ ᠲᠠᠢ ᠤᠷᠤᠯᠲᠤᠨ ᠨᠢᠭᠡᠨ ᠨᠢᠭᠡᠨ ᠲᠠᠢ ᠪᠠᠨ ᠵᠤᠯᠭᠠᠵᠤ ᠡᠷᠳᠡ ᠶᠢᠨ ᠬᠥᠳᠡᠯᠭᠡᠭᠡᠨ ᠬᠢᠨ᠎ᠡ᠃       ᠭᠠᠵᠠᠷ ᠪᠣᠯᠭᠠᠨ ᠳᠤ ᠨᠣᠮ ᠣᠩᠰᠢᠬᠤ ᠥᠷᠥᠭᠡ ᠪᠠᠶᠢᠭᠤᠯᠵᠣ᠂ ᠵᠠᠷᠢᠮ ᠰᠣᠷᠣᠭᠴᠢᠳ ᠨᠢ ᠥᠷᠯᠣᠭᠡᠨ ᠤ ᠨᠠᠮ ᠲᠠᠶᠢᠪᠣᠩ ᠢ ᠠᠰᠢᠭᠯᠠᠨ᠂ ᠥᠪᠡᠷ ᠤᠨ ᠪᠠᠭ᠋ᠠᠳᠠᠢ ᠬᠢᠴᠢᠶᠡᠯ ᠲᠦᠷᠦᠯ ᠢᠶᠠᠨ ᠦᠵᠡᠵᠦ᠂ ᠮᠡᠳᠡᠯᠬᠡ ᠬᠤᠷᠠᠮᠳᠤᠭᠤᠯᠤᠨ᠎ᠠ᠃ ᠡᠨᠡ ᠪᠥᠬᠦᠨ ᠨᠢ ᠬᠦᠮᠦᠰ ᠤᠨ ᠣᠷᠮ᠎ᠠ ᠰᠡᠳᠬᠢᠯ   ᠢ ᠰᠠᠶᠢᠵᠢᠷᠠᠭᠤᠯᠳᠠᠭ᠃       ᠭᠡᠷ ᠲᠤ ᠪᠠᠨ ᠣᠷᠣᠵᠣ ᠢᠷᠡᠬᠦ ᠳᠤ ᠮᠠᠰᠢᠨ ᠬᠦᠮᠦᠨ ᠨᠣᠭᠤᠭ᠎ᠠ ᠪᠣᠳᠠᠭ᠎ᠠ ᠶᠢ ᠪᠡᠯᠡᠨ ᠪᠣᠯᠭᠠᠭᠰᠠᠨ ᠪᠠᠶᠢᠯ᠎ᠠ᠃ ᠥᠷᠯᠦᠭᠡᠨ ᠤ ᠬᠤᠭᠤᠯᠠ ᠪᠠᠨ ᠢᠳᠡᠵᠦ ᠪᠠᠷᠠᠭᠠᠳ ᠬᠤᠷᠰᠢᠶᠠᠨ ᠠᠴᠠ ᠣᠮᠳᠠᠭᠠᠨ ᠠᠪᠬᠤ ᠪᠠᠷ ᠣᠷᠣᠬᠤ ᠳᠤ ᠬᠤᠷᠰᠢᠶᠠᠨ ᠭᠡᠷ ᠲᠤ ᠨᠢ ᠪᠠᠷᠠᠭ᠎ᠠ ᠠᠪᠣᠭᠴᠢ ᠨᠡᠯᠢᠶᠡᠳ ᠣᠯᠠᠨ ᠪᠣᠯᠪᠠᠴᠦ ᠦᠢᠯᠡᠴᠢᠯᠡᠭᠴᠢ ᠦᠭᠡᠢ ᠪᠢᠯᠡ᠃ ᠪᠠᠷᠠᠭ᠎ᠠ ᠠᠪᠣᠭᠴᠢ ᠥᠪᠡᠷ ᠤᠨ ᠲᠣᠭᠤᠵᠣ ᠪᠠᠭ᠋ᠠᠷᠬᠠᠭᠰᠠᠨ ᠵᠣᠶᠢᠯ ᠢᠶᠠᠨ ᠠᠪᠣᠨ ᠡᠭᠦᠳᠡᠨ ᠤ ᠬᠠᠵᠠᠭᠤᠳᠠᠬᠢ ᠬᠠᠶᠢᠷᠴᠠᠭ ᠲᠤ ᠵᠣᠭᠤᠰ ᠢᠶᠠᠨ ᠲᠣᠰᠢᠶᠠᠪᠠᠯ ᠪᠣᠯᠴᠢᠬᠠᠨ᠎ᠠ᠃ ᠡᠨᠡ ᠨᠢ ᠬᠦᠮᠥᠰ ᠤᠨ ᠦᠵᠡᠯ ᠣᠬᠠᠮᠰᠠᠷ ᠲᠣᠶᠢᠯ ᠤᠨ ᠦᠨᠳᠦᠷ ᠪᠣᠯᠣᠭᠰᠠᠨ ᠢ ᠬᠠᠷᠠᠭᠤᠯᠵᠣ ᠪᠠᠶᠢᠨ᠎ᠠ᠃ ᠣᠮᠳᠠᠭᠠᠨ ᠢᠶᠠᠨ ᠬᠤᠳᠠᠯᠳᠣᠨ ᠠᠪᠥᠭᠠᠳ ᠲᠠᠬᠢᠨ ᠠᠵᠢᠯᠯᠠᠬᠤ ᠭᠠᠵᠠᠷ ᠲᠤ  ᠪᠠᠨ ᠶᠠᠪᠣᠬᠤ ᠪᠠᠷ ᠮᠠᠰᠢᠨ ᠲᠡᠷᠭᠡᠨ ᠥᠷᠲᠡᠭᠡ ᠳᠤ ᠬᠦᠷᠬᠦ ᠳᠤ ᠬᠥᠮᠦᠰ ᠪᠦᠷ ᠡᠩᠨᠡᠭᠡ ᠮᠦᠷ ᠵᠢᠭᠳᠡ ᠰᠠᠶᠢᠬᠠᠨ ᠮᠦᠷᠯᠡᠨ ᠵᠣᠭᠰᠣᠵᠣ ᠪᠠᠶᠢᠯ᠎ᠠ᠃       ᠮᠠᠰᠢᠨ ᠲᠡᠷᠭᠡ ᠪᠦᠷ ᠨᠠᠷᠠᠨ ᠤ ᠭᠡᠷᠡᠯ ᠢ ᠠᠰᠢᠭᠯᠠᠨ ᠶᠠᠪᠣᠳᠠᠭ ᠪᠣᠯᠵᠠᠢ᠃ ᠣᠷᠴᠢᠨ ᠲᠣᠭᠤᠷᠢᠨ ᠳᠤ ᠪᠣᠬᠢᠷᠳᠣᠯ ᠦᠭᠡᠢ ᠪᠦᠭᠡᠳ ᠬᠦᠮᠦᠨ ᠤ ᠬᠦᠴᠦ ᠭᠡᠷᠡᠭᠰᠡᠬᠦ ᠦᠭᠡᠢ᠃ ᠣᠴᠢᠷ ᠨᠢ ᠡᠨᠡ ᠮᠠᠰᠢᠨ ᠲᠡᠷᠭᠡ ᠨᠢ ᠵᠢᠯᠣᠭᠤᠴᠢ ᠦᠭᠡᠢ ᠪᠥᠭᠡᠳ ᠬᠥᠮᠥᠰ ᠤᠨ ᠦᠵᠡᠯ ᠣᠬᠠᠮᠰᠠᠷ ᠦᠨᠳᠦᠷ ᠲᠦᠪᠰᠢᠨ ᠳᠤ ᠬᠦᠷᠦᠭᠰᠡᠨ  ᠪᠤᠯᠬᠤᠷ ᠡᠮᠬᠢ ᠲᠢᠭᠯᠢᠮ ᠢ ᠬᠠᠮᠢᠶᠠᠷᠬᠤ ᠬᠦᠮᠦᠨ ᠴᠤ ᠦᠭᠡᠢ᠃ ᠬᠦᠮᠣᠰ ᠦᠪᠡᠷ ᠦᠪᠡᠷ ᠤᠨ ᠵᠣᠭᠤᠰ ᠢᠶᠠᠨ ᠰᠠᠭᠤᠳᠠᠯ ᠤᠨ ᠬᠠᠵᠠᠭᠤᠳᠠᠬᠢ ᠬᠠᠶᠢᠷᠴᠠᠭ ᠲᠤ ᠬᠢᠪᠡᠯ ᠪᠣᠯᠴᠢᠬᠠᠨ᠎ᠠ᠃ ᠲᠡᠷᠭᠡᠨ ᠳᠤ ᠭᠠᠷᠪᠠᠯ ᠨᠠᠮ ᠵᠢᠮ ᠪᠥᠬᠡᠳ ᠡᠮᠦᠰᠭᠡᠯ ᠵᠠᠰᠠᠯ ᠨᠢ ᠴᠦ ᠲᠡᠷᠢ ᠲᠡᠭᠰᠢ᠂ ᠵᠠᠷᠢᠮ ᠨᠢ ᠨᠤᠮ ᠤᠩᠰᠢᠵᠦ᠂ ᠵᠠᠷᠢᠮ ᠨᠢ ᠲᠡᠮᠲᠡᠭᠯᠡᠯ ᠬᠢᠵᠤ ᠪᠠᠶᠢᠨ᠎ᠠ  ᠃ ᠭᠡᠪᠡᠴᠤ ᠭᠠᠷ ᠤᠲᠠᠰᠣ ᠣᠷᠤᠯᠳᠤᠵᠦ ᠪᠠᠶᠢᠭ᠎ᠠ ᠬᠦᠮᠦᠨ ᠬᠠᠷᠢᠨ ᠬᠠᠷᠠᠭᠳᠠᠬᠤ ᠪᠠᠨ ᠪᠤᠯᠢᠵᠠᠢ᠃ ᠲᠡᠭᠦᠰᠬᠡᠯ ᠤᠨ ᠭᠠᠵᠠᠷ ᠬᠦᠷᠬᠦ ᠳᠤ ᠮᠦᠷᠯᠡᠨ ᠵᠢᠭᠰᠠᠭᠠᠳ ᠡᠮᠬᠢ ᠳᠠᠷᠠᠭ᠎ᠠ ᠲᠠᠢ ᠪᠠᠭᠤᠵᠠᠢ᠃       ᠥᠪᠡᠷ ᠤᠨ ᠠᠵᠢᠯᠯᠠᠵᠤ ᠪᠠᠶᠢᠭ᠎ᠠ ᠭᠠᠵᠠᠷ ᠲᠤ ᠪᠠᠨ ᠣᠴᠢᠬᠤ ᠳᠤ ᠬᠠᠮᠲᠤ ᠠᠵᠢᠯᠯᠠᠭᠴᠢᠳ ᠮᠠᠨᠢ ᠪᠥᠷ ᠥᠪᠡᠷ ᠤᠨ ᠠᠵᠢᠯ ᠳᠤ ᠪᠠᠨ ᠶᠠᠭᠠᠷᠠᠨ ᠰᠣᠯᠠ ᠦᠭᠡ ᠶᠠᠷᠢᠬᠤ ᠦᠵᠡᠭᠳᠡᠯ ᠣᠭᠲᠥ ᠭᠠᠷᠬᠤ ᠦᠭᠡᠢ ᠪᠤᠯᠵᠠᠢ᠃ ᠦᠳᠡ ᠶᠢᠨ ᠠᠮᠠᠷᠠᠯᠲᠠ ᠪᠣᠯᠬᠤ ᠪᠠᠷ ᠬᠤᠭᠤᠯᠠᠨ ᠭᠡᠷ ᠲᠤ ᠪᠠᠨ ᠤᠴᠢᠵᠦ ᠵᠤᠭᠤᠭᠯᠠᠨ᠎ᠠ᠃ ᠴᠠᠯᠴᠢᠶ᠎ᠠ ᠦᠭᠡ᠂ ᠶᠣᠰᠣ ᠦᠭᠡᠢ ᠬᠥᠮᠤᠨ᠂ ᠪᠣᠳᠠᠭ᠎ᠠ ᠨᠣᠭᠤᠭ᠎ᠠ ᠶᠢ ᠪᠦᠷᠢᠯᠭᠡᠬᠦ ᠥᠵᠡᠭᠳᠠᠯ ᠨᠢᠭᠡᠴᠤ ᠦᠭᠡᠢ᠃ ᠬᠤᠭᠤᠯᠠ ᠪᠠᠨ ᠢᠳᠡᠵᠦ ᠪᠠᠷᠠᠪᠠᠯ ᠥᠪᠡᠷ ᠥᠪᠡᠷ ᠤᠨ ᠰᠠᠪᠠ ᠪᠠᠨ ᠤᠭᠢᠶᠠᠨ ᠴᠡᠪᠡᠷᠯᠡᠭᠡᠳ ᠪᠠᠭ᠎ᠠ ᠠᠮᠠᠷᠠᠬᠤ ᠴᠠᠭ ᠲᠤ ᠪᠠᠨ ᠠᠵᠢᠯᠴᠢᠨ ᠤ ᠬᠤᠭᠤᠷᠤᠨᠳᠤᠬᠢ ᠬᠠᠷᠢᠴᠠᠭ᠎ᠠ ᠪᠠᠨ ᠰᠠᠶᠢᠵᠢᠷᠠᠭᠤᠯᠤᠨ᠎ᠠ᠃ ᠦᠪᠡᠷ ᠤᠨ ᠬᠠᠴᠢᠨ ᠰᠤᠨᠢᠨ ᠤᠴᠠᠷᠠᠯ  ᠢᠶᠠᠨ ᠪᠣᠰᠣᠳ ᠲᠤ ᠲᠣᠭᠠᠴᠢᠨ᠎ᠠ᠃ ᠠᠮᠠᠷᠠᠯᠲᠠ ᠶᠢᠨ ᠴᠠᠭ ᠶᠡᠷᠣ ᠨᠢ ᠣᠬᠤᠷ ᠪᠠᠶᠢᠳᠠᠭ᠃ ᠤᠳᠠᠯ ᠦᠭᠡᠢ ᠦᠳᠡ  ᠶᠢᠨ ᠬᠤᠶᠢᠨᠠᠬᠢ ᠠᠵᠢᠯᠯᠠᠬᠤ ᠴᠠᠭ ᠪᠤᠯᠵᠠᠢ᠃ ᠬᠦᠮᠦᠰ ᠪᠠᠰᠠ ᠯᠠ ᠦᠪᠡᠷ ᠤᠨ ᠠᠵᠢᠯ ᠳᠤ ᠪᠠᠨ ᠲᠤᠯᠤᠭᠠᠢ ᠦᠨᠳᠡᠶᠢᠯ ᠦᠭᠡᠢ ᠶᠠᠭᠠᠷᠠᠨ᠎ᠠ᠃ ᠡᠨᠡ ᠦᠶ᠎ᠡ ᠳᠤ ᠯᠠᠪ ᠴᠢᠳᠠᠪᠣᠷᠢᠲᠠᠨ ᠢ ᠴᠢᠬᠤᠯᠠᠴᠢᠯᠠᠨ᠎ᠠ᠃ ᠲᠡᠭᠡᠳᠦ ᠲᠠᠪᠬᠤᠷᠭ᠎ᠠ  ᠶᠢᠨ ᠬᠦᠮᠦᠨ ᠭᠡᠳᠡᠭ ᠨᠢ  ᠪᠦᠷ ᠬᠡᠪ ᠪᠤᠯᠪᠠᠰᠣᠷᠠᠯ ᠦᠨᠳᠤᠷ ᠰᠤᠶᠣᠯ ᠤᠨ ᠬᠢᠷᠢ ᠲᠦᠪᠰᠢᠨ ᠳᠡᠭᠡᠷ᠎ᠡ ᠬᠦᠮᠤᠨ ᠪᠠᠶᠢᠯᠭᠦᠢ᠃ ᠠᠵᠢᠯᠴᠢᠨ ᠪᠦᠬᠦᠨ ᠦᠪᠡᠷ ᠤᠨ ᠦᠷ᠎ᠡ ᠪᠦᠲᠤᠬᠡᠯ ᠢᠶᠠᠨ ᠲᠣᠰᠢᠶᠠᠲᠠᠯ᠎ᠠ ᠤᠷᠤᠢ ᠶᠢᠨ ᠲᠠᠷᠬᠠᠬᠤ ᠴᠠᠭ ᠪᠤᠯᠴᠢᠬᠠᠨ᠎ᠠ᠃  ᠠᠵᠢᠯᠴᠢᠳ ᠨᠢᠭᠡ ᠡᠳᠤᠷ ᠤᠨ ᠶᠠᠭᠠᠷᠠᠯᠲᠠᠢ ᠠᠵᠢᠯ   ᠢᠶᠠᠨ ᠳᠠᠭᠤᠰᠬᠠᠭᠠᠳ᠂  ᠶᠠᠮᠠᠷ ᠨᠢᠭᠡᠨ ᠬᠦᠨᠳᠦ ᠡᠭᠦᠷᠭᠡ ᠪᠠᠨ ᠪᠡᠶᠡᠯᠡᠭᠦᠯᠦᠭᠰᠡᠨ ᠮᠡᠲᠦ ᠭᠡᠷ ᠵᠦᠭ ᠢᠶᠠᠨ ᠪᠤᠴᠠᠨ᠎ᠠ᠃       ᠭᠡᠷ ᠲᠤ ᠨᠢ ᠪᠦᠷ ᠮᠠᠰᠢᠨ ᠬᠦᠮᠦᠨ ᠪᠠᠶᠢᠬᠤ ᠲᠤᠯᠠ ᠶᠠᠭᠤ ᠪᠦᠬᠦᠨ ᠰᠠᠨᠠᠭ᠎ᠠ ᠠᠮᠤᠷ᠃ ᠪᠤᠴᠠᠬᠤ ᠵᠠᠮ ᠳᠤ  ᠪᠠᠨ ᠵᠠᠮ ᠬᠠᠷᠢᠯᠴᠠᠭᠠᠨ ᠤ ᠠᠰᠠᠭᠤᠳᠠᠯ ᠭᠡᠵᠤ ᠠᠯᠠᠭ᠎ᠠ᠃ ᠲᠡᠷᠭᠡᠨ ᠲᠤᠰᠤᠨ ᠤ ᠰᠢᠳᠠᠯᠳᠠ ᠠᠴᠠ ᠢᠯᠭᠠᠷᠠᠵᠦ ᠭᠠᠷᠤᠭᠰᠠᠨ ᠬᠤᠤᠷᠳᠦ ᠬᠡᠢ᠂ ᠲᠡᠭᠡᠳᠦ ᠬᠡᠮᠵᠢᠶ᠎ᠡ ᠪᠠᠷ ᠬᠦᠭᠵᠢᠭᠰᠡᠨ ᠲᠧᠭᠨᠢᠭ ᠤᠨ ᠰᠢᠢᠳᠪᠦᠷᠢᠯᠡᠯᠳᠡ ᠪᠠᠷ ᠲᠠᠮᠵᠢᠨ ᠠᠯᠠᠭ᠎ᠠ ᠪᠤᠯᠤᠭᠰᠠᠨ ᠴᠦ ᠲᠡᠭᠢᠨ ᠪᠤᠢ ᠪᠤᠯᠬᠤ ᠳᠤ ᠣᠷᠲᠤ ᠣᠲᠠᠭᠠᠨ ᠶᠠᠪᠤᠴᠠ ᠭᠡᠷᠡᠭᠰᠡᠨ᠎ᠠ ᠬᠡᠮᠡᠨ ᠨᠠᠷᠠᠨ ᠡᠨᠧᠷᠭᠢ  ᠪᠠᠷ ᠣᠷᠣᠯᠠᠭᠤᠯᠤᠨ ᠮᠠᠰᠢᠨ ᠢᠶᠠᠨ ᠠᠵᠢᠯᠯᠠᠭᠤᠯᠬᠤ ᠪᠤᠯᠵᠠᠢ᠃ ᠬᠦᠮᠤᠰ ᠤᠨ ᠠᠮᠢᠳᠣᠷᠠᠯ ᠢᠩᠬᠢᠵᠤ ᠪᠠᠶᠢᠭᠠᠯᠢᠯᠢᠭ ᠴᠡᠪᠡᠷ ᠣᠷᠴᠢᠨ ᠳᠤ ᠦᠷᠭᠦᠯᠵᠢᠯᠡᠭᠰᠡᠭᠡᠷ ᠪᠠᠶᠢᠯ᠎ᠠ ᠁       ᠡᠨᠡ ᠪᠦᠬᠦᠨ ᠢ ᠪᠣᠳᠣᠵᠦ ᠪᠠᠶᠢᠲᠠᠯ᠎ᠠ ᠥᠪᠡᠷ ᠤᠨ ᠵᠤᠷᠢᠭᠰᠠᠨ ᠭᠠᠵᠠᠷ ᠲᠤ ᠪᠠᠨ ᠬᠦᠷᠤᠯ᠎ᠡ᠃ ᠨᠠᠷᠠ ᠰᠢᠩᠬᠡᠬᠦ ᠥᠢᠷᠠᠳᠴᠠᠢ᠃ ᠤᠯᠠᠪᠣᠷ ᠨᠠᠷᠠ ᠭᠠᠵᠠᠷ ᠤᠨ ᠲᠦᠪᠰᠢᠨ ᠲᠠᠢ ᠠᠯᠭᠤᠷ ᠠᠯᠭᠤᠷ ᠢᠶᠠᠷ ᠤᠶᠢᠷᠠᠳᠴᠦ᠂ ᠶᠠᠭ ᠯᠡ ᠢᠴᠢᠭᠰᠡᠨ ᠬᠡᠤᠬᠡᠨ ᠰᠢᠭ ᠳᠠᠯᠳᠠ ᠤᠷᠤᠴᠢᠬᠠᠵᠠᠢ᠃ ᠡᠨᠡᠬᠦ ᠦᠵᠡᠭᠳᠡᠯ ᠢ ᠦᠵᠡᠬᠡᠳ ᠪᠢ ᠦᠪᠡᠷ ᠤᠨ ᠡᠷᠬᠡ ᠦᠭᠡᠢ ᠰᠠᠨᠠᠭ᠎ᠠ ᠠᠯᠳᠠᠪᠠ᠃ ᠡᠳᠣᠷ ᠢᠷᠡᠬᠦᠶ᠎ᠡ ᠭᠡᠴᠡᠬᠦᠳᠡᠵᠦ ᠪᠠᠶᠢᠭ᠎ᠠ ᠤᠷᠴᠢᠨ ᠲᠣᠭᠤᠷᠢᠨ ᠤ ᠠᠰᠠᠭᠤᠳᠠᠯ ᠨᠢ ᠬᠦᠮᠥᠰ ᠤᠨ ᠰᠡᠳᠬᠢᠯ ᠤᠨ ᠡᠪᠡᠳᠴᠢᠨ ᠪᠣᠯᠣᠭᠠᠳ ᠪᠠᠶᠢᠨ᠎ᠠ᠃ ᠭᠡᠪᠡᠴᠤ ᠪᠢ ᠤᠯᠤᠰ ᠲᠤ ᠪᠠᠨ ᠢᠳᠡᠭᠡᠯ ᠲᠠᠢ᠂ ᠡᠬᠡ ᠣᠯᠣᠰ ᠮᠢᠨᠢ ᠯᠠᠪ ᠵᠤᠬᠢᠬᠤ ᠠᠷᠭ᠎ᠠ ᠠᠪᠴᠠᠯ ᠠᠪᠴᠤ ᠰᠢᠢᠳᠪᠦᠷᠢᠯᠡᠬᠦ ᠶᠤᠮ᠃       ᠳᠣᠮᠳᠠᠳᠣ ᠤᠯᠤᠰ ᠪᠣᠯ ᠨᠢᠭᠡᠨ ᠦᠨᠢ ᠤᠳᠠᠭᠠᠨ ᠲᠡᠤᠬᠡ ᠲᠠᠢ ᠪᠤᠯᠪᠠᠰᠣᠨ ᠤᠯᠤᠰ ᠮᠥᠨ᠃ ᠲᠠᠥᠬᠡ ᠶᠢᠨ ᠤᠯᠠ ᠮᠦᠷ ᠲᠤ ᠲᠤᠮᠳᠠᠳᠤ ᠶᠢᠨ ᠬᠦᠴᠦᠷᠬᠡᠭᠵᠢᠭᠰᠡᠨ ᠨᠢ ᠲᠤᠶᠢᠯ ᠤᠨ ᠶᠡᠭᠡ ᠬᠦᠴᠢᠷ ᠪᠡᠷᠬᠡᠰᠢᠶᠡᠯ ᠢ ᠲᠤᠭᠤᠯᠤᠭᠰᠠᠨ  ᠢ ᠦᠵᠡᠨ ᠭᠠᠷᠴᠤ ᠪᠣᠯᠣᠨ᠎ᠠ᠃ ᠳᠤᠮᠳᠠᠳᠤ ᠤᠯᠤᠰ ᠥᠪᠡᠷ ᠤᠨ ᠬᠦᠴᠦᠨ ᠴᠢᠳᠠᠯ ᠳᠤ ᠪᠠᠨ ᠲᠦᠰᠢᠭᠯᠡᠨ ᠲᠤᠭ᠎ᠠ ᠲᠤᠮᠰᠢ ᠦᠭᠡᠢ ᠡᠷᠳᠡᠮᠳᠡᠨ ᠴᠢᠳᠠᠪᠤᠷᠢᠲᠠᠨ ᠢ ᠬᠦᠮᠦᠵᠢᠭᠦᠯᠵᠠᠢ᠃       ᠰᠠᠷᠠᠭᠤᠯ ᠢᠷᠡᠭᠡᠳᠥᠢ ᠲᠠᠢ ᠲᠤᠮᠳᠠᠳᠤ ᠤᠯᠤᠰ ᠤᠨ ᠬᠦᠭᠵᠢᠨ ᠮᠠᠨᠳᠤᠯᠳᠠ ᠳᠤ ᠲᠡᠯᠡᠬᠡᠢ ᠲᠠᠬᠢᠨ ᠢᠶᠠᠷ ᠢᠶᠠᠨ ᠭᠡᠷᠡᠴᠢ ᠪᠣᠯᠬᠤ ᠨᠢ ᠯᠠᠪᠳᠠᠢ᠃  ᠪᠢᠳᠡ ᠡᠬᠡ ᠤᠯᠤᠰ ᠲᠠᠢ ᠪᠠᠨ ᠠᠯᠬᠤᠮ ᠢᠶᠠᠨ ᠨᠢᠬᠡᠳᠬᠡᠨ ᠰᠠᠷᠠᠭᠤᠯ ᠢᠷᠡᠭᠡᠳᠦᠢ ᠵᠦᠭ ᠢᠶᠠᠨ ᠤᠷᠤᠭᠰᠢᠯᠠᠶ᠎ᠠ︕                                           ᠵᠢᠯᠤᠭᠤᠳᠤᠭᠰᠠᠨ ᠪᠠᠭᠰᠢ — ᠡ᠊ · ᠤᠷᠠᠩᠭᠤᠸ᠎ᠠ  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号