2049 ᠤᠨ ᠤ ᠨᠢᠭᠡᠨ ᠡᠳᠤᠷ
ᠨᠡᠶᠢᠲᠡᠯᠡᠭᠰᠡᠨ ᠴᠠᠭ᠄
2020/4/15
              2049 ᠤᠨ ᠤ ᠨᠢᠭᠡᠨ ᠡᠳᠤᠷ                               ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ                                 8.7 ᠶᠢᠨ ᠰᠤᠷᠤᠭᠴᠢ  ᠠᠶᠠᠯᠭᠤᠨ      ᠡᠨᠡ ᠡᠳᠤᠷ ᠪᠤᠯ 2049 ᠤᠨ ᠤ 10 ᠳ᠋ᠤᠭᠠᠷ ᠰᠠᠷ᠎ᠠ ᠶᠢᠨ 9 ᠤ ᠡᠳᠤᠷ᠃ ᠤᠯᠤᠰ ᠪᠠᠶᠢᠭᠤᠯᠤᠭᠳᠠᠭᠰᠠᠨ ᠵᠠᠭᠤᠨ ᠵᠢᠯ ᠤᠨ ᠤᠢ ᠶᠢᠨ ᠪᠠᠶᠠᠷ ᠤᠨ ᠠᠮᠠᠷᠠᠯᠳᠠ ᠶᠢᠨ ᠡᠳᠤᠷ ᠢᠶᠠᠨ ᠰᠠᠶ᠋ᠢᠬᠠᠨ ᠦᠩᠭᠡᠷᠡᠭᠦᠯᠦᠭᠡᠳ ᠠᠵᠢᠯ ᠳᠠᠭᠠᠨ ᠭᠠᠷᠤᠭᠰᠠᠨ ᠡᠬᠢᠨ ᠤ ᠡᠳᠤᠷ ᠶᠤᠮ᠃ ᠪᠢ ᠦᠷᠯᠦᠭᠡ ᠡᠷᠳᠡ ᠪᠤᠰᠤᠭᠠᠳ ᠲᠡᠷᠭᠡᠨ ᠲᠤᠬᠢᠶ᠎ᠠ ᠪᠠᠷ ᠠᠵᠢᠯᠯᠠᠬᠤ ᠬᠦᠰᠦᠨᠦᠭᠳᠤ ᠪᠠᠨ ᠦᠵᠡᠭᠰᠡᠨ ᠳᠤ ᠡᠨᠡ ᠡᠳᠤᠷ ᠨᠢ ᠶᠠᠭ ᠮᠠᠨ ᠤ ᠺᠤᠮᠫᠠᠨᠢ ᠶᠢᠨ ᠤᠷᠢᠯᠭ᠎ᠠ ᠪᠠᠷ ᠢᠷᠡᠭᠰᠡᠨ ᠠᠮᠧᠷᠢᠺᠠ  ᠶᠢᠨ ᠮᠠᠯ ᠠᠵᠤ ᠠᠬᠤᠢ ᠶᠢᠨ ᠮᠡᠷᠭᠡᠵᠢᠯᠳᠡᠨ ᠢᠨᠵᠧᠨᠧᠷ᠂ ᠮᠠᠨ ᠤ ᠺᠤᠮᠫᠠᠨᠢ ᠶᠢᠨ ᠡᠭᠦᠳᠦᠭᠰᠡᠨ ᠤᠶᠤᠨᠴᠢ ᠪᠠᠷ ᠮᠠᠯ ᠮᠠᠯᠵᠢᠬᠤ ᠰᠢᠰᠲ᠋ᠧᠮ ᠤᠨ ᠦᠪᠤᠷ ᠮᠤᠩᠭᠤᠯ ᠤᠨ ᠮᠠᠯᠵᠢᠬᠤ ᠤᠷᠤᠨ ᠳᠠᠬᠢ ᠠᠵᠢᠯᠯᠠᠬᠤ ᠰᠢᠰᠲ᠋ᠧᠮ ᠢ ᠲᠤᠭᠤᠷᠢᠨ ᠦᠵᠡᠵᠤ ᠪᠠᠶᠢᠴᠠᠭᠠᠨ ᠰᠤᠳᠤᠯᠤᠯᠳᠠ ᠬᠢᠬᠦ ᠪᠠᠷ ᠶᠠᠪᠤᠬᠤ ᠡᠳᠤᠷ ᠪᠤᠯᠤᠨ᠎ᠠ᠃      ᠪᠢᠳᠡ ᠪᠡᠭᠡᠵᠢᠩ ᠠᠴᠠ ᠰᠢᠨ᠎ᠡ ᠡᠨᠧᠷᠬᠢᠳᠤ ᠤᠶᠤᠨᠴᠢ ᠲᠡᠷᠭᠡᠨ ᠳᠤ ᠰᠠᠭᠤᠵᠤ᠂ ᠮᠢᠨᠤ ᠲᠦᠷᠦᠭᠰᠡᠨ ᠨᠤᠲᠤᠭ ᠦᠪᠤᠷ ᠮᠤᠩᠭᠤᠯ ᠤᠨ ᠲᠠᠯ᠎ᠠ ᠨᠤᠲᠤᠭ ᠤᠷᠤᠭᠤ ᠲᠠᠪᠬᠢᠭᠤᠯᠤᠯ᠎ᠠ᠃      ᠡᠨᠡ ᠲᠡᠷᠬᠡ ᠪᠤᠯ ᠮᠠᠨ ᠤ ᠺᠤᠮᠫᠠᠨᠢ ᠶᠢᠨ ᠡᠭᠦᠳᠦᠨ ᠪᠦᠳᠦᠭᠡᠭᠰᠡᠨ ᠰᠢᠨ᠎ᠡ ᠡᠨᠧᠷᠭᠢᠳᠤ ᠤᠶᠤᠨᠴᠢ ᠮᠠᠰᠢᠨ ᠲᠡᠷᠭᠡ ᠪᠤᠯᠤᠨ᠎ᠠ᠃ ᠲᠤᠰ ᠮᠠᠰᠢᠨ ᠲᠡᠷᠭᠡ ᠨᠢ ᠬᠦᠮᠤᠨ ᠤ ᠤᠶᠤᠨ ᠤᠬᠠᠭᠠᠨ ᠲᠠᠢ᠂ ᠬᠠᠶᠢᠷ᠎ᠠ ᠰᠡᠳᠬᠢᠯᠭᠡ ᠲᠠᠢ ᠪᠠᠶᠢᠳᠠᠭ ᠠᠵᠢ᠃ ᠲᠡᠷᠡ ᠪᠤᠯ ᠮᠢᠨᠤ ᠠᠵᠢᠯ ᠠᠮᠢᠳᠤᠷᠠᠯ ᠳᠠᠬᠢ ᠦᠨᠡᠨᠴᠢ ᠰᠢᠳᠤᠷᠭᠤ ᠬᠠᠪᠰᠤᠷᠤᠭᠴᠢ ᠶᠤᠮ᠃ ᠲᠡᠷᠡ ᠮᠢᠨᠤ ᠡᠳᠤᠷ ᠤᠨ ᠠᠵᠢᠯ ᠢ ᠲᠤᠬᠢᠷᠠᠭᠤᠯᠵᠤ ᠰᠠᠨᠠᠭᠤᠯᠵᠤ ᠦᠭᠳᠡᠭ ᠪᠦᠭᠡᠳ ᠮᠠᠰᠢᠨ ᠬᠦᠮᠤᠨ ᠰᠢᠭ ᠨᠠᠮ᠎ᠠ ᠶᠢ ᠬᠠᠪᠰᠤᠷᠳᠠᠭ᠃ ᠲᠡᠷᠭᠡᠨ ᠤ ᠤᠶᠤᠨᠴᠢ ᠮᠠᠰᠢᠨ ᠳᠤ ᠦᠪᠡᠷ ᠤᠨ ᠠᠵᠢᠯᠯᠠᠵᠤ ᠰᠤᠷᠤᠯᠴᠠᠬᠤ ᠶᠠᠪᠤᠵᠤ ᠰᠠᠭᠤᠬᠤ ᠴᠠᠭ  ᠤᠨ ᠲᠤᠬᠢᠷᠠᠭᠤᠯᠭ᠎ᠠ ᠪᠠᠨ ᠤᠷᠤᠭᠤᠯᠴᠢᠬᠠᠳᠠᠭ ᠤᠴᠢᠷ ᠴᠠᠭ ᠲᠤᠬᠠᠢ ᠳᠤ ᠨᠢ ᠲᠤᠬᠢᠶᠠᠯᠠᠳᠠᠭ᠂ ᠰᠠᠭᠤᠬᠤ ᠬᠦᠮᠤᠰ  ᠤᠨ ᠰᠡᠳᠬᠢᠯᠭᠡ ᠶᠢᠨ ᠬᠤᠪᠢᠷᠠᠯᠳᠠ᠂ ᠪᠡᠶ᠎ᠡ ᠮᠠᠬᠠᠪᠤᠳ ᠤᠨ ᠪᠠᠶᠢᠳᠠᠯ ᠳᠤ ᠵᠤᠬᠢᠴᠠᠭᠤᠯᠤᠨ ᠬᠤᠷᠳᠤᠨ ᠤᠳᠠᠭᠠᠨ ᠢᠶᠠᠨ ᠦᠪᠡᠷᠳᠡᠭᠡᠨ ᠡᠵᠡᠮᠰᠢᠳᠡᠭ ᠠᠴᠠ ᠭᠠᠲᠠᠨ᠎ᠠ ᠴᠠᠭ ᠠᠭᠠᠷ ᠤᠨ ᠬᠤᠪᠢᠷᠠᠯᠳᠠ ᠶᠢ ᠲᠠᠭᠠᠵᠤ ᠲᠡᠷᠭᠡᠨ ᠲᠤᠳᠤᠷᠠᠬᠢ ᠲᠤᠯᠠᠭᠠᠨ ᠢᠶᠠᠨ ᠲᠤᠬᠢᠷᠠᠭᠤᠯᠳᠠᠭ᠃ ᠪᠠᠰᠠ ᠵᠠᠮ ᠳᠤ ᠲᠤᠬᠢᠶᠠᠯᠳᠤᠵᠤ ᠮᠡᠳᠡᠬᠦ ᠬᠠᠷᠰᠢ ᠰᠠᠭᠠᠳ ᠢ ᠤᠷᠢᠳᠴᠢᠯᠠᠨ ᠮᠡᠳᠡᠷᠡᠵᠤ ᠵᠠᠶᠢᠯᠠᠬᠤ ᠪᠤᠶᠤ ᠵᠤᠭᠰᠤᠬᠤ ᠴᠢᠳᠠᠮᠵᠢ ᠲᠠᠢ᠂ ᠶᠠᠳᠠᠷᠠᠭᠰᠠᠨ ᠦᠶ᠎ᠡ ᠳᠤ ᠠᠮᠠᠷᠠᠭᠠᠬᠤ᠂ ᠤᠨᠳᠠᠭᠰᠠᠨ ᠦᠶ᠎ᠡ  ᠳᠤ ᠰᠡᠷᠢᠭᠡᠬᠦ ᠵᠡᠷᠭᠡ ᠤᠯᠠᠨ ᠮᠡᠳᠡᠷᠡᠮᠵᠢ ᠲᠠᠢ ᠤᠶᠤᠨᠴᠢ ᠮᠠᠰᠢᠨ ᠲᠡᠷᠭᠡ ᠶᠤᠮ᠃      ᠤᠳᠠᠭᠰᠠᠨ ᠴᠦ ᠦᠭᠡᠢ ᠦᠪᠤᠷ ᠮᠤᠩᠭᠤᠯ ᠤᠨ ᠲᠠᠯ᠎ᠠ ᠨᠤᠲᠤᠭ ᠲᠤ ᠬᠦᠷᠴᠤ ᠢᠷᠡᠯ᠎ᠡ᠃ ᠠᠷᠪᠠᠳᠤᠭᠠᠷ ᠰᠠᠷ᠎ᠠ  ᠶᠢᠨ ᠲᠠᠯ᠎ᠠ ᠨᠤᠲᠤᠭ ᠭᠡᠵᠤ ᠨᠤᠮᠢᠨ ᠨᠤᠭᠤᠭᠠᠨ ᠦᠩᠭᠡ ᠪᠠᠨ ᠠᠯᠳᠠᠨ ᠰᠢᠷᠭᠠᠯ ᠦᠩᠭᠡ ᠪᠠᠷ ᠰᠤᠯᠢᠵᠤ᠂ ᠦᠩ ᠰᠢᠮᠡᠯᠢᠭ ᠡᠪᠡᠰᠤ ᠪᠡᠯᠴᠢᠭᠡᠷ ᠨᠠᠮᠤᠷ ᠤᠨ ᠬᠤᠩᠭᠤᠷ ᠰᠠᠯᠬᠢᠨ ᠤ ᠠᠶᠠᠰ ᠢᠶᠠᠷ ᠨᠠᠮᠢᠯᠵᠠᠨ ᠬᠠᠯᠢᠭᠤᠷᠠᠬᠤ ᠨᠢ ᠤᠰᠤᠨ ᠤ ᠲᠠᠪᠠᠯᠭᠠᠨ ᠰᠢᠭ᠋ ᠦᠶᠡᠯᠵᠡᠩᠭᠡᠨ ᠬᠠᠷᠠᠭᠳᠠᠨ᠎ᠠ᠃ ᠰᠦᠷᠦᠭ ᠰᠦᠷᠦᠭ ᠭᠠᠯᠠᠭᠤ ᠰᠢᠪᠠᠭᠤᠳ ᠨᠠᠭᠤᠷ ᠤᠨ ᠤᠰᠤᠨ ᠳᠤ ᠭᠠᠩᠭᠠᠨᠠᠯᠳᠤᠬᠤ ᠨᠢ ᠶᠠᠭ ᠯᠠ ᠡᠮᠤᠨᠡᠰᠢ ᠨᠡᠭᠦᠭᠦ ᠪᠡᠯᠡᠳᠭᠡᠯ ᠢᠶᠠᠨ ᠬᠢᠵᠤ ᠪᠠᠶᠢᠭ᠎ᠠ ᠰᠢᠭ᠋᠂ ᠪᠠᠰᠠᠴᠤ ᠡᠨᠡ ᠰᠠᠶᠢᠬᠠᠨ ᠨᠤᠲᠤᠭ ᠤᠰᠤᠨ ᠠᠴᠠ ᠪᠠᠨ ᠰᠠᠯᠵᠤ ᠶᠠᠳᠠᠵᠤ ᠪᠠᠶᠢᠭ᠎ᠠ ᠴᠦ ᠶᠤᠮᠰᠢᠭ᠃ ᠦᠨᠡᠭᠡᠷ ᠦᠯᠢᠭᠡᠷ ᠲᠡᠤᠬᠡᠨ ᠳᠤ ᠭᠠᠷᠳᠠᠭ ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ᠮᠤᠩᠭᠤᠯ ᠤᠨ ᠲᠠᠯ᠎ᠠ ᠤᠲᠤᠭ ᠢ ᠰᠠᠨᠠᠭᠳᠠᠭᠤᠯᠤᠨ᠎ᠠ᠃      ᠡᠨᠡᠬᠦ ᠦᠵᠡᠮᠵᠢ ᠶᠢ ᠠᠩᠬᠠᠷᠤᠨ ᠰᠤᠨᠢᠷᠬᠠᠭᠰᠠᠨ ᠠᠮᠧᠷᠢᠺᠠ ᠶᠢᠨ ᠢᠨᠵᠧᠨᠧᠷ᠄ ︽ᠶᠠᠭᠠᠬᠢᠭᠰᠠᠨ ᠰᠠᠶᠢᠬᠠᠨ ᠨᠤᠲᠤᠭ ᠤᠰᠤᠨ ᠪᠤᠢ︾ ᠭᠡᠵᠤ ᠭᠠᠶᠢᠬᠠᠰᠢ ᠠᠯᠳᠠᠪᠠ᠃ ᠲᠡᠷᠡ᠄ ︽ᠲᠠᠨ ᠤ ᠠᠳᠡᠬᠢ ᠮᠤᠩᠭᠤᠯ ᠤᠨ ᠲᠠᠯ᠎ᠠ ᠨᠤᠲᠤᠭ ᠤᠤᠯ ᠠᠴᠠ ᠪᠠᠨ ᠡᠶᠢᠮᠤ ᠭᠤᠶᠤ ᠪᠠᠶᠢᠭᠰᠠᠨ ᠶᠤᠮ ᠤᠤ︾ ᠭᠡᠵᠤ ᠨᠠᠮ᠎ᠠ ᠠᠴᠠ ᠠᠰᠠᠭᠤᠪᠠ᠃ ᠪᠢ ᠬᠠᠷᠢᠭᠤ  ᠳᠤ ᠨᠢ᠄ ︽ᠨᠠᠮ᠎ᠠ ᠶᠢ ᠪᠠᠭ᠎ᠠ ᠪᠠᠶᠢᠬᠤ ᠳᠤ ᠡᠶᠢᠮᠤ ᠪᠠᠶᠢᠭᠰᠠᠨ ᠦᠭᠡᠢ᠂ ᠲᠠᠯ᠎ᠠ ᠨᠤᠲᠤᠭ ᠲᠠᠴᠢᠷᠳᠠᠨ ᠮᠠᠭᠤᠳᠠᠵᠤ᠂ ᠠᠳᠡ ᠲᠡᠨᠳᠡ ᠠᠭᠤᠷᠬᠠᠢ ᠮᠠᠯᠳᠠᠵᠤ᠂ ᠪᠠᠶᠢᠭᠠᠯᠢ ᠠᠮᠢ ᠠᠬᠤᠢ ᠬᠦᠨᠳᠤ ᠨᠤᠴᠢᠳᠠᠢ ᠡᠪᠳᠡᠭᠳᠡᠨ ᠪᠤᠬᠢᠷᠳᠤᠵᠤ᠂ ᠭᠤᠤᠯ ᠭᠤᠷᠤᠬ᠎ᠠ᠂ ᠨᠠᠭᠤᠷ ᠱᠠᠩᠳᠠ ᠬᠠᠳᠠᠨ ᠰᠢᠷᠬᠢᠵᠤ᠂ ᠮᠠᠯᠴᠢᠳ ᠤᠨ ᠠᠮᠢᠳᠤᠷᠠᠯ ᠴᠦ ᠤᠳᠤ ᠶᠢᠨ ᠰᠢᠭ᠋ ᠪᠠᠶᠠᠷ ᠵᠢᠷᠭᠠᠯ  ᠲᠠᠢ ᠪᠠᠶᠢᠭᠰᠠᠨ ᠦᠭᠡᠢ᠃ ᠤᠶᠢᠷ᠎ᠠ ᠶᠢᠨ ᠵᠢᠯ ᠤᠳ ᠲᠤ ᠤᠯᠤᠰ ᠤᠨ ᠲᠦᠷᠦ ᠶᠢᠨ ᠪᠤᠳᠤᠯᠭ᠎ᠠ ᠶᠢᠨ ᠰᠠᠶᠢᠨ ᠢᠶᠠᠷ ᠲᠤᠷ᠎ᠠ ᠲᠠᠪᠠ ᠪᠠᠷ ᠢᠶᠠᠨ ᠠᠭᠤᠷᠬᠠᠢ ᠮᠠᠯᠳᠠᠬᠤ ᠶᠢ ᠬᠤᠷᠢᠭᠯᠠᠨ ᠵᠤᠭᠰᠤᠭᠠᠵᠤ᠂ ᠠᠮᠢ ᠠᠬᠤᠢ ᠶᠢ ᠬᠠᠮᠠᠭᠠᠯᠠᠨ ᠲᠠᠯ᠎ᠠ ᠨᠤᠲᠤᠭ ᠢ ᠰᠡᠷᠭᠦᠭᠡᠭᠰᠡᠨ ᠢᠶᠠᠷ ᠠᠭᠤᠷ ᠠᠮᠢᠰᠬᠤᠯ ᠲᠡᠭᠰᠢᠷᠡᠨ ᠰᠠᠶᠢᠵᠢᠷᠠᠵᠤ᠂ ᠠᠮᠢ ᠠᠬᠤᠢ ᠲᠠᠬᠢᠨ ᠰᠢᠨᠡᠳᠦᠭᠰᠡᠨ ᠪᠠᠶᠢᠭ᠎ᠠ ᠶᠤᠮ︾ ᠭᠡᠵᠤ ᠬᠠᠷᠢᠭᠤᠯᠪᠠ᠃      ᠡᠶᠢᠨ ᠬᠦ ᠭᠦᠭᠵᠢᠯᠳᠠᠢ ᠶᠠᠷᠢᠯᠴᠠᠭᠰᠠᠭᠠᠷ ᠨᠢᠭᠡ ᠮᠡᠳᠡᠬᠦ ᠳᠤ ᠵᠤᠷᠢᠭᠰᠠᠨ ᠭᠠᠵᠠᠷ ᠲᠤ ᠪᠠᠨ ᠬᠦᠷᠴᠦ ᠲᠡᠷᠭᠡ ᠵᠤᠭᠰᠤᠪᠠ᠃      ᠪᠢᠳᠡ ᠨᠤᠲᠤᠭ ᠤᠨ ᠮᠠᠯᠴᠢᠨ ᠪᠠᠳᠤ ᠶᠢᠨ ᠡᠭᠦᠳᠡᠨ ᠳᠤ ᠬᠦᠷᠴᠤ ᠢᠷᠡᠭᠰᠡᠨ ᠪᠠᠶᠢᠵᠠᠢ᠃ ᠭᠡᠷ ᠤᠨ ᠡᠵᠡᠨ ᠮᠠᠨ ᠢ ᠤᠭᠳᠤᠨ ᠭᠠᠷᠴᠤ ᠢᠷᠡᠭᠡᠳ ᠨᠤᠲᠤᠭ ᠤᠨ ᠮᠤᠩᠭᠤᠯ ᠵᠠᠩᠰᠢᠯ ᠢᠶᠠᠷ ᠢᠶᠠᠨ ᠮᠠᠨᠤᠰ ᠲᠠᠢ ᠮᠡᠨᠳᠤᠴᠢᠯᠡᠨ ᠵᠤᠯᠭᠠᠵᠤ᠂ ᠲᠤᠳᠤᠭᠰᠢ ᠵᠠᠯᠠᠪᠠ᠃      ᠲᠡᠲᠡᠨ ᠤ ᠬᠢ ᠭᠡᠵᠤ ᠦᠨᠳᠤᠷ ᠠᠭᠤᠯᠠ ᠶᠢ ᠲᠦᠰᠢᠵᠤ᠂ ᠦᠷᠭᠡᠨ ᠲᠠᠯ᠎ᠠ ᠶᠢ ᠪᠠᠷᠠᠯᠠᠨ᠂ ᠤᠭᠠᠯᠵᠠᠨ ᠭᠤᠤᠯ  ᠤᠨ ᠲᠡᠨᠵᠢᠨ ᠳᠤ ᠠᠶᠢᠯ ᠠᠴᠠ ᠵᠠᠶᠢᠳᠠᠭᠤ ᠰᠠᠭᠤᠭᠰᠠᠨ  ᠬᠤᠶᠠᠷ ᠠᠶᠢᠯ ᠤᠨ ᠨᠢᠭᠡ ᠨᠢ ᠪᠠᠶᠢᠵᠠᠢ᠃ ᠬᠤᠶᠠᠷ ᠲᠠᠪᠬᠤᠷ ᠴᠡᠪᠡᠷᠭᠡᠨ ᠠᠰᠠᠷ ᠨᠢ ᠰᠡᠯᠡᠭᠦᠴᠡᠯ ᠤᠨ ᠤᠷᠳᠤᠨ ᠭᠡᠮᠡᠷ ᠭᠤᠶᠤ ᠬᠡᠬᠡᠨᠴᠢᠷ ᠮᠦᠷᠳᠡᠭᠡᠨ ᠬᠠᠵᠠᠭᠤ ᠳᠤ ᠨᠢ ᠤᠳᠤᠬᠢᠴᠢᠯᠠᠭᠰᠠᠨ ᠮᠠᠯᠵᠢᠯ ᠤᠨ ᠬᠠᠰᠢᠶ᠎ᠠ ᠰᠠᠷᠠᠪᠴᠢ ᠲᠠᠢ᠂ ᠶᠡᠭᠡ ᠪᠠᠭ᠎ᠠ ᠮᠠᠰᠢᠨ ᠲᠡᠷᠬᠡ ᠪᠠ ᠮᠠᠯᠵᠢᠯ ᠳᠤ ᠭᠡᠷᠡᠭᠯᠡᠳᠡᠭ ᠮᠠᠰᠢᠨ ᠨᠤᠭᠤᠳ ᠲᠠᠢ᠂ ᠡᠭᠦᠳᠡᠨ ᠠᠴᠠ ᠪᠠᠨ ᠦᠷᠭᠦᠯᠵᠢᠯᠡᠭᠰᠡᠨ ᠡᠪᠡᠰᠤ ᠪᠡᠯᠴᠢᠭᠡᠷ ᠲᠠᠢ ᠪᠠᠶᠠᠨ ᠲᠠᠩᠰᠤᠭ ᠠᠮᠢᠳᠤᠷᠠᠵᠤ ᠪᠠᠶᠢᠭ᠎ᠠ ᠠᠵᠢ᠃      ᠭᠡᠷ ᠲᠤ ᠨᠢ ᠤᠷᠤᠭᠠᠳ ᠵᠦᠭᠡᠯᠡᠨ ᠢᠰᠡᠷᠢ ᠲᠡᠭᠡᠷ᠎ᠡ ᠨᠢ ᠰᠠᠭᠤᠮᠠᠭᠴᠠ ᠤᠶᠤᠨᠴᠢ ᠮᠠᠰᠢᠨ ᠬᠦᠮᠤᠨ ᠮᠠᠨ ᠳᠤ ᠴᠠᠢ ᠠᠶᠠᠭᠠᠯᠠᠵᠤ ᠦᠭᠪᠡ᠃ ᠭᠡᠷᠭᠡᠢ ᠨᠢ ᠭᠡᠵᠤ ᠭᠤᠸᠠᠯᠢᠭ ᠪᠦᠰᠡᠭᠦᠢ ᠶᠡᠭᠡ ᠯᠠ ᠶᠠᠷᠢᠶ᠎ᠠ ᠵᠤᠭᠤᠭ ᠲᠠᠢ ᠬᠦᠮᠤᠨ᠂ ᠡᠨᠡ ᠲᠡᠷᠡ ᠪᠠᠨ ᠲᠠᠨᠢᠯᠴᠠᠭᠤᠯᠬᠤ ᠶᠢᠨ ᠵᠡᠷᠭᠡ ᠺᠤᠮᠫᠢᠦ᠋ᠲ᠋ᠧᠷ ᠤᠨ ᠲᠤᠪᠴᠢ ᠪᠠᠨ ᠲᠤᠪᠰᠢᠨ ᠲᠡᠯᠭᠡᠴᠡ ᠲᠡᠭᠡᠷ᠎ᠡ ᠨᠢ ᠤᠶᠤᠨᠴᠢ ᠮᠠᠰᠢᠨ ᠮᠠᠯᠵᠢᠯ ᠲᠡᠭᠡᠷ᠎ᠡ ᠠᠵᠢᠯᠯᠠᠵᠤ ᠪᠠᠶᠢᠬᠤ ᠶᠢ ᠮᠠᠨ ᠳᠤ ᠰᠤᠨᠢᠷᠬᠠᠭᠤᠯᠪᠠ᠃ ᠡᠨᠡ ᠦᠶ᠎ᠡ ᠶᠠᠭ ᠦᠳᠡ ᠠᠶᠠᠳᠠᠵᠤ ᠪᠠᠶᠢᠭᠰᠠᠨ ᠪᠤᠯᠬᠤᠷ᠂ ᠮᠠᠯ ᠢᠶᠠᠨ ᠤᠰᠤᠯᠠᠵᠤ ᠪᠠᠶᠢᠭᠰᠠᠨ ᠠᠵᠢ᠃ ᠲᠡᠯᠭᠡᠴᠡ ᠲᠡᠭᠡᠷ᠎ᠡ ᠨᠢ ᠤᠶᠤᠨᠴᠢ ᠮᠠᠰᠢᠨ ᠬᠦᠮᠤᠨ ᠠᠵᠢᠯᠯᠠᠵᠤ ᠪᠠᠶᠢᠨ᠎ᠠ᠃      ᠪᠠᠳᠤ ᠮᠠᠨ ᠳᠤ᠄ ︽ᠮᠠᠨ ᠤ ᠮᠠᠯᠵᠢᠯ ᠲᠡᠭᠡᠷ᠎ᠡ ᠬᠡᠷᠡᠭᠯᠡᠵᠤ ᠪᠠᠶᠢᠭ᠎ᠠ ᠤᠶᠤᠨᠴᠢ ᠮᠠᠰᠢᠨ ᠨᠤᠭᠤᠳ ᠤᠨ ᠤᠯᠠᠩᠭᠢ ᠨᠢ ᠲᠠᠨ ᠤ ᠺᠤᠮᠫᠠᠨᠢ ᠶᠢᠨ ᠡᠭᠦᠳᠤᠨ ᠪᠦᠳᠦᠭᠡᠭᠰᠡᠨ ᠮᠠᠰᠢᠨ ᠶᠤᠮ᠂ ᠵᠠᠷᠢᠮ ᠮᠠᠰᠢᠨ ᠢ ᠨᠢ ᠪᠢ ᠦᠪᠡᠷ ᠢᠶᠠᠨ ᠰᠤᠳᠤᠯᠤᠨ ᠭᠠᠷᠭᠠᠵᠤ ᠠᠵᠢᠯᠯᠠᠭᠤᠯᠵᠤ ᠪᠠᠶᠢᠭ᠎ᠠ ᠶᠤᠮ︾ ᠭᠡᠵᠤ ᠪᠠᠶᠠᠰᠤᠩᠭᠤᠢ ᠶᠠᠷᠢᠵᠤ ᠪᠠᠶᠢᠯ᠎ᠠ᠃ ᠦᠨᠡᠭᠡᠷ ᠲᠡᠶᠢᠮᠤ ᠪᠠᠶᠢᠭᠰᠠᠨ ᠠᠵᠢ᠃ ᠦᠷᠯᠦᠭᠡ ᠡᠷᠳᠡ ᠮᠠᠯ ᠢᠶᠠᠨ ᠪᠡᠯᠴᠢᠭᠡᠷ ᠲᠤ ᠵᠠᠯᠠᠬᠤ᠂ ᠦᠳᠡ ᠳᠤ ᠬᠤᠳᠳᠤᠭ ᠲᠡᠭᠡᠷ᠎ᠡ ᠮᠠᠯ  ᠢᠶᠠᠨ ᠤᠰᠤᠯᠠᠬᠤ᠂ ᠤᠷᠤᠢ ᠳᠠᠭᠠᠨ ᠮᠠᠯ ᠢᠶᠠᠨ ᠬᠤᠳᠠᠯᠠᠬᠤ᠂ ᠡᠪᠡᠰᠤ ᠪᠤᠷᠳᠤᠭ᠎ᠠ ᠦᠭᠭᠦ᠂ ᠪᠠᠭᠠᠰᠤ ᠰᠢᠭᠡᠰᠤ ᠶᠢ ᠨᠢ ᠠᠷᠢᠯᠭᠠᠬᠤ᠂ ᠭᠡᠮ ᠬᠢᠵᠢᠭ ᠢ ᠤᠷᠢᠳᠴᠢᠯᠠᠨ ᠰᠡᠷᠭᠡᠶᠢᠯᠡᠬᠦ ᠪᠠ ᠡᠮᠨᠡᠬᠦ᠂ ᠰᠦ ᠰᠠᠭᠠᠯᠢ᠂ ᠲᠤᠭ᠎ᠠ ᠲᠤᠯᠤᠭᠠᠢ ᠠᠪᠬᠤ ᠭᠡᠬᠦ ᠮᠡᠳᠤ ᠶᠢᠨ ᠠᠵᠢᠯ ᠤᠳ ᠢ ᠪᠦᠷ ᠯᠠ ᠤᠶᠤᠨᠴᠢ ᠮᠠᠰᠢᠨ ᠬᠦᠢᠴᠡᠳᠭᠡᠵᠤ ᠪᠠᠶᠢᠭ᠎ᠠ ᠶᠤᠮ ᠭᠡᠨ᠎ᠡ᠃      ᠦᠨᠡᠬᠡᠷ ᠲᠡᠶᠢᠮᠤ ᠶᠤᠮ ᠪᠠᠶᠢᠨ᠎ᠠ᠂ ᠲᠡᠯᠭᠡᠴᠡ ᠲᠡᠭᠡᠷ᠎ᠡ ᠨᠢ ᠦᠵᠡᠭᠳᠡᠯ ᠰᠤᠯᠢᠭᠳᠠᠵᠤ᠂ ᠵᠢᠯᠤᠭᠤᠴᠢ ᠦᠭᠡᠢ ᠮᠠᠰᠢᠨ ᠡᠪᠡᠰᠤ ᠬᠠᠳᠤᠵᠤ ᠲᠡᠭᠡᠭᠡᠵᠤ ᠪᠠᠶᠢᠨ᠎ᠠ᠃ ᠪᠠᠰᠠ ᠮᠠᠯ ᠰᠦᠷᠦᠭ ᠤᠨ ᠲᠡᠭᠡᠭᠦᠷᠬᠢ ᠠᠭᠠᠷ ᠢᠶᠠᠷ ᠵᠢᠵᠢᠭ ᠨᠢᠰᠭᠡᠯ ᠰᠢᠭ᠋ ᠶᠠᠭᠤᠮ᠎ᠠ ᠡᠷᠭᠢᠯᠳᠤᠵᠤ ᠪᠠᠶᠢᠨ᠎ᠠ᠂ ᠲᠡᠷᠡ ᠨᠢ ᠮᠠᠯ ᠢᠶᠠᠨ ᠬᠠᠷᠢᠭᠤᠯᠵᠤ ᠵᠠᠯᠠᠵᠤ ᠪᠠᠶᠢᠭ᠎ᠠ ᠤᠶᠤᠨᠴᠢ ᠮᠠᠰᠢᠨ ᠶᠤᠮ ᠪᠠᠶᠢᠨ᠎ᠠ᠃ ᠤᠳᠤ ᠶᠢᠨ ᠮᠠᠯᠴᠢᠳ ᠭᠡᠷ ᠠᠴᠠ ᠪᠠᠨ ᠤᠶᠤᠨᠴᠢ ᠮᠠᠰᠢᠨ ᠢᠶᠠᠨ ᠠᠵᠢᠯᠯᠠᠭᠤᠯᠵᠤ᠂ ᠲᠤᠬᠢᠷᠠᠭᠤᠯᠵᠤ᠂ ᠬᠢᠨᠠᠵᠤ ᠪᠠᠶᠢᠴᠠᠭᠠᠪᠠᠯ ᠪᠤᠯᠴᠢᠬᠠᠳᠠᠭ ᠶᠤᠮ ᠪᠠᠶᠢᠨ᠎ᠠ᠃      ᠪᠠᠳᠤ ᠪᠢᠳᠡ ᠬᠤᠶᠠᠷ ᠪᠤᠯ ᠪᠠᠭ᠎ᠠ ᠰᠤᠷᠭᠠᠭᠤᠯᠢ ᠶᠢᠨ ᠬᠠᠮᠳᠤ ᠰᠤᠷᠤᠯᠭᠠᠳᠠᠨ ᠶᠤᠮ᠃ ᠬᠤᠵᠢᠮ ᠨᠢ ᠪᠢ ᠶᠡᠭᠡ ᠰᠤᠷᠭᠠᠭᠤᠯᠢ ᠪᠠᠨ ᠲᠡᠭᠦᠰᠴᠤ᠂ ᠠᠰᠫᠢᠷᠠᠨᠲ᠂ ᠳ᠋ᠤᠺᠲ᠋ᠤᠷ ᠢᠶᠠᠨ ᠦᠵᠡᠭᠡᠳ ᠨᠡᠶᠢᠰᠯᠡᠯ ᠪᠡᠭᠡᠵᠢᠩ ᠳᠤ ᠤᠳᠤ ᠶᠢᠨ ᠡᠨᠡ ᠺᠤᠮᠫᠠᠨᠢ ᠳᠤ ᠠᠵᠢᠯᠯᠠᠭᠠᠳ ᠬᠤᠷᠢ ᠭᠠᠷᠤᠢ ᠵᠢᠯ ᠪᠤᠯᠵᠤ ᠪᠠᠶᠢᠨ᠎ᠠ᠃ ᠪᠠᠳᠤ ᠬᠠᠷᠢᠨ ᠶᠡᠭᠡ ᠰᠤᠷᠭᠠᠭᠤᠯᠢ ᠪᠠᠨ ᠲᠡᠭᠦᠰᠴᠤ᠂ ᠳ᠋ᠤᠺᠲ᠋ᠤᠷ ᠢᠶᠠᠨ ᠲᠡᠭᠦᠰᠦᠭᠡᠳ ᠶᠡᠭᠡ ᠬᠤᠳᠠ ᠳᠤ ᠦᠯᠡᠳᠡᠭᠰᠡᠨ ᠦᠭᠡᠢ᠂ ᠠᠯᠪᠠᠨ ᠠᠵᠢᠯ ᠭᠡᠵᠤ ᠡᠷᠢᠭᠰᠡᠨ ᠴᠦ ᠦᠭᠡᠢ ᠬᠦᠳᠡᠭᠡ ᠳᠤ ᠪᠠᠨ ᠬᠠᠷᠢᠵᠤ ᠢᠷᠡᠭᠡᠳ ᠮᠠᠯᠴᠢᠨ ᠳ᠋ᠤᠺᠲ᠋ᠤᠷ  ᠪᠤᠯᠵᠤ᠂ ᠶᠡᠭᠡ ᠦᠢᠯᠡᠰ ᠪᠦᠳᠦᠭᠡᠵᠤ ᠪᠠᠶᠢᠨ᠎ᠠ᠂ ᠦᠨᠡᠭᠡᠷ ᠠᠮᠠᠷ ᠦᠭᠡᠢ᠃      ᠠᠮᠧᠷᠢᠺᠠ ᠶᠢᠨ ᠨᠠᠶᠢᠵᠠ ᠪᠠᠳᠤ ᠶᠢᠨ ᠭᠡᠷ ᠤᠨ ᠲᠤᠳᠤᠷ᠎ᠠ ᠭᠠᠳᠠᠨᠠᠬᠢ ᠡᠳ᠋ᠯᠡᠯ ᠬᠡᠷᠡᠭᠰᠡᠯ ᠬᠢᠭᠡᠳ ᠤᠷᠴᠢᠨ ᠲᠤᠭᠤᠷᠢᠨ ᠤ ᠠᠭᠤᠯᠠ ᠤᠰᠤᠨ ᠤ ᠦᠵᠡᠮᠵᠢ   ᠶᠢ ᠰᠤᠨᠢᠷᠬᠠᠭᠠᠳ ᠶᠡᠬᠡᠳᠡ ᠭᠠᠶᠢᠬᠠᠵᠤ᠄ ︽ᠪᠢ ᠲᠠᠨ ᠤ ᠲᠤᠮᠳᠠᠳᠤ ᠤᠯᠤᠰ ᠤᠨ ᠦᠪᠤᠷ ᠮᠤᠩᠭᠤᠯ ᠤᠨ ᠲᠠᠯ᠎ᠠ ᠨᠤᠲᠤᠭ ᠢ ᠰᠠᠶᠢᠬᠠᠨ ᠭᠡᠵᠤ ᠰᠤᠨᠤᠰᠴᠤ ᠪᠠᠶᠢᠭᠰᠠᠨ᠂ ᠭᠡᠪᠡᠴᠤ ᠲᠠᠨ ᠤ ᠮᠤᠩᠭᠤᠯ ᠭᠠᠵᠠᠷ ᠤᠨ ᠮᠠᠯᠵᠢᠬᠤ ᠤᠷᠤᠨ ᠳᠤ ᠰᠢᠨ᠎ᠡ ᠲᠧᠭᠨᠢᠭ ᠮᠡᠷᠭᠡᠵᠢᠯ ᠡᠳᠤᠢ ᠭᠦᠭᠵᠢᠭᠰᠡᠨ ᠬᠡᠮᠵᠢᠶᠡᠨ ᠬᠦᠷᠦᠯ᠎ᠡ ᠭᠡᠵᠤ ᠰᠠᠨᠠᠭ᠎ᠠ ᠵᠡᠭᠦᠳᠦᠨ ᠳᠤ ᠴᠦ ᠤᠷᠤᠭ᠎ᠠ ᠦᠭᠡᠢ᠂ ᠵᠠᠷᠢᠮ ᠲᠠᠯ᠎ᠠ ᠶᠢᠨ ᠮᠡᠷᠭᠡᠵᠢᠯ ᠴᠢᠨᠢ ᠮᠠᠨ ᠤ ᠠᠮᠧᠷᠢᠺᠠ ᠠᠴᠠ ᠴᠦ ᠲᠠᠪᠠᠵᠤ ᠪᠠᠶᠢᠨ᠎ᠠ ᠰᠢᠤ︾ ᠭᠡᠵᠤ ᠱᠠᠭᠰᠢᠨ ᠮᠠᠭᠳᠠᠵᠤ ᠪᠠᠶᠢᠯ᠎ᠠ᠃      ᠪᠠᠳᠤ ᠶᠢᠨ ᠬᠢ ᠠᠴᠠ ᠪᠤᠴᠠᠬᠤ ᠦᠶ᠎ᠡ ᠳᠤ ᠠᠮᠧᠷᠢᠺᠠ ᠨᠠᠶᠢᠵᠠ ᠪᠠᠳᠤ ᠲᠠᠢ ᠬᠠᠯᠠᠭᠤᠮᠰᠤᠭ ᠢᠶᠠᠷ ᠭᠠᠷ ᠠᠳᠬᠤᠵᠤ᠂ ᠰᠠᠯᠬᠤ ᠶᠤᠰᠤ ᠬᠦᠴᠡᠳᠭᠡᠬᠦ ᠵᠠᠭᠤᠷ᠎ᠠ᠂ ᠠᠮᠧᠷᠢᠺᠠ ᠤᠯᠤᠰ ᠲᠤ ᠮᠤᠷᠢᠯᠠᠨ ᠰᠠᠭᠠᠳᠠᠵᠤ ᠲᠤᠷᠰᠢᠯᠭ᠎ᠠ ᠰᠤᠯᠢᠯᠴᠠᠬᠤ ᠶᠢ ᠨᠠᠶᠢᠳᠠᠵᠤ ᠪᠠᠶᠢᠯ᠎ᠠ᠃      ᠵᠠᠮ ᠵᠠᠭᠤᠷ᠎ᠠ ᠠᠮᠧᠷᠢᠺᠠ ᠨᠠᠶᠢᠵᠠ ᠮᠠᠨᠤᠰ ᠲᠠᠢ ᠵᠤᠭᠤᠳᠠᠬᠤ ᠵᠠᠭᠤᠷ᠎ᠠ ᠪᠡᠭᠡᠵᠢᠩ ᠳᠤ ᠬᠦᠷᠪᠡᠯ ᠮᠠᠨ ᠤ ᠺᠤᠮᠫᠠᠨᠢ  ᠲᠠᠢ ᠤᠷᠳᠤᠮᠵᠢ ᠶᠢᠨ ᠴᠢᠨᠠᠷᠳᠠᠢ ᠮᠡᠷᠭᠡᠵᠢᠯ ᠤᠨ ᠬᠠᠮᠳᠤᠷᠠᠨ ᠠᠵᠢᠯᠯᠠᠬᠤ ᠭᠡᠷ᠎ᠡ ᠲᠤᠭᠳᠠᠨ᠎ᠠ ᠭᠡᠵᠤ ᠢᠳᠡᠭᠡᠯ ᠲᠠᠢ ᠶᠠᠷᠢᠵᠤ ᠪᠠᠶᠢᠯ᠎ᠠ᠃ ᠪᠢ ᠴᠦ ᠭᠡᠰᠡᠨ ᠦᠪᠡᠷ ᠤᠨ ᠺᠤᠮᠫᠠᠨᠢ ᠳᠤ ᠪᠠᠨ ᠤᠯᠠᠮ ᠨᠢᠭᠡ ᠠᠯᠬᠤᠮ ᠢᠳᠡᠭᠡᠯ ᠲᠠᠢ ᠪᠤᠯᠵᠤ᠂ ᠮᠠᠨ ᠤ ᠡᠬᠡ ᠤᠷᠤᠨ ᠲᠦᠷᠦᠭᠰᠡᠨ ᠨᠤᠲᠤᠭ ᠤᠨ ᠢᠶᠠᠨ ᠢᠷᠡᠭᠡᠳᠦᠢ ᠳᠤ ᠨᠡᠩ ᠢᠯᠡᠭᠦᠤ ᠬᠦᠰᠡᠯ ᠡᠷᠡᠮᠡᠯᠵᠡᠯᠡᠯ ᠲᠠᠢ᠂ ᠤᠮᠤᠭᠰᠢᠯ ᠲᠠᠢ ᠪᠤᠯᠵᠤ᠂ ᠤᠷᠤᠭᠰᠢ ᠵᠠᠮ ᠢᠶᠠᠨ ᠡᠯᠭᠦᠯ᠎ᠡ᠃                                              ᠵᠢᠯᠤᠭᠤᠲᠤᠭᠰᠠᠨ ᠪᠠᠭᠰᠢ—ᠡᠷᠲᠡᠨᠢᠴᠡᠴᠡᠭ    
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号