ᠪᠢᠳᠠᠨ ᠤ ᠰᠢᠨ᠎ᠠ ᠰᠤᠷᠭᠠᠭᠤᠯᠢ | | ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ | 9.3 ᠶᠢᠨ ᠰᠤᠷᠤᠭᠴᠢ ᠶᠦᠨ᠂ ᠬᠠᠶᠢᠷᠬᠠᠨ | | | ᠴᠠᠭ ᠮᠦᠴᠠ ᠨᠢᠰᠬᠦ ᠮᠡᠳᠦ ᠦᠡᠭᠭᠡᠷᠡᠨᠠ᠃ ᠬᠤᠷᠢᠨ ᠨᠢᠭᠡᠳᠦᠭᠡᠷ ᠵᠠᠭᠤᠨ ᠢ ᠲᠤᠮᠳᠠᠯᠠᠴᠢᠬᠠᠯᠠ᠃ ᠡᠭᠡ | ᠤᠯᠤᠰ ᠮᠢᠨᠢ ᠬᠦᠭᠵᠢᠨ ᠬᠦᠴᠦᠷᠭᠡᠭᠵᠢᠬᠦ ᠶᠢ ᠲᠠᠭᠠᠯᠳᠤᠨ ᠪᠢᠳᠠᠨ ᠤ ᠠᠮᠢᠳᠤᠷᠠᠯ ᠴᠦ ᠭᠠᠶᠢᠬᠠᠰᠢ ᠠᠯᠳᠠᠮ᠎ᠠ | ᠬᠤᠪᠢᠷᠠᠯᠳᠠ ᠡᠬᠦᠰᠦᠭᠰᠡᠨ ᠰᠢᠦ᠃ ᠨᠢᠳᠤ ᠢᠷᠮᠡᠬᠦ ᠵᠠᠭᠤᠷ᠎ᠠ ᠪᠢ ᠠᠦ᠋ᠲ᠋ᠤ᠋ ᠱᠠᠲᠤ ᠪᠠᠷ ᠶᠠᠷᠢ ᠶᠢᠰᠤᠨ ᠲᠠᠪᠬᠤᠷᠭ᠎ᠠ | ᠦᠨᠳᠦᠷ ᠬᠢᠴᠢᠶᠠᠯᠯᠡᠬᠦ ᠠᠰᠠᠷ ᠤᠨ ᠬᠠᠮᠤᠭ ᠤᠨ ᠲᠡᠭᠡᠳᠦ ᠲᠠᠪᠬᠤᠷᠭ᠎ᠠ ᠳᠤ ᠬᠦᠷᠪᠡ᠃ ᠲᠡᠭᠡᠭᠡᠳ ᠯᠠ ᠠᠩᠬᠢ ᠵᠦᠭ | ᠢᠶᠠᠨ ᠴᠢᠭᠯᠡᠪᠡ᠃ ᠡᠬᠦᠳᠡ ᠤᠷᠤᠬᠤ ᠠᠴᠠ ᠡᠮᠦᠨ᠎ᠠ ᠵᠠᠪᠠᠯ ᠬᠢᠬᠦ ᠶᠤᠰᠤᠳᠠᠢ ᠵᠦᠢᠯ ᠢᠶᠠᠨ ᠬᠦᠢᠴᠡᠳᠭᠡᠬᠦ ᠭᠡᠷᠡᠭᠳᠡᠢ᠃ | ᠪᠠᠶᠢᠵᠠ᠂ ᠲᠠᠮᠳᠡᠭ ᠢᠶᠠᠨ ᠮᠠᠰᠢᠨ ᠳᠤ ᠲᠠᠨᠢᠭᠤᠯᠬᠤ ᠦᠭᠡᠢ ᠪᠤᠯ ᠦᠨᠦᠬᠢ ᠴᠢᠨᠢ ᠰᠠᠭᠠᠲᠤᠯ ᠲᠠᠢ ᠭᠡᠵᠤ ᠲᠠᠮᠳᠡᠭᠯᠠᠨᠠ | ᠳ᠋ᠠ᠃ ᠠᠩᠬᠢ ᠳᠤ ᠤᠷᠤᠬᠤ ᠳᠤ ᠡᠯ᠎ᠠ ᠬᠢᠴᠢᠶᠠᠯ ᠤᠨ ᠡᠯᠧᠺᠲᠷᠤᠨ ᠲᠠᠪᠴᠠᠩ ᠮᠥᠨ ᠴᠦ ᠲᠠᠰᠬᠠᠯ ᠢᠶᠠᠨ | ᠬᠤᠷᠢᠶᠠᠬᠤ ᠶᠢᠨ ᠲᠠᠭᠠᠤ ︽ᠲᠠᠰᠬᠠᠯ ᠢᠶᠠᠨ ᠲᠤᠰᠢᠶᠠᠭᠠᠷᠠᠢ︕︾ ᠭᠡᠵᠤ ᠲᠠᠩᠰᠠᠯᠠᠭᠤᠯᠤᠭᠰᠠᠨ ᠨᠣᠮᠧᠷ ᠢᠶᠠᠷ | ᠲᠠᠭᠤᠳᠠᠨ ᠠᠩᠬᠠᠷᠤᠭᠤᠯᠤᠨ᠎ᠠ᠃ ᠨᠦᠬᠦᠳ ᠤᠨ ᠣᠯᠠᠩᠭᠢ ᠨᠢ ᠡᠯᠧᠺᠲᠷᠤᠨ ᠤᠭᠤᠳᠠ ᠲᠠᠢ ᠪᠠᠨ ᠨᠤᠤᠷᠠᠯᠳᠤᠨᠠ᠃ | ᠬᠠᠪᠰᠤᠷᠤᠭᠴᠢ ᠮᠠᠰᠢᠨ ᠬᠦᠮᠦᠨ ᠪᠠᠭᠰᠢ ᠶᠢᠨ ᠴᠠᠭᠠᠨ᠎ᠠ ᠶᠠᠭᠠᠷᠠᠯᠳᠠᠢ ᠠᠵᠢᠯᠯᠠᠨ ᠡᠯ᠎ᠠ ᠬᠢᠴᠢᠶᠠᠯ ᠤᠨ ᠪᠠᠭᠰᠢ ᠳᠤ | ᠢᠯᠭᠠᠨ ᠬᠤᠪᠢᠶᠠᠷᠢᠯᠠᠵᠦ ᠲᠠᠰᠬᠠᠯ ᠦᠵᠡᠬᠦ ᠵᠦᠭᠡᠯᠡᠨ ᠲᠤᠨᠤᠭ ᠲᠠᠢ ᠨᠢ ᠵᠤᠯᠭᠠᠭᠤᠯᠤᠨ᠎ᠠ᠃ ᠪᠠᠯᠠᠳᠭᠡᠯ ᠬᠤᠩᠬᠤ | ᠲᠤᠤᠭᠠᠷᠬᠤ ᠲᠠᠢ ᠵᠡᠷᠭᠡ ᠮᠠᠨ ᠤ ᠮᠠᠰᠢᠨ ᠨᠠᠶᠢᠵᠠ᠄ ︽ᠨᠢᠭᠡᠳᠦᠭᠡᠷ ᠬᠢᠴᠢᠶᠠᠯ ᠲᠡᠦᠭᠡ᠂ ᠪᠤᠰᠢᠭᠤᠬᠠᠨ ᠬᠢᠴᠢᠶᠠᠯ ᠤᠨ | ᠭᠡᠷ ᠲᠡᠭᠡᠨ ᠬᠦᠷᠦᠭᠡᠷᠡᠢ︕︾ ᠭᠡᠵᠤ ᠰᠠᠨᠠᠭᠤᠯᠤᠮᠵᠢ ᠦᠭᠬᠦᠨ᠎ᠠ᠃ ᠪᠢᠳᠠ ᠬᠤᠷᠳᠤᠬᠠᠨ ᠡᠷᠬᠢᠯᠳᠤᠳᠡᠭ ᠡᠬᠦᠳᠡᠨ ᠳᠤ | ᠬᠦᠷᠴᠦ ᠲᠠᠪᠢᠨ ᠬᠤᠶᠠᠳᠤᠭᠠᠷ ᠲᠠᠪᠬᠤᠷᠯᠢᠭ ᠤᠨ ᠠᠦ᠋ᠲ᠋ᠤ᠋ ᠨᠣᠮᠧᠷ ᠢ ᠲᠠᠷᠤᠬᠤ ᠳᠤ ᠰᠢᠭᠤᠳ ᠪᠢᠳᠠᠨ ᠢ ᠶᠡᠭᠡ | ᠬᠢᠴᠢᠶᠠᠯ ᠤᠨ ᠭᠡᠷ ᠲᠤ ᠬᠦᠷᠭᠡᠴᠢᠭᠡᠯᠠ᠃ ᠲᠤᠰᠬᠠᠢ ᠰᠠᠭᠤᠳᠠᠯ ᠳᠠᠭᠠᠨ ᠰᠠᠭᠤᠵᠦ ᠪᠠᠭᠰᠢ ᠶᠢᠨ ᠰᠠᠨᠠᠭᠤᠯᠭ᠎ᠠ ᠲᠤᠤᠷ᠎ᠠ | ᠬᠢᠴᠢᠶᠠᠯ ᠲᠠᠢ ᠬᠠᠷᠠᠭᠠᠯᠵᠠᠭᠰᠠᠨ ᠠᠦ᠋ᠲ᠋ᠤ᠋ ᠨᠣᠮᠧᠷ ᠢ ᠲᠠᠷᠤᠮᠠᠭᠴᠠ ᠴᠠᠭ ᠤᠷᠤᠨ ᠢ ᠭᠡᠳᠡᠷᠬᠦ ᠰᠢᠪᠳᠤᠯᠤᠨ ᠲᠤᠬᠠᠢ ᠶᠢᠨ | ᠤᠨ ᠢ ᠲᠠᠭᠤᠷᠢᠶᠠᠨ ᠦᠢᠯᠡᠳᠦᠭᠰᠡᠨ ᠬᠢᠴᠢᠶᠠᠯᠯᠡᠭᠡ ᠤᠨ ᠤᠷᠴᠢᠨ ᠲᠤᠭᠤᠷᠢᠨ ᠳᠤ ᠤᠷᠤᠵᠦ ᠲᠡᠦᠭᠡᠳᠦ ᠬᠦᠮᠦᠰ ᠤᠨ | ᠠᠮᠢᠳᠤᠷᠠᠯ ᠢ ᠦᠡᠭᠭᠡᠷᠡᠬᠦᠯᠦᠯᠠ᠃ ᠴᠠᠭ ᠬᠦᠷᠦᠨ ᠢ ᠠᠯᠤᠰᠯᠠᠵᠦ ᠡᠷᠳᠡᠨ ᠤ ᠬᠦᠮᠦᠰ ᠤᠨ ᠠᠮᠢᠳᠤᠷᠠᠯ ᠢ ᠡᠳ᠋ᠯᠡᠬᠦ ᠨᠢ | ᠭᠡᠴᠡᠬᠦᠦ ᠰᠤᠨᠢᠷᠬᠠᠯᠳᠠᠢ ᠮᠦᠷᠳᠡᠭᠡᠨ ᠰᠠᠳᠠᠯᠳᠠ ᠲᠠᠢ ᠤᠴᠢᠷ ᠰᠢᠦ︕ ᠪᠢᠳᠠᠨ ᠤ ᠬᠢᠴᠢᠶᠠᠯ ᠪᠤᠯᠭᠠᠨ ᠴᠦᠮ | ᠡᠶᠢᠮᠦᠷᠬᠦᠦ ᠲᠠᠭᠤᠷᠢᠶᠠᠮᠠᠯ ᠪᠤᠳᠠᠳᠤ ᠤᠷᠴᠢᠨ ᠲᠠᠢ ᠬᠢᠴᠢᠶᠠᠯ ᠤᠨ ᠭᠡᠷ ᠲᠤ ᠶᠠᠪᠤᠭᠲᠠᠲᠠᠭ᠃ ᠬᠤᠶᠠᠳᠤᠭᠠᠷ ᠬᠢᠴᠢᠶᠠᠯ | ᠤᠨ ᠵᠠᠪᠰᠠᠷᠯᠠᠭ᠎ᠠ ᠪᠤᠯ ᠮᠢᠨᠦ ᠬᠠᠮᠤᠭ ᠠᠴᠠ ᠲᠤᠷᠠᠳᠠᠢ ᠤᠷᠮ᠎ᠠ ᠪᠠᠬ᠎ᠠ ᠶᠢᠨ ᠬᠦᠳᠡᠯᠭᠡᠭᠡᠨ ᠢ ᠶᠠᠪᠤᠭᠳᠠᠭᠤᠯᠳᠠᠭ᠃ | ᠵᠠᠪᠰᠠᠷᠯᠠᠭ᠎ᠠ ᠪᠤᠯᠭᠠᠨ ᠳᠤ ᠪᠢ ᠬᠦᠭᠵᠢᠮ ᠤᠨ ᠭᠡᠷ ᠲᠤ ᠬᠠᠷᠪᠤᠭᠰᠠᠨ ᠰᠤᠮᠤ ᠰᠢᠭ᠋ ᠬᠦᠶᠦᠨ ᠬᠦᠷᠴᠦ ᠲᠤᠭᠤᠵᠤ | ᠪᠠᠭ᠋ᠠᠷᠬᠠᠭᠰᠠᠨ ᠬᠦᠭᠵᠢᠮᠴᠢᠳ ᠲᠠᠢ ᠪᠠᠨ ᠨᠢᠭᠤᠷᠳᠠᠨ ᠲᠤᠰᠬᠠᠢ ᠵᠢᠯᠤᠭᠤᠳᠤᠯᠭ᠎ᠠ ᠬᠦᠷᠳᠡᠬᠦ ᠮᠦᠷᠳᠡᠭᠡᠨ ᠲᠤᠰᠬᠠᠢ | ᠦᠨᠠᠯᠠᠯᠳᠠ ᠬᠢᠯᠭᠡᠳᠡᠭ᠃ ᠪᠠᠰᠠ ᠲᠠᠳᠠᠨ ᠤ ᠵᠢᠯᠤᠭᠤᠳᠤᠯᠭ᠎ᠠ ᠶᠤᠰᠤᠭᠠᠷ ᠪᠤᠯᠪᠠᠰᠤᠷᠠᠳᠠᠭ᠃ ᠤᠴᠢᠷ ᠨᠢ ᠬᠦᠭᠵᠢᠮ | ᠲᠠᠢ ᠵᠠᠯᠭᠠᠯᠳᠤᠭᠰᠠᠨ ᠪᠢᠴᠢᠯ ᠮᠠᠰᠢᠨ ᠳᠤ ᠠᠯᠳᠠᠷᠳᠤ ᠬᠦᠭᠵᠢᠮᠴᠢᠳ ᠦᠪᠡᠷ ᠤᠨ ᠲᠤᠰᠬᠠᠢ ᠨᠠᠪᠳᠠᠷᠠᠬᠦᠯᠬᠡ ᠪᠠᠷ | ᠬᠢᠴᠢᠶᠠᠯᠯᠡᠵᠦ ᠪᠠᠶᠢᠳᠠᠭ᠃ ᠪᠦᠮᠪᠦᠭᠡᠨ ᠤ ᠭᠡᠷ᠂ ᠤᠷᠠᠨ ᠪᠢᠴᠢᠯᠭᠡ᠂ ᠤᠷᠠᠨ ᠵᠢᠷᠤᠭ᠂ ᠰᠢᠳᠠᠷ᠎ᠠ ᠤᠨ ᠭᠡᠷ ᠴᠦᠮ | ᠡᠶᠢᠮᠦ ᠪᠠᠶᠢᠳᠠᠭ ᠲᠤᠯᠠ ᠤᠷᠮ᠎ᠠ ᠪᠠᠬ᠎ᠠ ᠳᠤ ᠪᠠᠨ ᠬᠦᠳᠦᠯᠦᠭᠳᠡᠭᠰᠡᠨ ᠨᠦᠬᠦᠳ ᠮᠢᠨᠢ ᠦᠪᠡᠷ ᠤᠨ ᠲᠤᠷ᠎ᠠ ᠪᠠᠬ᠎ᠠ ᠲᠠᠢ | ᠵᠦᠢᠯ ᠳᠤ ᠪᠠᠨ ᠰᠤᠭᠳᠤᠭᠤᠷᠠᠨ ᠠᠮᠵᠢᠯᠳᠠ ᠶᠢᠨ ᠪᠠᠭ᠋ᠠᠳᠤᠯ ᠢ ᠡᠳ᠋ᠯᠡᠵᠦ ᠪᠠᠶᠢᠳᠠᠭ᠃ ᠡᠳᠡᠭᠡᠷ ᠪᠤᠳᠠᠳᠠᠢ ᠲᠠᠭᠤᠷᠢᠶᠠᠮᠠᠯ | ᠬᠢᠴᠢᠶᠠᠯᠯᠡᠭᠡ ᠨᠢ ᠪᠠᠭᠰᠢ ᠨᠠᠷ ᠤᠨ ᠣᠬᠠᠭᠠᠨ ᠪᠢᠯᠢᠭ ᠤᠨ ᠡᠵᠠᠮᠰᠢᠯ ᠲᠤᠤᠷ᠎ᠠ ᠮᠠᠰᠢ ᠡᠷᠴᠢᠮᠳᠠᠢ ᠶᠠᠪᠤᠭᠳᠠᠳᠠᠭ᠃ | ᠦᠳᠡ ᠶᠢᠨ ᠡᠮᠦᠨᠡᠭᠢ ᠲᠦᠷᠪᠡᠨ ᠬᠢᠴᠢᠶᠠᠯ ᠲᠠᠭᠤᠰᠤᠮᠠᠭᠴᠠ ᠮᠠᠨ ᠤ ᠬᠠᠮᠤᠭ ᠠᠴᠠ ᠭᠦᠰᠡᠲᠡᠭ ᠭᠠᠵᠠᠷ — | ᠬᠤᠭᠤᠯᠠᠨ ᠲᠠᠩᠬᠢᠮ ᠳᠤ ᠬᠦᠷᠴᠢᠬᠡᠲᠡᠭ᠃ ᠡᠵᠢ ᠶᠢᠨ ᠮᠢᠨᠢ ᠴᠢᠨᠠᠭᠰᠠᠨ ᠰᠢᠷᠭᠠᠯ ᠴᠠᠢ ᠶᠢ ᠡᠩᠰᠠᠷᠠᠳᠠᠯᠠ | ᠰᠠᠨᠠᠭᠳᠠᠭᠤᠯᠳᠠᠭ ᠮᠤᠩᠭᠤᠯ ᠬᠤᠭᠤᠯᠠᠨ ᠦᠷᠦᠭᠡ ᠪᠤᠯ ᠮᠢᠨᠦ ᠬᠠᠮᠤᠭ ᠤᠨ ᠤᠴᠢᠬᠤ ᠲᠤᠷᠠᠳᠠᠢ ᠭᠠᠵᠠᠷ ᠪᠤᠯᠤᠨ᠎ᠠ᠃ | ᠮᠠᠨ ᠤ ᠰᠤᠷᠭᠠᠭᠤᠯᠢ ᠶᠢᠨ ᠬᠤᠭᠤᠯᠯᠠᠬᠤ ᠠᠰᠠᠷ ᠤᠨ ᠬᠠᠮᠤᠭ ᠤᠨ ᠦᠪᠡᠷᠮᠢᠴᠠ ᠤᠨᠴᠠᠯᠢᠭ ᠪᠤᠯ ᠮᠤᠩᠭᠤᠯ ᠬᠤᠭᠤᠯᠠ | ᠂ ᠡᠸᠦ᠋ᠷᠦᠫᠡ ᠬᠤᠭᠤᠯᠠ᠂ ᠬᠢᠳᠡᠳ ᠬᠤᠭᠤᠯᠠᠨ ᠤ ᠲᠠᠪᠬᠤᠷᠯᠢᠭ ᠲᠠᠢ᠂ ᠬᠤᠪᠢ ᠶᠢᠨ ᠲᠤᠷᠠᠰᠢᠯ ᠢᠶᠠᠷ ᠢᠶᠠᠨ | ᠰᠤᠩᠭᠤᠬᠤ ᠤᠨᠴᠠᠯᠢᠭᠳᠤ ᠬᠤᠭᠤᠯᠠᠨ ᠭᠡᠷ ᠪᠤᠯᠤᠨ᠎ᠠ᠃ ᠮᠢᠨᠤ ᠬᠠᠮᠤᠭ ᠤᠨ ᠲᠤᠷᠠᠳᠠᠢ ᠮᠤᠩᠭᠤᠯ ᠬᠤᠭᠤᠯᠠ | ᠶᠢᠰᠦᠳᠦᠭᠡᠷ ᠲᠠᠪᠬᠤᠷᠯᠢᠭ ᠲᠤ ᠪᠤᠢ᠂ ᠬᠠᠨᠠᠨ ᠤ ᠲᠠᠯᠭᠡᠮᠡᠯ ᠳᠠᠬᠢ ᠦᠪᠡᠷ ᠤᠨ ᠲᠤᠷᠠᠳᠠᠢ ᠢᠳᠡᠭᠡᠨ ᠤ ᠨᠤᠮᠧᠷ ᠢ | ᠲᠠᠷᠤᠮᠠᠭᠴᠠ ᠡᠷᠬᠢᠯᠳᠤᠨ ᠵᠦᠭᠡᠭᠡᠪᠤᠷᠢᠯᠡᠬᠦ ᠪᠦᠰᠠᠨ ᠲᠡᠭᠡᠷ᠎ᠠ ᠵᠠᠬᠢᠶᠠᠯᠠᠯᠭ᠎ᠠ ᠮᠢᠨᠢ ᠤᠳᠠᠵᠦ ᠲᠦᠳᠠᠯ ᠦᠭᠡᠢ ᠬᠦᠷᠦᠭᠡᠳ | ᠢᠷᠡᠴᠢᠭᠡᠳᠡᠭ᠃ ᠲᠠᠨᠢᠭᠡᠷ ᠠᠭᠤᠳᠠᠮ ᠲᠠᠯ᠎ᠠ ᠶᠢᠨ ᠦᠷᠦᠴᠠᠨ ᠳᠤ ᠪᠤᠰᠬᠠᠭᠲᠠᠭᠰᠠᠨ ᠲᠠᠨᠠᠨ ᠴᠠᠭᠠᠨ ᠮᠤᠩᠭᠤᠯ ᠭᠡᠷ | ᠲᠤ ᠲᠠᠩᠰᠤᠭ ᠢᠳᠡᠭᠡᠨ ᠤ ᠪᠠᠨ ᠰᠢᠮ᠎ᠠ ᠶᠢ ᠬᠦᠷᠳᠡᠳᠡᠭ ᠮᠤᠩᠭᠤᠯ ᠠᠮᠢᠳᠤᠷᠠᠯ ᠰᠤᠶᠤᠯ ᠢ ᠮᠢᠨᠢ ᠰᠢᠨ᠎ᠠ ᠡᠷᠢᠨ ᠤ | ᠰᠦᠷᠯᠢᠭ ᠠᠰᠠᠷ ᠲᠤ ᠪᠠᠭᠳᠠᠭᠠᠨ᠂ ᠤᠬᠠᠭᠠᠨ ᠳᠤ ᠮᠢᠨᠢ ᠨᠠᠪᠳᠠᠷᠠᠬᠦᠯᠵᠦ ᠬᠠᠳᠠᠩᠰᠢᠭᠤᠯᠵᠤ ᠴᠢᠳᠠᠳᠠᠭ ᠨᠢ | ᠪᠢᠰᠢᠷᠡᠬᠦᠰᠢᠲᠠᠢ᠃ ᠡᠨᠡ ᠬᠦ ᠭᠠᠶᠢᠬᠠᠮᠰᠢᠭ ᠢ ᠪᠦᠳᠦᠭᠡᠵᠦ ᠶᠠᠪᠤᠭ᠎ᠠ ᠤᠭᠰᠠᠭ᠎ᠠ ᠰᠤᠶᠤᠯ ᠳᠤ ᠪᠠᠨ ᠬᠠᠶᠢᠷᠠᠳᠠᠢ | ᠤᠳᠤᠮᠳᠤ ᠮᠤᠩᠭᠤᠯ ᠳᠤ ᠪᠠᠨ ᠬᠠᠷᠢᠭᠤᠴᠠᠯᠭ᠎ᠠ ᠲᠠᠢ ᠡᠷᠳᠡᠮᠳᠦ ᠪᠠᠭᠰᠢ ᠢᠶᠠᠨ ᠨᠡᠩ ᠪᠢᠰᠢᠷᠠᠵᠤ ᠬᠦᠨᠳᠤᠳᠬᠡᠬᠦ ᠨᠢ | ᠵᠦᠢᠳᠠᠢ᠃ | ᠪᠢᠳᠠ ᠤᠷᠤᠢ ᠶᠢᠨ ᠬᠤᠭᠤᠯᠨ ᠪᠠᠨ ᠲᠠᠪᠠᠳᠠᠢ ᠵᠤᠭᠤᠭᠯᠠᠬᠤ ᠶᠢᠨ ᠲᠠᠭᠠᠤ ᠬᠤᠷᠸ᠎ᠠ ᠳᠤ ᠬᠤᠪᠤᠷᠬᠠᠨ ᠮᠤᠩᠭᠤᠯ | ᠢᠲᠡᠬᠡᠨ ᠤᠮᠲᠠᠭᠠᠨ ᠤ ᠰᠣᠶᠤᠯ ᠢᠶᠠᠨ ᠭᠠᠶᠢᠬᠠᠵᠠᠭᠠᠨ ᠰᠠᠳᠬᠢᠯ ᠬᠠᠨᠤᠮᠵᠢᠳᠠᠢ ᠪᠠᠶᠢᠷᠢ ᠵᠦᠭ ᠢᠶᠠᠨ ᠴᠢᠭᠯᠡᠲᠡᠭ᠃ ᠮᠠᠨ | ᠤ ᠪᠠᠶᠢᠷᠢ ᠶᠢᠨ ᠠᠰᠠᠷ ᠬᠡᠵᠤ ᠠᠮᠢᠳᠤᠷᠠᠵᠦ ᠰᠤᠷᠤᠯᠴᠠᠬᠤ ᠳᠤ ᠲᠠᠭᠠᠳᠠᠢ ᠣᠷᠴᠢᠨ᠃ ᠦᠷᠦᠭᠡ ᠪᠤᠯᠭᠠᠨ ᠢ ᠪᠦᠷ | ᠲᠠᠷᠤᠭᠤᠯ ᠢᠶᠠᠷ ᠡᠵᠠᠮᠰᠢᠨ᠂ ᠤᠷᠤᠭᠠᠳ ᠤᠴᠢᠪᠠᠯ ᠲᠠᠪᠤᠨ ᠤᠲᠤᠨ ᠲᠡᠰ ᠤᠨ ᠪᠠᠭᠤᠳᠠᠯ ᠳᠤ ᠤᠷᠤᠭᠰᠠᠨ ᠰᠢᠭ᠋ | ᠲᠠᠭᠠᠳᠠᠢ ᠲᠦᠷᠦᠭᠳᠡᠯ ᠢ ᠦᠭᠳᠡᠭ᠃ ᠮᠢᠨᠦ ᠬᠠᠮᠤᠭ ᠤᠨ ᠲᠤᠭᠤᠳᠠᠭ ᠵᠦᠢᠯ ᠪᠤᠯ ᠤᠷᠤ ᠶᠢᠨ ᠬᠠᠵᠠᠭᠤ ᠳᠠᠬᠢ | ᠤᠨᠴᠠᠭᠠᠢ ᠲᠠᠷᠤᠭᠤᠯ ᠢᠶᠠᠨ ᠲᠠᠷᠤᠮᠠᠭᠴᠠ ᠬᠠᠨᠠᠨ ᠠᠴᠠ ᠲᠠᠰᠤᠯᠪᠤᠷᠢ ᠬᠤᠷᠭᠤ ᠭᠠᠷᠴᠦ ᠢᠷᠠᠨ ᠨᠢᠭᠡᠨ ᠪᠢᠴᠢᠬᠠᠨ | ᠦᠷᠦᠭᠡ ᠪᠤᠢ ᠪᠤᠯᠵᠤ᠂ ᠲᠤᠳᠤᠷ᠎ᠠ ᠨᠢ ᠣᠷᠤᠭᠠᠳ ᠲᠠ ᠦᠪᠡᠷ ᠤᠨ ᠬᠢ ᠪᠠᠨ ᠬᠢᠵᠦ᠂ ᠦᠷᠦᠬᠡᠯ ᠢ ᠨᠦᠯᠦᠭᠡᠯᠡᠬᠦ | ᠶᠠᠪᠤᠳᠠᠯ ᠭᠡᠵᠦ ᠦᠭᠡᠢ ᠪᠠᠶᠢᠳᠠᠭ᠃ ᠪᠠᠰᠠ ᠨᠢᠭᠡᠨ ᠭᠠᠶᠢᠬᠠᠮᠰᠢᠭ ᠭᠡᠪᠡᠯ ᠤᠷᠤ ᠶᠢᠨ ᠲᠡᠭᠡᠷᠡᠬᠢ ᠨᠤᠮ ᠤᠡᠭᠰᠢᠵᠦ | ᠪᠤᠯᠬᠤ ᠠᠦ᠋ᠲ᠋ᠤ᠋ ᠮᠠᠰᠢᠨ ᠪᠤᠯᠤᠨ᠎ᠠ᠃ ᠲᠠᠷᠤᠪᠴᠢ ᠨᠢᠭᠡᠪᠤᠷᠢ ᠨᠢ ᠠᠭᠤᠯᠭ᠎ᠠ ᠰᠤᠩᠭᠤᠬᠤ ᠠᠴᠠ ᠡᠬᠢᠯᠡᠭᠡᠳ ᠤᠡᠭᠰᠢᠯᠭ᠎ᠠ | ᠰᠤᠩᠭᠤᠬᠤ ᠶᠢ ᠵᠡᠬᠢᠷᠴᠦ ᠪᠠᠶᠢᠳᠠᠭ᠃ ᠡᠭᠦᠨ ᠤ ᠳᠣᠲᠤᠷᠠᠬᠢ ︽ᠮᠤᠩᠭᠤᠯ ᠰᠤᠶᠤᠯ ᠤᠨ ᠬᠦᠮᠦᠷᠭᠡ︾ ᠪᠤᠯ ᠮᠢᠨᠦ | ᠬᠠᠮᠤᠭ ᠲᠤᠷᠠᠳᠠᠢ ᠤᠡᠭᠰᠢᠯᠭ᠎ᠠ ᠶᠢᠨ ᠲᠠᠪᠴᠠᠩ ᠪᠤᠯᠤᠨ᠎ᠠ᠃ ᠪᠦᠷᠳᠡ ᠴᠢᠨ᠋ᠸ᠎ᠠ᠂ ᠵᠢᠪᠽᠣᠨᠲᠠᠮᠪᠠ ᠬᠤᠳᠤᠭᠳᠤ᠂ | ᠮᠤᠩᠭᠤᠯ ᠤᠨ ᠡᠬᠦᠰᠦᠯ ᠤᠨ ᠲᠠᠦᠭᠡ᠂ ᠪᠤᠭᠳᠠ ᠴᠢᠩᠬᠢᠰ ᠤᠨ ᠲᠠᠶᠢᠨ ᠤ ᠲᠡᠦᠭᠡ᠂ ᠠᠯᠤᠨ ᠭᠤᠸ᠎ᠠ ᠡᠭᠡ ᠠᠴᠠ | ᠭᠡᠨᠢᠮᠫᠧᠯ ᠬᠠᠳᠤᠨ ᠬᠦᠷᠳᠡᠯᠡᠬᠢ ᠭᠡᠦᠭᠡᠳ ᠬᠦᠮᠦᠵᠢᠬᠦᠯᠦᠭᠰᠡᠨ ᠤᠷ᠎ᠠ ᠤᠬᠠᠭᠠᠨ ᠁ ᠵᠡᠷᠭᠡ ᠶᠢ ᠰᠤᠩᠭᠤᠯᠳᠠ ᠲᠠᠢ | ᠰᠤᠨᠢᠷᠬᠠᠨ ᠤᠡᠭᠰᠢᠵᠦ ᠪᠤᠯᠳᠠᠭ᠃ ᠮᠤᠩᠭᠤᠯ ᠲᠠᠭᠤᠤ ᠶᠢᠨ ᠠᠶᠠᠰ ᠲᠠᠢ ᠮᠤᠨᠳᠠᠭ ᠪᠦᠳᠦᠭᠡᠯ ᠳᠤ ᠰᠤᠭᠳᠤᠭᠤᠷᠠᠨ | ᠪᠠᠶᠢᠳᠠᠯ᠎ᠠ ︽ᠠᠮᠠᠷᠠᠬᠤ ᠴᠠᠭ ᠪᠤᠯᠤᠯ᠎ᠠ︾ ᠭᠡᠵᠤ ᠠᠯᠤᠰ ᠡᠵᠠᠮᠰᠢᠬᠦᠷ ᠠᠶᠠᠨᠳᠠᠭᠠᠨ ᠵᠤᠭᠰᠤᠭᠠᠴᠢᠬᠠᠳᠠᠭ ᠨᠢ ᠦᠨᠡᠭᠡᠷ | ᠬᠠᠷᠠᠮᠰᠠᠯᠳᠠᠢ᠃ ᠠᠦ᠋ᠲ᠋ᠤ᠋ ᠶᠢᠨ ᠡᠵᠠᠮᠰᠢᠨ ᠵᠠᠬᠢᠷᠬᠤ ᠮᠡᠷᠭᠡᠵᠢᠯ ᠳᠤ ᠪᠠᠨ ᠴᠠᠭᠠᠷᠠᠭᠰᠠᠨ ᠠᠩᠬᠢ ᠶᠢᠨ ᠪᠠᠭᠰᠢ ᠮᠢᠨᠢ | ᠮᠢᠨᠦ᠋ᠲ ᠰᠧᠺᠦ᠋ᠨ᠋ᠳ᠋ ᠢ ᠴᠦ ᠠᠯᠳᠠᠯ ᠦᠭᠡᠢ ᠶᠠᠭ ᠲᠠᠭ ᠲᠠᠭᠠᠷᠠᠭᠤᠯᠴᠢᠬᠠᠭᠰᠠᠨ ᠶᠤᠮ ᠴᠢᠨᠢ ᠠᠮᠳᠠᠳᠤ ᠨᠦᠢᠷ ᠲᠤ ᠪᠠᠨ | ᠤᠷᠤᠬᠤ ᠠᠴᠠ ᠦᠭᠡᠷ᠎ᠠ ᠠᠷᠭ᠎ᠠ ᠦᠭᠡᠢ᠃ ᠡᠳᠦᠷ ᠤᠨ ᠬᠢᠴᠢᠶᠠᠯᠯᠡᠭᠡ ᠶᠢᠨ ᠦᠶ᠎ᠠ ᠳᠤ ᠴᠡᠪᠡᠷᠯᠡᠭᠴᠢ ᠮᠠᠰᠢᠨ ᠬᠦᠮᠦᠨ | ᠪᠠᠶᠢᠷᠢ ᠶᠢᠨ ᠭᠡᠷ ᠤᠨ ᠠᠯᠢᠪᠠ ᠪᠦᠬᠦᠨ ᠢ ᠴᠡᠪᠡᠷᠯᠡᠵᠦ ᠲᠡᠭᠰᠢᠯᠡᠴᠢᠭᠡᠳᠡᠭ ᠲᠤᠯᠠ ᠪᠢᠳᠠᠨ ᠤ ᠨᠤᠮ ᠤᠡᠭᠰᠢᠬᠤ ᠴᠠᠭ ᠢ | ᠦᠴᠦᠬᠡᠨ ᠴᠦ ᠭᠠᠷᠤᠵᠠᠲᠠᠭᠤᠯᠬᠤ ᠦᠬᠡᠢ ᠰᠠᠶᠢᠬᠠᠨ ᠨᠦᠬᠦᠴᠡᠯ ᠢ ᠬᠠᠩᠭᠠᠵᠠᠢ᠃ | ᠰᠤᠤ ᠪᠢᠯᠢᠭᠳᠦ ᠡᠷᠳᠡᠮᠳᠠᠳ ᠤᠨ ᠰᠤᠶᠤᠨ ᠭᠡᠭᠡᠷᠡᠬᠦᠯᠵᠦ ᠤᠬᠠᠭᠠᠷᠠᠭᠤᠯᠤᠭᠰᠠᠨ᠂ ᠰᠤᠳᠤᠯᠤᠨ ᠪᠦᠳᠦᠭᠡᠬᠦ | ᠤᠬᠠᠮᠰᠠᠷ ᠢ ᠰᠠᠳᠬᠢᠯ ᠵᠢᠷᠦᠭᠡᠨ ᠳᠤ ᠨᠠᠪᠴᠢᠭᠡᠭᠰᠡᠨ ᠡᠶᠢᠮᠦ ᠰᠠᠶᠢᠬᠠᠨ ᠰᠤᠷᠭᠠᠭᠤᠯᠢ ᠶᠢᠨ ᠤᠷᠴᠢᠨ ᠳᠤ ᠰᠤᠷᠤᠯᠴᠠᠭ᠎ᠠ | ᠪᠢᠳᠡᠨ ᠤ ᠳᠤᠮᠳᠠ ᠠᠴᠠ ᠡᠵᠠᠨ ᠴᠢᠩᠬᠢᠰ ᠤᠨ ᠤᠬᠠᠭᠠᠨ ᠪᠢᠯᠢᠭ ᠢ ᠰᠢᠩᠭᠡᠭᠡᠨ᠂ ᠠᠯᠤᠨ ᠭᠤᠸ᠎ᠠ ᠡᠭᠡ ᠶᠢᠨ ᠠᠭᠤᠤ | ᠲᠦᠷᠢ ᠶᠢ ᠠᠮᠢᠯᠠᠭᠤᠯᠤᠭᠰᠠᠨ᠂ ᠲᠠᠶᠠᠩ ᠢ ᠲᠤᠩᠰᠤᠯᠭᠠᠭᠰᠠᠨ ᠨᠤᠹᠧᠯ ᠤᠨ ᠱᠠᠩᠨᠠᠯ ᠢ ᠲᠤᠰᠤᠭᠴᠢ᠂ ᠪᠦᠮᠪᠤᠷᠴᠡᠭ ᠢ | ᠠᠮᠤᠷᠵᠢᠭᠤᠯᠤᠭᠰᠠᠨ ᠰᠤᠤᠳᠤ ᠬᠦᠮᠦᠰ ᠤᠯᠠᠨ ᠤᠯᠠᠨ ᠢᠯᠡᠷᠡᠬᠦ ᠨᠢ ᠯᠠᠪᠳᠠᠢ ᠁ | ᠵᠢᠯᠤᠭᠤᠳᠤᠭᠰᠠᠨ ᠪᠠᠭᠰᠢ — ᠳ᠋᠊᠂ ᠨᠠᠷᠠᠩᠭᠤᠸ᠎ᠠ | | |