ᠰᠤᠷᠤᠭᠴᠢ ᠶᠢᠨ ᠠᠮᠢᠳᠤᠷᠠᠯ ᠠᠴᠠ ᠲᠡᠭᠦᠭᠰᠡᠨ ᠢᠨᠢᠶᠡᠳᠦ ᠪᠠᠶᠠᠰᠤᠯ | | ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠶᠢᠨ ᠰᠢᠨ ᠢᠦᠢ | | ︽ᠬᠡᠭᠡᠷ᠎ᠡ ᠶᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠᠴᠠ ᠬᠦᠮᠦᠨ ᠤ ᠬᠦᠦ ᠡᠷᠳᠡᠨᠢ ᠡᠪᠦᠷᠯᠡᠵᠦ | ᠬᠠᠷᠢᠨ᠎ᠠ︾ ᠭᠡᠵᠦ ᠠᠯᠳᠠᠷᠳᠤ ᠰᠢᠯᠦᠭᠴᠢ ᠳ᠋᠊ · ᠨᠠᠴᠤᠭᠳᠤᠷᠵᠢ ᠰᠤᠳᠤᠨ ᠦᠭᠡ ᠪᠢᠴᠢᠵᠦ ᠦᠯᠡᠳᠡᠭᠡᠭᠰᠡᠨ ᠪᠢᠯᠡ | ᠃ ᠬᠤᠶᠠᠷ ᠵᠢᠯ ᠤᠨ ᠡᠮᠦᠨᠡᠬᠢ ᠠᠯᠳᠠᠨ ᠨᠠᠮᠤᠷ ᠪᠢᠳᠡ ᠡᠶᠢᠮᠦᠷᠭᠦᠦ ︽ᠡᠷᠳᠡᠨᠢ︾ ᠶᠢ ᠡᠪᠦᠷᠯᠡᠬᠦ ᠪᠠᠷ ᠳᠤᠮᠳᠠᠳᠤ | ᠰᠤᠷᠭᠠᠭᠤᠯᠢ ᠶᠢᠨ ᠠᠯᠳᠠᠨ ᠪᠤᠱᠤᠭ᠎ᠠ ᠶᠢ ᠠᠯᠬᠤᠭᠰᠠᠨ ᠶᠤᠮ᠃ ᠰᠤᠷᠭᠠᠭᠤᠯᠢ ᠪᠤᠯ ᠪᠢᠳᠡᠨ ᠤ ᠬᠦᠷ ᠨᠡᠷᠭᠢᠶᠠᠨ ᠢᠶᠠᠷ | ᠪᠢᠯᠬᠠᠭᠰᠠᠨ ᠲᠤᠮᠤ ᠭᠡᠷ ᠪᠦᠯᠢ᠃ ᠡᠨᠡ ᠬᠦ ᠲᠤᠮᠤ ᠭᠡᠷ ᠲᠤ ᠪᠠᠨ ᠪᠢᠳᠡ ᠠᠮᠢᠳᠤᠷᠠᠵᠦ᠂ ᠰᠤᠷᠤᠯᠴᠠᠵᠦ᠂ ᠨᠠᠭᠠᠳᠴᠦ | ᠲᠤᠭᠯᠠᠭᠰᠠᠭᠠᠷ ᠨᠢᠭᠡ ᠮᠡᠳᠡᠬᠦ ᠳᠤ ᠬᠤᠶᠡᠷ ᠵᠢᠯ ᠢ ᠠᠷᠤ ᠳᠤ ᠪᠠᠨ ᠤᠷᠬᠢᠴᠢᠬᠠᠭᠰᠠᠨ ᠪᠠᠶᠢᠯ᠎ᠠ᠃ ᠠᠩᠬ᠎ᠠ ᠭᠤᠷᠪᠠ | ᠶᠢᠨ ᠰᠤᠷᠤᠯᠭ᠎ᠠ ᠶᠢᠨ ᠬᠤᠭᠤᠴᠠᠭ᠎ᠠ ᠶᠢ ᠡᠯᠭᠦᠭᠰᠡᠨ ᠠᠴᠠ ᠨᠠᠭᠠᠰᠢ᠂ ᠮᠠᠨ ᠤ ᠰᠤᠷᠤᠭᠴᠢ ᠶᠢᠨ ᠠᠮᠢᠳᠤᠷᠠᠯ ᠨᠡᠩ | ᠶᠠᠭᠠᠷᠠᠯᠳᠡᠢ ᠪᠤᠯᠴᠢᠬᠠᠯ᠎ᠠ᠃ ᠭᠡᠪᠡᠴᠦ ᠪᠠᠴᠢᠮ ᠶᠠᠭᠠᠷᠠᠯᠳᠡᠢ ᠠᠮᠢᠳᠤᠷᠠᠯ ᠤᠨ ᠮᠠᠨᠢ ᠲᠤᠮᠳᠠ ᠪᠠᠶᠠᠷ ᠪᠠᠶᠠᠰᠤᠯ ᠶᠡᠷᠦ | ᠠᠴᠠ ᠳᠤᠳᠠᠭᠳᠠᠭᠠ ᠦᠭᠡᠢ᠃ | ᠨᠢᠭᠡ | ᠮᠤᠩᠭᠤᠯ ᠬᠡᠯᠡᠨ ᠤ ᠬᠢᠴᠢᠶᠡᠯ ᠲᠡᠭᠡᠷ᠎ᠠ ᠪᠠᠭᠰᠢ ᠪᠢᠳᠡᠨ ᠢ ᠲᠠᠷᠠᠭᠠᠯᠠᠨ ᠪᠤᠰᠬᠠᠵᠦ ᠤᠩᠰᠢᠯᠭ᠎ᠠ ᠬᠢᠯᠭᠡᠵᠦ | ᠪᠠᠶᠢᠯ᠎ᠠ᠃ ᠴᠢᠨᠳᠠᠮᠤᠨᠢ ᠶᠢᠨ ᠡᠭᠡᠯᠵᠢ ᠬᠦᠷᠴᠦ ᠢᠷᠡᠯ᠎ᠠ᠃ ᠴᠢᠨᠳᠠᠮᠤᠨᠢ ᠪᠤᠰᠴᠦ ᠵᠤᠭᠰᠤᠭᠠᠳ᠄ ︽ᠵᠠᠵᠢᠯᠤᠭᠰᠠᠨ | ᠬᠤᠭᠤᠯᠠ ᠰᠢᠮ᠎ᠡ ᠲᠠᠢ ᠪᠤᠯᠪᠠᠯ ᠲᠠᠪᠠᠭ ᠲᠤ ᠪᠠᠨ ᠦᠯᠡᠳᠡᠭᠡᠵᠦ᠂ ᠪᠠᠯᠭᠤᠭᠰᠠᠨ ᠴᠠᠢ ᠠᠮᠳᠠ ᠲᠠᠢ ᠪᠤᠯᠪᠠᠯ ᠲᠠᠩᠨᠠᠢ | ᠳᠤ ᠪᠠᠨ ᠬᠤᠴᠤᠷᠭᠠᠵᠦ︾ ᠭᠡᠵᠦ ᠤᠶᠠᠩᠭᠠᠯᠠᠵᠦ ᠤᠩᠰᠢᠯ᠎ᠠ᠃ ︽ᠲᠠᠩᠬᠤ︾ ᠭᠡᠰᠡᠨ ᠦᠭᠡ ᠶᠢ ᠪᠤᠷᠤᠭᠤ | ᠤᠩᠰᠢᠴᠢᠬᠠᠭᠰᠠᠨ ᠪᠠᠶᠢᠵᠠᠢ᠃ ᠬᠠ ᠬᠠ ᠬᠠ ᠁ ᠠᠩᠬᠢ ᠶᠢᠨ ᠭᠡᠷ ᠲᠤ ᠪᠠᠰᠠ ᠴᠦ ᠢᠨᠢᠶᠡᠳᠦ ᠪᠢᠯᠬᠠᠯ᠎ᠠ᠃ | ᠪᠠᠭᠰᠢ ᠴᠦ ᠪᠡᠶ᠎ᠡ ᠪᠠᠨ ᠪᠠᠷᠢᠵᠦ ᠲᠡᠶᠢᠯᠦᠯ ᠦᠭᠡᠢ ᠬᠠᠴᠠᠷ ᠨᠢᠭᠤᠷ ᠢᠶᠠᠨ ᠤᠯᠠᠶᠢᠳᠠᠯᠠ ᠢᠨᠢᠶᠡᠬᠦ ᠶᠢᠨ ᠬᠠᠮᠳᠤ᠄ ︽ | ᠡᠷᠳᠡᠮ ᠲᠠᠢ ᠲᠠᠩᠨᠠᠢ ᠪᠠᠶᠢᠨ᠎ᠠ ᠳ᠋ᠠ ᠬᠦ᠋᠂ ᠴᠠᠢ ᠬᠠᠳᠠᠭᠠᠯᠠᠭᠠᠳ ᠲᠡᠶᠢᠯᠴᠢᠭᠡᠨᠡ ᠭᠡᠭᠴᠢ᠂ ᠬᠡᠷᠪᠠ ᠬᠠᠯᠠᠭᠤᠨ ᠴᠠᠢ | ᠬᠠᠳᠠᠭᠠᠯᠠᠪᠠᠯ ᠶᠠᠭᠠᠬᠢᠳᠠᠭ ᠪᠤᠯ︖ ᠰᠢᠯᠵᠠᠯᠴᠢᠬᠠᠬᠤ ᠦᠭᠡᠢ ᠶᠤᠮ ᠪᠤᠯ ᠤᠤ︖︾ ᠬᠡᠯ᠎ᠠ᠃ ᠢᠩᠬᠢᠭᠰᠡᠨ ᠴᠢᠨᠢ | ᠤᠯᠠᠨ ᠤ ᠬᠥᠬᠡᠷᠦᠯᠳᠦᠨ ᠢᠨᠢᠶᠡᠯᠳᠦᠬᠦ ᠲᠠᠭᠤᠨ ᠨᠡᠩ ᠴᠢᠩᠭᠠᠷᠠᠯ᠎ᠠ ᠁ | ᠬᠤᠶᠠᠷ | ᠲᠤᠭᠠᠨ ᠤ ᠬᠢᠴᠢᠶᠡᠯ ᠲᠡᠭᠡᠷ᠎ᠡ᠂ ᠪᠠᠭᠰᠢ ︽ᠰᠤᠷᠬᠤ ᠬᠦᠳᠦᠯᠦᠮᠵᠢ︾ ᠶᠢᠨ ᠰᠡᠳᠤᠪ ᠢ ᠲᠠᠶᠢᠯᠪᠤᠷᠢᠯᠡᠵᠦ | ᠪᠠᠶᠢᠯ᠎ᠠ᠃ ᠨᠢᠭᠡ ᠪᠤᠳᠤᠯᠢᠶᠠᠨᠳᠠᠢ ᠰᠡᠳᠦᠪ ᠢ ᠲᠠᠶᠢᠯᠵᠦ ᠪᠠᠷᠠᠭᠠᠳ ᠪᠢᠳᠡᠨ ᠤ ᠳᠠᠰᠬᠠᠯ ᠢᠶᠠᠨ ᠬᠦᠢᠴᠡᠳᠭᠡᠭᠰᠡᠨ | ᠪᠠᠶᠢᠳᠠᠯ ᠢ ᠪᠠᠶᠢᠴᠠᠭᠠᠵᠦ ᠦᠵᠡᠪᠠ᠃ ᠪᠠᠭᠰᠢ ᠭᠡᠨᠡᠳᠳᠡ ᠪᠠᠳᠤ ᠶᠢᠨ ᠱᠠᠯ ᠲᠡᠮᠡᠶᠢᠷᠡᠨ ᠰᠠᠭᠤᠵᠦ ᠪᠠᠶᠢᠭ᠎ᠠ ᠪᠠᠶᠢᠳᠠᠯ ᠢ | ᠤᠯᠵᠦ ᠬᠠᠷᠠᠭᠠᠳ ᠥᠪᠡᠷ ᠤᠨ ᠡᠷᠬᠡ ᠦᠭᠡᠢ ᠠᠭᠤᠷ ᠨᠢ ᠬᠦᠷᠴᠦ ᠄ ︽ᠪᠠᠳᠤ ᠡ᠂ ᠰᠤᠷᠬᠤ ᠬᠦᠲᠦᠯᠦᠮᠵᠢ ᠴᠢᠨᠢ | ᠬᠠᠮᠢᠭ᠎ᠠ ᠪᠠᠶᠢᠬᠤ ᠪᠤᠢ︖︾ ᠬᠡᠵᠦ ᠲᠤᠯᠭᠠᠨ ᠠᠰᠠᠭᠤᠪᠠ᠃ ᠪᠠᠳᠤ᠄ ︽ᠭᠡᠨ ᠨᠢ ᠦᠪᠡᠷ ᠤᠨ ᠰᠤᠷᠬᠤ | ᠬᠦᠳᠦᠯᠦᠮᠵᠢ ᠪᠠᠨ ᠭᠡᠭᠡᠴᠢᠭᠡᠭᠡᠳ ᠮᠢᠨᠦ ᠬᠦᠳᠦᠯᠦᠮᠵᠢ ᠶᠢ ᠬᠤᠯᠠᠭᠠᠶᠢᠯᠠᠴᠢᠬᠠᠭᠰᠠᠨ ᠢ ᠪᠤᠤ ᠮᠡᠳᠡ︾ ᠭᠡᠵᠦ ᠠᠷᠭ᠎ᠠ | ᠪᠠᠷᠠᠭᠳᠠᠭᠰᠠᠨ ᠲᠦᠷᠢ ᠭᠠᠷᠭᠠᠨ ᠬᠠᠷᠢᠭᠤᠯᠤᠯ᠎ᠠ᠃ ᠪᠠᠭᠰᠢ ᠤᠯᠠᠮ ᠠᠭᠤᠷᠯᠠᠵᠦ᠄ ︽ ᠴᠢ ᠦᠪᠡᠷ ᠢᠶᠠᠨ | ᠭᠡᠭᠡᠴᠢᠭᠡᠭᠡᠳ ᠪᠤᠰᠤᠳ ᠲᠤ ᠬᠡᠷᠡᠭ ᠲᠦᠯᠬᠢᠬᠦ ᠨᠢ ᠤᠤ︖︾ ᠭᠡᠵᠦ ᠬᠡᠯᠡᠳᠡᠯᠠ ᠬᠠᠵᠠᠭᠤ ᠠᠴᠠ ᠨᠢ ᠰᠤᠳᠤ᠄ ︽ | ᠲᠡᠭᠦᠨ ᠤ ᠬᠦᠳᠦᠯᠦᠮᠵᠢ ᠶᠢ ᠬᠤᠭ ᠤᠨ ᠬᠠᠶᠢᠷᠴᠠᠭ ᠬᠤᠯᠠᠭᠠᠶᠢᠯᠠᠴᠢᠬᠠᠭᠰᠠᠨ︾ ᠭᠡᠵᠦ ᠪᠠᠷᠬᠢᠷᠠᠭᠰᠠᠨ ᠳᠤ ᠲᠡᠭᠦᠨ ᠤ | ᠦᠭᠡᠨ ᠳᠤ ᠤᠯᠠᠨ ᠢᠶᠠᠷ ᠢᠶᠠᠨ ᠳᠡᠰᠦᠭᠰᠡᠨ ᠦᠭᠡᠢ ᠬᠦᠷᠴᠢᠬᠢᠨᠡᠳᠡᠯᠠ ᠢᠨᠢᠶᠡᠯᠴᠡᠯᠠ᠃ ᠪᠠᠳᠤ ᠮᠠᠨᠢ ᠰᠡᠳᠦᠪ ᠪᠤᠳᠤᠬᠤ | ᠠᠴᠠ ᠪᠠᠨ ᠬᠠᠯᠠᠰᠢᠷᠠᠳᠠᠭ ᠪᠤᠯᠬᠤᠷ ᠬᠦᠳᠦᠯᠦᠮᠵᠢ ᠪᠠᠨ ᠭᠠᠵᠠᠷ ᠤᠨᠠᠭᠠᠭᠠᠳ ᠠᠪᠤᠭᠰᠠᠨ ᠦᠭᠡᠢ᠂ ᠵᠢᠵᠢᠭᠦᠷ | ᠰᠤᠷᠤᠭᠴᠢ ᠱᠦᠭᠦᠷᠳᠡᠭᠡᠳ ᠬᠤᠭ ᠤᠨ ᠰᠠᠪᠠᠨ ᠳᠤ ᠬᠢᠴᠢᠭᠡᠭᠰᠡᠨ ᠪᠠᠶᠢᠵᠠᠢ᠃ | ᠭᠤᠷᠪᠠ | ᠮᠤᠩᠭᠤᠯ ᠬᠡᠯᠡᠨ ᠤ ᠬᠢᠴᠢᠶᠡᠯ ᠲᠡᠭᠡᠷ᠎ᠡ᠂ ᠤ ᠪᠠᠭᠰᠢ᠂ ᠮᠢᠨᠦ ᠠᠷᠤ ᠳᠤ ᠰᠠᠭᠤᠵᠤ ᠪᠠᠶᠢᠭ᠎ᠠ ᠤᠶᠠᠬᠠᠨ ᠢ | ᠲᠠᠭᠤᠳᠠᠨ ︽ᠨᠢᠭᠦᠯ︾ ᠭᠡᠳᠡᠭ ᠦᠭᠡ ᠶᠢᠨ ᠤᠶᠢᠷᠠᠯᠴᠠᠭ᠎ᠠ ᠤᠳᠬ᠎ᠠ ᠲᠠᠢ ᠦᠭᠡ ᠶᠢ ᠠᠰᠠᠭᠤᠬᠤ ᠳᠤ ᠲᠡᠷᠡ | ᠲᠦᠭᠳᠡᠷᠡᠨ ᠬᠠᠷᠢᠭᠤᠯᠵᠦ ᠲᠡᠶᠢᠯᠬᠦ ᠦᠭᠡᠢ ᠪᠠᠶᠢᠯ᠎ᠠ᠃ ᠪᠠᠭᠰᠢ ᠠᠰᠠᠭᠤᠯᠳᠠ ᠪᠠᠨ ᠲᠠᠬᠢᠨ ᠲᠤᠷᠠᠳᠬᠤ ᠳᠤ᠂ ᠪᠢ | ᠴᠢᠨᠢ ︽ ᠴᠢᠳᠠᠨ᠎ᠠ︾ ᠭᠡᠳᠡᠭ ᠢᠳᠡᠭᠡᠯ ᠲᠦᠭᠦᠷᠡᠩ ᠪᠠᠶᠢᠭᠰᠠᠨ ᠪᠤᠯᠬᠤᠷ ︽ᠬᠢᠯᠢᠨᠴᠡ︾ ᠭᠡᠵᠦ ᠦᠨᠳᠤᠷ ᠲᠠᠭᠤᠨ | ᠢᠶᠠᠷ ᠬᠠᠷᠢᠭᠤᠯᠪᠠ᠃ ᠪᠠᠭᠰᠢ ᠨᠠᠮ᠎ᠠ ᠶᠢ ᠬᠠᠷᠠᠭᠰᠠᠨ ᠢᠶᠠᠨ᠄ ︽ᠵᠠ ᠬᠦ᠋︕ ᠮᠠᠨ ᠤ ᠠᠩᠬᠢ ᠳᠤ ᠦᠨᠦᠳᠦᠷ ᠠᠴᠠ | ᠡᠬᠢᠯᠡᠭᠡᠳ ᠬᠤᠶᠠᠷ ᠤᠶᠠᠬᠠᠨ ᠲᠠᠢ ᠪᠤᠯᠴᠢᠬᠠᠭᠰᠠᠨ︕ ᠲᠡᠭᠡᠪᠠᠯ ᠴᠢ ᠬᠠᠷᠢᠭᠤᠯᠵᠦ ᠦᠵᠡ︕ ︿ᠬᠢᠯᠢᠨᠴᠡ﹀ | ᠭᠡᠳᠡᠭ ᠨᠢ ᠶᠠᠮᠠᠷ ᠤᠳᠬ᠎ᠠ ᠲᠠᠢ ᠪᠢᠯᠡ︖︾ ᠭᠡᠬᠦ ᠳᠤ ᠤᠮᠤᠭ ᠲᠡᠭᠦᠯᠳᠡᠷ ᠪᠤᠰᠴᠦ ᠵᠤᠭᠰᠤᠭᠰᠠᠨ ᠪᠢ ᠴᠢᠨᠢ | ᠲᠤᠯᠭᠠᠮᠳᠠᠵᠦ ᠪᠠᠯᠢᠳᠠᠭᠠᠳ ᠶᠠᠭᠠᠬᠢᠵᠦ ᠲᠠᠶᠢᠯᠪᠤᠷᠢᠯᠠᠬᠤ ᠪᠠᠨ ᠤᠯᠵᠦ ᠶᠠᠳᠠᠨ᠂ ︽︿ᠬᠢᠯᠢᠨᠴᠡ﹀ ᠭᠡᠳᠡᠭ ᠴᠢᠨᠢ | ᠨᠢᠭᠦᠯ ᠭᠡᠬᠦ ᠤᠳᠬ᠎ᠠ ᠲᠠᠢ︾ ᠭᠡᠵᠦ ᠲᠦᠯᠦᠪ ᠢᠶᠠᠷ ᠨᠢ ᠲᠦᠰ ᠬᠢᠳᠡᠯ᠎ᠠ ᠲᠠᠯᠪᠢᠴᠢᠬᠠᠯ᠎ᠠ᠃ ᠪᠠᠭᠰᠢ ᠪᠤᠯᠤᠨ ᠠᠩᠬᠢ | ᠶᠢᠨ ᠨᠦᠬᠦᠳ ᠮᠠᠨᠢ ᠬᠦᠷᠴᠢᠬᠢᠨᠡᠳᠡᠯᠠ ᠢᠨᠢᠶᠡᠵᠦ ᠭᠠᠷᠤᠯ᠎ᠠ᠃ | ᠲᠦᠷᠪᠠ | ᠳᠡᠯᠭᠡᠷ ᠭᠡᠭᠴᠢ ᠮᠠᠨ ᠤ ᠠᠩᠬᠢ ᠶᠢᠨ ᠱᠤᠭ ᠤᠨ ᠤᠭᠤᠳᠠ᠃ ᠲᠡᠷᠡ ᠦᠪᠡᠷ ᠤᠨ ᠡᠨᠡ ᠬᠦ ᠤᠨᠴᠠᠯᠢᠭ | ᠢᠶᠠᠷ ᠢᠶᠠᠨ ᠨᠡᠷ᠎ᠡ ᠭᠠᠷᠤᠭᠰᠠᠨ ᠶᠤᠮ᠃ ᠶᠡᠷᠦ ᠶᠢᠨ ᠴᠠᠭ ᠲᠤ ᠲᠡᠭᠦᠨ ᠤ ᠰᠤᠷᠤᠯᠴᠠᠬᠤ ᠢᠳᠡᠪᠬᠢᠵᠢᠯ ᠲᠤᠩ | ᠪᠠᠷᠤᠭᠳᠠᠢ᠃ ᠭᠡᠳᠡᠯ᠎ᠠ ᠨᠢᠭᠡᠨ ᠤᠳᠠᠭᠠᠨ ᠤ ᠲᠤᠭᠠᠨ ᠤ ᠬᠢᠴᠢᠶᠡᠯᠯᠡᠭᠡ ᠳᠤ ᠶᠠᠭᠠᠬᠢᠭᠰᠠᠨ ᠢ ᠪᠤᠤ ᠮᠡᠳᠡ᠂ ᠲᠡᠬᠦᠨ ᠤ | ᠢᠳᠡᠪᠬᠢᠵᠢᠯ ᠶᠠᠬᠡᠪᠡᠷ ᠨᠡᠮᠡᠭᠳᠡᠵᠦ᠂ ᠪᠠᠭᠰᠢ ᠶᠢᠨ ᠠᠰᠠᠭᠤᠭᠰᠠᠨ ᠠᠰᠠᠭᠤᠯᠳᠠ ᠶᠢ ᠢᠳᠡᠪᠬᠢᠳᠡᠢ ᠬᠠᠷᠢᠭᠤᠯᠵᠦ ᠪᠠᠶᠢᠯ᠎ᠠ᠃ | ᠪᠠᠭᠰᠢ ᠴᠦ ᠲᠡᠭᠦᠨ ᠤ ᠤᠷᠮ᠎ᠠ ᠵᠤᠷᠢᠭ ᠪᠢᠯᠬᠠᠮ᠎ᠠ ᠪᠠᠶᠢᠭ᠎ᠠ ᠶᠢ ᠦᠵᠡᠭᠡᠳ ᠰᠡᠳᠬᠢᠯ ᠬᠦᠭᠰᠡᠵᠦ ᠳᠠᠬᠢᠨ ᠨᠢᠭᠡ | ᠠᠰᠠᠭᠤᠯᠳᠠ ᠠᠰᠠᠭᠤᠯ᠎ᠠ᠃ ᠲᠡᠯᠭᠡᠷ ᠲᠤᠯᠤᠭᠠᠢ ᠪᠠᠨ ᠮᠠᠭᠠᠵᠢᠭᠰᠠᠨ ᠢᠶᠠᠨ᠄ ︽ᠪᠠᠭᠰᠢ ᠡ᠂ ᠪᠢᠳᠡ᠂ ᠰᠡᠴᠡᠨ᠂ | ᠪᠠᠳᠤ ᠬᠤᠶᠠᠭᠤᠯᠠ ᠶᠢ ᠡᠳᠦᠷᠵᠢᠨ ᠦᠭᠡᠳᠡ ᠦᠭᠡᠳᠡ ᠠᠴᠠ ᠨᠢ ᠬᠦᠶᠦᠯᠬᠡᠨᠡ᠂ ᠠᠯᠬᠤᠭᠤᠯᠤᠨ᠎ᠠ᠂ ᠲᠤᠭᠤᠢ | ᠤᠨᠤᠭᠤᠯᠤᠨᠠ᠃ ᠳᠡᠭᠡᠭᠡᠳ ᠯᠡ ᠵᠠᠢ᠂ ᠬᠤᠭᠤᠴᠠᠭ᠎ᠠ ᠪᠤᠳᠤᠨ᠎ᠠ᠃ ᠲᠡᠳᠡ ᠬᠤᠶᠠᠭᠤᠯᠠ ᠬᠡᠳᠦᠢ ᠶᠠᠳᠠᠷᠠᠵᠦ | ᠪᠠᠶᠢᠳᠠᠭ ᠪᠤᠯ ᠡ︕︾ ᠭᠡᠯᠡ᠃ ᠪᠠᠭᠰᠢ ᠴᠦ ᠫᠦᠰᠬᠢᠳᠡᠯᠠ ᠢᠨᠢᠶᠡᠴᠢᠭᠡᠪᠡ᠃ ᠪᠢᠳᠡ ᠴᠦ ᠲᠦᠷᠴᠢᠬᠢᠨᠡᠳᠡᠯᠠ | ᠢᠨᠢᠶᠡᠯᠴᠡᠵᠦ ᠭᠠᠷᠤᠯ᠎ᠠ ᠁ | ᠡᠨᠡ ᠮᠡᠳᠦ ᠶᠢᠨ ᠢᠨᠢᠶᠡᠳᠦᠮᠳᠦ ᠦᠵᠡᠭᠳᠡᠯ ᠤᠯᠠᠨᠳᠠ ᠡᠬᠦᠰᠬᠦ ᠦᠭᠡᠢ ᠴᠦ ᠬᠠᠶᠠ ᠵᠠᠷᠢᠮ ᠳᠤ ᠪᠠᠨ ᠢᠯᠡᠷᠡᠵᠦ | ᠂ ᠴᠢᠩᠭ᠎ᠠ ᠲᠦᠪᠯᠡᠬᠦᠨ ᠬᠢᠴᠢᠶᠡᠯ ᠤᠨ ᠲᠠᠩᠬᠢᠮ ᠢ ᠬᠦᠷ ᠬᠦᠭᠵᠢᠶᠡᠨ ᠢᠶᠠᠷ ᠪᠢᠯᠬᠠᠭᠤᠯᠳᠠᠭ᠃ ᠡᠶᠢᠨ ᠬᠦ ᠬᠢᠴᠢᠶᠡᠯ | ᠤᠨ ᠲᠠᠩᠬᠢᠮ ᠳᠤ ᠠᠮᠢᠳᠤ ᠴᠤᠪᠤᠭᠤᠯᠢᠭ ᠠᠭᠤᠷ ᠠᠮᠢᠰᠬᠤᠯ ᠢ ᠪᠤᠢ ᠪᠤᠯᠭᠠᠵᠦ᠂ ᠰᠤᠷᠤᠯᠴᠠᠯᠭ᠎ᠠ ᠶᠢᠨ ᠶᠠᠳᠠᠷᠠᠭ᠎ᠠ ᠶᠢ | ᠲᠠᠶᠢᠯᠵᠤ᠂ ᠰᠤᠷᠤᠯᠴᠠᠬᠤ ᠤᠷᠮ᠎ᠠ ᠵᠤᠷᠢᠭ ᠢ ᠮᠢᠨᠢ ᠬᠦᠪᠴᠢᠯᠡᠨ᠎ᠠ᠃ | ᠰᠤᠷᠤᠭᠴᠢ ᠶᠢᠨ ᠠᠮᠢᠳᠤᠷᠠᠯ ᠭᠡᠭᠴᠢ ᠪᠠᠶᠠᠷ ᠪᠠᠶᠠᠰᠬᠤᠯᠠᠩ ᠢᠶᠠᠷ ᠪᠢᠯᠬᠠᠮ᠎ᠠ ᠠᠵᠢ᠃ | ᠵᠢᠯᠤᠭᠤᠳᠤᠭᠰᠠᠨ ᠪᠠᠭᠰᠢ — ᠡ᠊ · ᠤᠷᠠᠩᠭᠤᠸ᠎ᠠ | | |