ᠬᠡᠦᠬᠡᠳ ᠤᠨ ᠪᠤᠳᠤᠯ
ᠨᠡᠶᠢᠲᠡᠯᠡᠭᠰᠡᠨ ᠴᠠᠭ᠄
2020/4/20
       ᠡᠨᠡ ᠵᠢᠯ ᠤᠨ ᠴᠠᠭᠠᠨ ᠰᠠᠷ᠎ᠠ ᠪᠠᠨ ᠶᠡᠷᠦ ᠪᠤᠰᠤ ᠪᠠᠷ ᠦᠩᠭᠡᠷᠡᠭᠡᠯ᠎ᠡ᠂ ᠦᠨᠠᠨ ᠳᠤ ᠪᠠᠨ ᠵᠢᠯ ᠪᠤᠯᠭᠠᠨ ᠤ ᠰᠢᠨ᠎ᠡ ᠴᠠᠭᠠᠨ ᠰᠠᠷ᠎ᠠ ᠳᠤ ᠭᠡᠷ ᠬᠤᠳᠠᠯᠠᠭᠠᠷ ᠢᠶᠠᠷ ᠢᠶᠠᠨ ᠪᠠᠶᠠᠷ ᠭᠦᠷ ᠢᠶᠠᠷ ᠲᠦᠭᠦᠷᠴᠤ᠂ ᠤᠶᠢᠷ᠎ᠠ ᠰᠠᠳᠤᠨ ᠠᠬ᠎ᠠ ᠲᠡᠭᠦᠦ ᠨᠠᠷ ᠲᠠᠢ ᠪᠠᠨ ᠬᠤᠷᠠᠨ ᠴᠤᠭᠯᠠᠷᠠᠵᠦ ᠭᠦᠭᠵᠢᠶᠡᠨ ᠨᠠᠷᠭᠢᠶᠠᠨ ᠲᠠᠢ ᠦᠩᠭᠡᠷᠡᠭᠦᠯᠳᠡᠭ ᠶᠤᠮ᠂ ᠨᠡᠩ ᠴᠦ ᠬᠡᠤᠭᠡᠳ ᠪᠢᠳᠡ ᠨᠠᠷ ᠰᠢᠨ᠎ᠠ ᠬᠤᠪᠴᠠᠰᠤ ᠪᠠᠨ ᠡᠮᠦᠰᠴᠦ ᠠᠬᠠᠮᠠᠳ ᠨᠠᠰᠤᠳᠠᠨ ᠳᠤ ᠪᠠᠨ ᠮᠦᠷᠭᠦᠨ ᠵᠤᠯᠭᠠᠵᠤ᠂ ᠰᠠᠶᠢᠨ ᠰᠠᠶᠢᠬᠠᠨ ᠢᠷᠤᠭᠡᠯ ᠮᠠᠭᠳᠠᠭᠠᠯ ᠰᠤᠨᠤᠰᠳᠠᠭ ᠬᠠᠮᠤᠭ ᠤᠨ ᠪᠠᠶᠡᠷ ᠭᠦᠷ ᠲᠠᠢ ᠴᠠᠭ ᠶᠤᠮ ᠡ᠂ ᠭᠡᠪᠡᠴᠦ ᠤᠷᠰᠢᠭᠳᠦ ᠬᠢᠵᠢᠭ ᠠᠴᠠ ᠪᠣᠯᠵᠤ ᠵᠠᠮ ᠬᠠᠷᠢᠴᠠᠭ᠎ᠠ ᠶᠢ ᠪᠢᠳᠡᠭᠦᠮᠵᠢᠯᠡᠵᠦ᠂ ᠰᠠᠭᠤᠭᠠᠯᠢ ᠲᠤᠭᠤᠷᠢᠭ ᠤᠨ ᠡᠬᠦᠳᠡᠨ ᠳᠤ ᠰᠠᠶᠢᠨ ᠲᠤᠷᠠᠴᠤᠳ ᠬᠠᠷᠠᠭᠤᠯ ᠮᠠᠨᠠᠭ᠎ᠠ ᠵᠤᠭᠰᠤᠨ ᠠᠶᠤᠯᠳᠦ ᠬᠢᠵᠢᠭ ᠲᠠᠢ ᠲᠡᠮᠡᠴᠡᠵᠦ ᠪᠠᠶᠢᠭ᠎ᠠ ᠲᠦᠭᠰᠢᠭᠦᠷᠢᠲᠦ ᠴᠠᠭ ᠦᠶ᠎ᠡ ᠳᠤ᠂ ᠦᠪᠡᠷ ᠪᠤᠰᠤᠳ ᠤᠨ ᠭᠡᠷ ᠲᠤ ᠪᠠᠨ ᠨᠤᠮᠤᠬᠠᠨ ᠰᠠᠭᠤᠵᠦ᠂ ᠭᠠᠳᠠᠭᠰᠢ ᠭᠠᠷᠴᠤ ᠪᠤᠯᠬᠤ ᠦᠭᠡᠢ ᠭᠡᠰᠡᠨ ᠬᠠᠳᠠᠭᠤ ᠴᠢᠩᠭ᠎ᠠ ᠲᠤᠭᠳᠠᠭᠠᠯ ᠢᠶᠠᠷ ᠭᠡᠷ ᠲᠤ ᠪᠠᠨ ᠬᠤᠷᠢᠭᠳᠠᠵᠤ ᠰᠠᠭᠤᠯ᠎ᠠ᠃        ᠡᠨᠡ ︽ᠬᠡᠷᠡᠭ ᠤᠨ ᠡᠵᠡᠨ︾ ᠪᠤᠯ ᠮᠠᠨ ᠤ ᠤᠯᠤᠰ ᠤᠨ ᠦᠬᠠᠨ ᠬᠤᠳᠠᠨ ᠠᠴᠠ ᠲᠡᠯᠭᠡᠷᠡᠭᠰᠡᠨ  ᠰᠢᠨ᠎ᠡ ᠭᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠤᠷᠢᠲᠤ ᠠᠭᠤᠰᠬᠢᠨ ᠦᠷᠪᠢᠰᠦᠯ ᠪᠠᠶᠢᠵᠦ᠂   ᠪᠦᠭᠦ ᠤᠯᠤᠰ ᠲᠠᠶᠠᠭᠠᠷ  ᠲᠤ ᠲᠠᠷᠬᠠᠵᠦ᠂ ᠭᠦᠮᠦᠨ ᠠᠷᠠᠳ ᠢ ᠲᠡᠪᠵᠢᠶᠡᠷᠡᠭᠦᠯᠦᠭᠰᠡᠨ ᠬᠠᠷ᠎ᠠ ᠨᠢᠭᠦᠯ ᠪᠤᠯᠠᠢ᠃ ᠡᠨᠡ ᠬᠢᠵᠢᠭ ᠨᠢ ᠬᠠᠤᠯᠢ ᠲᠦᠷᠢᠮ ᠢ ᠭᠠᠵᠢᠳᠠᠭᠤᠯᠤᠭᠰᠠᠨ ᠲᠦᠷᠰᠦ ᠦᠭᠡᠢ ᠭᠦᠮᠦᠰ ᠬᠤᠷᠢᠭ᠎ᠠ ᠴᠡᠭᠡᠷ ᠲᠠᠢ ᠭᠡᠭᠡᠷ᠎ᠡ ᠶᠢᠨ ᠠᠮᠢᠳᠠᠨ ᠢ ᠲᠤᠷ᠎ᠠ  ᠪᠠᠷ ᠢᠶᠠᠨ ᠠᠯᠠᠵᠦ ᠭᠦᠨᠦᠭᠡᠵᠦ ᠢᠳᠡᠭᠰᠡᠨ ᠠᠴᠠ ᠬᠠᠯᠳᠠᠪᠤᠷᠢᠯᠠᠭᠰᠠᠨ ᠭᠡᠵᠦ ᠪᠢ ᠡᠵᠢ ᠠᠴᠠ ᠪᠠᠨ ᠰᠤᠨᠤᠰᠤᠯ᠎ᠠ᠃        ︽ᠬᠡᠷ ᠲᠤ ᠪᠠᠨ ᠰᠠᠭᠤᠵᠦ ᠪᠣᠰᠤᠳ ᠲᠤ ᠶᠠᠷᠰᠢᠭ ᠪᠤᠯᠬᠤ ᠦᠭᠡᠢ ᠨᠢ ᠴᠦ ᠤᠯᠤᠰ ᠭᠡᠷ ᠲᠤ ᠬᠤᠪᠢ ᠨᠡᠮᠡᠷᠢ ᠪᠠᠨ ᠡᠷᠭᠦᠵᠦ ᠪᠠᠶᠢᠭ᠎ᠠ ᠰᠢᠦ︾ ᠭᠡᠬᠦ ᠠᠪᠤ ᠶᠢᠨ ᠢᠶᠠᠨ ᠵᠠᠬᠢᠶ᠎ᠠ ᠪᠠᠷ ᠪᠢ ᠡᠳᠦᠷ ᠲᠤ ᠪᠠᠨ ᠭᠡᠷ ᠲᠤ ᠪᠠᠨ ᠤᠬᠠᠭᠠᠨ ᠲᠠᠢ ᠰᠠᠭᠤᠵᠦ ᠨᠤᠮ ᠪᠢᠴᠢᠭ ᠢᠶᠠᠨ ᠦᠵᠡᠬᠦ ᠪᠤᠶᠤ ᠰᠤᠨᠢᠨ ᠮᠡᠳᠡᠭᠡ ᠰᠤᠨᠤᠰᠴᠦ ᠬᠢᠵᠢᠭ ᠤᠨ ᠪᠠᠶᠢᠳᠠᠯ ᠳᠤ ᠰᠠᠨᠠᠭ᠎ᠠ ᠪᠤᠯᠵᠦ ᠰᠠᠭᠤᠭᠰᠠᠨ ᠡ᠂ ᠨᠠᠳᠠ ᠳᠤ ᠬᠠᠮᠤᠭ ᠤᠨ ᠦᠷᠦ ᠡᠪᠡᠳᠦᠯᠳᠡᠢ ᠰᠠᠨᠠᠭᠳᠠᠭᠰᠠᠨ ᠨᠢ ᠲᠡᠳᠡᠭᠡᠷ ᠨᠢᠭᠡᠳᠦᠭᠡᠷ ᠹᠷᠤᠨᠲ ᠲᠤ ᠡᠪᠡᠳᠴᠢᠳᠠᠨ ᠢ ᠠᠪᠤᠷᠠᠬᠤ ᠪᠠᠷ ᠡᠳᠦᠷ ᠰᠦᠨᠢ ᠦᠭᠡᠢ ᠠᠵᠢᠯᠯᠠᠵᠤ ᠪᠠᠶᠢᠭ᠎ᠠ ᠡᠮᠴᠢ ᠰᠤᠪᠢᠯᠠᠭᠴᠢ ᠨᠠᠷ ᠶᠤᠮ᠂ ᠲᠡᠳᠡ ᠡᠳᠦᠷᠵᠢᠨ ᠰᠠᠯᠬᠢ ᠨᠡᠪᠳᠡᠷᠡᠭᠦ ᠦᠭᠡᠢ ᠡᠪᠡᠳᠴᠢᠨ ᠬᠠᠯᠳᠠᠪᠤᠷᠢᠯᠠᠬᠤ ᠠᠴᠠ ᠰᠡᠷᠭᠡᠶᠢᠯᠡᠬᠦ ᠬᠤᠪᠴᠠᠰᠤ ᠡᠮᠥᠰᠴᠦ᠂ ᠴᠠᠭ ᠤᠨ ᠪᠤᠳᠠᠭ᠎ᠠ ᠪᠠᠨ ᠴᠦ ᠰᠠᠶᠢᠬᠠᠨ ᠤᠯᠵᠤ ᠢᠳᠡᠭᠦ ᠦᠭᠡᠢ᠂ ᠶᠠᠳᠠᠷᠪᠠᠯ ᠭᠠᠵᠠᠷ  ᠲᠡᠭᠡᠷ᠎ᠠ ᠭᠡᠪᠳᠡᠵᠦ ᠲᠦᠷ ᠠᠮᠠᠷᠠᠳᠠᠭ᠂ ᠨᠡᠩ ᠢᠯᠡᠬᠦᠤ ᠲᠡᠳᠠ ᠨᠠᠷ ᠦᠪᠡᠷ ᠤᠨ ᠠᠷᠤ ᠭᠡᠷ ᠢᠶᠠᠨ ᠠᠷᠤ ᠳᠤ  ᠪᠠᠨ ᠤᠷᠬᠢᠵᠦ ᠠᠩᠭ᠎ᠠ ᠦᠷ᠎ᠡ ᠠᠴᠠ ᠪᠠᠨ ᠰᠠᠯᠵᠤ ᠬᠠᠯᠳᠠᠪᠤᠷᠢᠳᠦ ᠡᠪᠡᠳᠴᠢᠨ ᠲᠠᠢ ᠡᠷᠡᠯᠬᠡᠯᠡᠨ ᠲᠡᠮᠡᠴᠡᠵᠦ ᠪᠠᠶᠢᠭ᠎ᠠ  ᠶᠢ ᠪᠤᠳᠤᠬᠤ ᠪᠦᠷᠢ ᠮᠢᠨᠤ ᠠᠯᠠᠭ ᠬᠤᠶᠠᠷ ᠨᠢᠳᠤᠨ ᠠᠴᠠ ᠦᠪᠡᠷ ᠤᠨ ᠡᠷᠭᠡ ᠦᠭᠡᠢ ᠨᠢᠯᠪᠤᠰᠤ ᠪᠦᠮᠪᠦᠷᠢᠳᠡᠭ ᠰᠠᠨ᠂ ᠡᠭᠦᠨ ᠢᠶᠠᠷ ᠪᠠᠷᠠᠬᠤ ᠦᠭᠡᠢ ᠡᠪᠡᠳᠴᠢᠳᠠᠨ ᠢ ᠠᠪᠤᠷᠠᠬᠤ ᠭᠡᠵᠤ ᠪᠠᠶᠢᠭᠠᠳ ᠡᠪᠡᠳᠴᠢᠨ ᠳᠤ ᠨᠡᠷᠪᠡᠭᠳᠡᠵᠦ ᠦᠪᠠᠷ ᠤᠨ ᠠᠯᠳᠠᠨ ᠠᠮᠢ ᠪᠠᠨ ᠴᠦ ᠠᠯᠳᠠᠭᠰᠠᠨ ᠢ ᠰᠤᠨᠤᠰᠤᠭᠠᠳ ᠦᠪᠡᠷ ᠢᠶᠠᠨ ᠪᠢ ᠰᠢᠳᠢᠳᠦ ᠤᠪᠢᠳᠠᠰ ᠲᠠᠢ ᠪᠤᠯ ᠬᠠᠷ᠎ᠠ ᠨᠢᠭᠦᠯᠳᠦ ᠬᠢᠵᠢᠭ ᠢ ᠨᠢᠭᠡᠯᠡ ᠲᠡᠭᠡᠷ᠎ᠡ ᠤᠰᠠᠳᠬᠠᠴᠢᠬᠠᠶ᠎ᠠ ᠬᠡᠵᠦ ᠴᠦ ᠪᠤᠳᠤᠯ᠎ᠠ᠃ ᠡᠶᠢᠮᠦ ᠠᠴᠠ ᠪᠢ ᠲᠡᠳᠡ ᠨᠠᠷ ᠤᠨ ᠡᠷᠳᠡ ᠨᠢᠭᠡ ᠡᠳᠦᠷ ᠬᠢᠵᠢᠭ ᠢ ᠢᠯᠡᠨ ᠲᠠᠪᠠᠵᠦ ᠠᠷᠤ ᠭᠡᠷ ᠲᠤ ᠪᠠᠨ ᠬᠠᠷᠢᠵᠦ ᠭᠡᠷ ᠤᠨ ᠭᠦᠮᠦᠰ ᠲᠠᠢ ᠪᠠᠨ ᠠᠮᠤᠷ ᠮᠠᠨᠳᠦ ᠠᠭᠤᠯᠵᠠᠬᠤ ᠶᠢ ᠭᠦᠰᠡᠳᠡᠭ᠃ ᠮᠦᠨ ᠴᠦ ᠨᠠᠶᠠᠨ ᠳᠦᠷᠪᠡᠲᠠᠢ ᠵᠦᠡᠭ ᠨᠠᠨ ᠱᠠᠨ ᠡᠪᠦᠭᠡ ᠶᠢᠨ ᠪᠤᠰᠤᠳ ᠤᠨ ᠲᠦᠯᠦᠭᠡ ᠰᠢᠨᠳᠠᠷᠠᠰᠢ ᠦᠭᠡᠢ ᠵᠢᠳᠭᠦᠳᠡᠭ ᠠᠭᠤᠤ ᠶᠡᠭᠡ ᠵᠤᠷᠢᠭ ᠰᠠᠨᠠᠭ᠎ᠠ ᠶᠢ ᠲᠠᠭᠠᠨ ᠰᠤᠷᠤᠯᠴᠠᠵᠤ᠂ ᠪᠠᠭᠰᠢ ᠶᠢᠨ  ᠢᠶᠠᠨ ᠰᠦᠯᠵᠢᠶᠠᠨ ᠬᠢᠴᠢᠶᠡᠯ ᠢ ᠤᠯᠠᠮ ᠨᠠᠷᠢᠯᠢᠭ ᠰᠤᠨᠤᠰᠴᠤ᠂ ᠬᠤᠵᠢᠮ ᠡᠭᠡ ᠤᠯᠤᠰ ᠲᠤ ᠪᠠᠨ ᠨᠢᠭᠡᠨ ᠬᠡᠷᠡᠭᠴᠡᠭᠡ  ᠲᠠᠢ ᠭᠦᠮᠦᠨ ᠪᠤᠯᠬᠤ ᠪᠠᠷ ᠴᠢᠷᠮᠠᠶᠢᠬᠤ ᠰᠡᠳᠭᠢᠯᠬᠡ ᠮᠢᠨᠤ ᠪᠤᠳᠤᠯ ᠳᠤ ᠭᠦᠪᠦᠷᠢᠯᠠᠯ᠎ᠠ᠃        ︽ᠰᠠᠳᠭᠢᠯ ᠤᠨ ᠬᠦᠴᠦ ᠠᠯᠢᠪᠠ ᠶᠢ ᠢᠯᠠᠨ᠎ᠠ︾ ᠬᠡᠳᠡᠭ ᠢᠶᠠᠷ ᠬᠠᠯᠳᠠᠪᠤᠷᠢᠳᠦ ᠬᠢᠵᠢᠭ ᠢ ᠲᠡᠭᠡᠳᠦ ᠬᠡᠮᠵᠢᠶ᠎ᠠ ᠪᠠᠷ ᠰᠡᠷᠬᠡᠶᠢᠯᠠᠨ ᠬᠢᠵᠠᠭᠠᠠᠷᠯᠠᠵᠤ ᠰᠡᠳᠬᠢᠯ ᠨᠢᠭᠡᠳᠦᠨ ᠬᠠᠮᠳᠤ ᠪᠠᠷ ᠴᠢᠷᠮᠠᠶᠢᠳᠠᠭ ᠯᠠ ᠪᠤᠯ ᠤᠷᠰᠢᠭᠳᠤ ᠬᠢᠵᠢᠭ ᠢ ᠪᠦᠭᠦᠨ ᠢ ᠤᠰᠠᠳᠬᠠᠵᠤ ᠡᠭᠡ ᠲᠡᠯᠡᠭᠡᠢ ᠮᠢᠨᠢ ᠡᠩᠭᠡ ᠲᠠᠶᠢᠪᠤᠡᠭ ᠪᠤᠯᠬᠤ ᠨᠢ ᠯᠠᠪᠳᠠᠢ ᠭᠡᠵᠦ ᠪᠢ ᠪᠤᠳᠤᠳᠠᠭ        ᠪᠤᠷᠬᠠᠨ ᠰᠡᠳᠬᠢᠯ ᠲᠠᠢ ᠡᠮᠴᠢ ᠰᠤᠪᠢᠯᠠᠭᠴᠢ ᠮᠢᠨᠢ ᠲᠠ ᠪᠤᠯ ᠡᠷᠡᠭᠦᠯ ᠡᠩᠬᠡ ᠶᠢᠨ ᠡᠯᠴᠢ᠂ ᠠᠮᠢ ᠨᠠᠰᠤᠨ ᠤ ᠬᠠᠮᠠᠭᠠᠯᠠᠭᠴᠢ ᠶᠤᠮ᠃ ᠲᠠᠨ ᠨᠠᠷ ᠤᠨ ᠪᠤᠶᠠᠨᠰᠠᠭ ᠦᠢᠯᠡᠰ ᠢ ᠠᠵᠠ ᠶᠢᠨ ᠠᠯᠳᠠᠨ ᠭᠡᠭᠡ ᠡᠭᠦᠷᠢᠳᠡ ᠢᠪᠡᠭᠡᠵᠤ ᠪᠠᠶᠢᠬᠤ ᠪᠤᠯᠳᠤᠭᠠᠢ︕        3.3 ᠪᠤᠷᠵᠢᠬᠢᠨ ᠠᠶᠠᠰ ᠵᠤᠬᠢᠶᠠᠪᠠ                ᠵᠢᠯᠤᠭᠤᠳᠤᠭᠰᠠᠨ ᠪᠠᠭᠰᠢ᠄  ᠰᠠᠷᠠᠩᠭᠤᠸ᠎ᠠ        ᠴᠤᠬᠤᠯᠠᠪᠤᠷᠢ᠄ ᠦᠪᠡᠷ ᠤᠨ ᠪᠤᠳᠤᠵᠤ ᠰᠠᠨᠠᠭᠰᠠᠨ ᠢᠶᠠᠨ ᠰᠠᠶᠢᠬᠠᠨ ᠲᠡᠯᠭᠡᠨ ᠪᠢᠴᠢᠯ᠎ᠡ᠂ ᠪᠠᠭᠰᠢ ᠨᠢ ᠲᠠᠨ  ᠤ ᠪᠤᠳᠤᠯ ᠴᠢᠨᠢ ᠰᠠᠨᠠᠭᠰᠠᠨ ᠶᠤᠰᠤᠭᠠᠷ ᠪᠡᠶᠡᠯᠡᠭᠳᠡᠭᠦ ᠶᠤᠮ ᠭᠡᠵᠤ ᠢᠳᠡᠭᠡᠵᠤ ᠪᠠᠶᠢᠨ᠎ᠠ᠃                        ᠴᠢᠪᠠᠭ᠎ᠠ ᠮᠤᠩᠭᠤᠯ ᠦᠨᠳᠦᠰᠦᠳᠡᠨ ᠤ ᠲᠤᠷᠰᠢᠯᠳᠠ ᠶᠢᠨ ᠪᠠᠭ᠎ᠠ ᠰᠤᠷᠭᠠᠭᠤᠯᠢ      
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号