ᠠᠮᠢ ᠨᠠᠰᠤᠨ ᠤ ᠬᠠᠮᠠᠭᠠᠯᠠᠭᠴᠢ
ᠨᠡᠶᠢᠲᠡᠯᠡᠭᠰᠡᠨ ᠴᠠᠭ᠄
2020/4/23
       ᠦᠬᠠᠨ ᠬᠤᠳᠠᠨ ᠠᠴᠠ ᠲᠡᠯᠭᠡᠷᠡᠭᠰᠡᠨ        ᠤᠳᠤᠭ᠎ᠠ ᠦᠭᠡᠢ ᠲᠠᠶᠢᠨ ᠤ ᠪᠠᠶᠢᠯᠳᠤᠭᠴᠢ        ᠤᠯᠤᠰ ᠤᠷᠤᠨ ᠢ ᠬᠡᠯᠮᠡᠭᠳᠡᠭᠦᠯᠦᠭᠰᠡᠨ        ᠤᠷᠰᠢᠭᠳᠤ ᠬᠢᠵᠢᠭ ᠢ ᠡᠰᠡᠷᠭᠦᠴᠡᠭᠴᠢ            ᠡᠮᠴᠢ ᠭᠦᠮᠦᠨ ᠵᠢᠷᠭᠠᠯ ᠤᠨ ᠡᠵᠢ            ᠡᠷᠡᠭᠦᠯ ᠡᠩᠭᠡ ᠶᠢᠨ ᠬᠤᠪᠢᠯᠭᠠᠨ‌ᠡᠯᠴᠢ            ᠠᠭᠤᠤ ᠨᠠᠮ ᠤᠨ ᠤᠷᠢᠶᠠᠯᠠᠭᠴᠢ            ᠠᠮᠢ ᠨᠠᠰᠤᠨ ᠤ ᠬᠠᠮᠠᠭᠠᠯᠠᠭᠴᠢ        ᠲᠦᠷᠦ ᠬᠦᠷᠦᠨ ᠤ ᠲᠦᠯᠦᠭᠡ        ᠲᠦᠮᠡᠨ ᠠᠷᠠᠳ ᠤᠨ ᠡᠮᠦᠨ᠎ᠡ ᠠᠴᠠ ᠭᠠᠪᠰᠢᠭᠠᠶᠢᠯᠠᠭᠰᠠᠨ        ᠲᠦᠭᠰᠢᠭᠦᠷᠢᠳᠦ ᠬᠢᠵᠢᠭ ᠲᠠᠢ ᠲᠡᠮᠡᠴᠡᠭᠰᠡᠨ        ᠲᠦᠪᠰᠢᠨ ᠴᠠᠭ ᠤᠨ ᠲᠠᠶᠢᠴᠢᠳ            ᠡᠮᠴᠢ ᠭᠦᠮᠦᠨ ᠵᠢᠷᠭᠠᠯ ᠤᠨ ᠡᠵᠢ            ᠡᠷᠡᠭᠦᠯ ᠡᠩᠭᠡ ᠶᠢᠨ ᠬᠤᠪᠢᠯᠭᠠᠨ‌ᠡᠯᠴᠢ            ᠠᠭᠤᠤ ᠨᠠᠮ ᠤᠨ ᠤᠷᠢᠶᠠᠯᠠᠭᠴᠢ            ᠠᠮᠢ ᠨᠠᠰᠤᠨ ᠤ ᠬᠠᠮᠠᠭᠠᠯᠠᠭᠴᠢ        ᠠᠯᠢᠪᠠ ᠪᠦᠭᠦᠨ ᠢᠶᠠᠨ ᠲᠠᠶᠠᠭᠳᠠᠵᠤ        ᠠᠯᠤᠰ ᠮᠤᠷᠳᠠᠭᠰᠠᠨ ᠭᠠᠪᠢᠶᠠᠳᠠᠳ        ᠠᠮᠢ ᠪᠡᠶ᠎ᠠ ᠪᠠᠨ ᠬᠠᠶᠢᠬᠤᠷᠳᠠᠭ ᠦᠭᠡᠢ        ᠠᠤᠭ᠎ᠠ ᠵᠤᠷᠢᠭ ᠲᠠᠢ ᠪᠠᠭᠠᠳᠤᠷᠴᠤᠳ            ᠡᠮᠴᠢ ᠭᠦᠮᠦᠨ ᠵᠢᠷᠭᠠᠯ ᠤᠨ ᠡᠵᠢ            ᠡᠷᠡᠭᠦᠯ ᠡᠩᠭᠡ ᠶᠢᠨ ᠬᠤᠪᠢᠯᠭᠠᠨ‌ᠡᠯᠴᠢ            ᠠᠭᠤᠤ ᠨᠠᠮ ᠤᠨ ᠤᠷᠢᠶᠠᠯᠠᠭᠴᠢ            ᠠᠮᠢ ᠨᠠᠰᠤᠨ ᠤ ᠬᠠᠮᠠᠭᠠᠯᠠᠭᠴᠢ        ᠬᠠᠶᠢᠷ᠎ᠠ ᠶᠢᠨ ᠬᠠᠯᠠᠭᠤᠨ ᠰᠡᠳᠬᠢᠯ ᠢᠶᠠᠨ        ᠬᠠᠷᠠᠮ ᠦᠭᠡᠢ  ᠵᠤᠷᠢᠭᠤᠯᠤᠭᠰᠠᠨ        ᠬᠠᠶᠢᠷᠠᠳᠤ ᠡᠭᠡ ᠤᠯᠤᠰ ᠲᠤ ᠪᠠᠨ        ᠬᠠᠮᠤᠭ ᠬᠦᠴᠦᠨ ᠴᠢᠳᠠᠯ ᠢᠶᠠᠨ ᠡᠷᠭᠦᠭᠰᠡᠨ            ᠡᠮᠴᠢ ᠭᠦᠮᠦᠨ ᠵᠢᠷᠭᠠᠯ ᠤᠨ ᠡᠵᠢ            ᠡᠷᠡᠭᠦᠯ ᠡᠩᠭᠡ ᠶᠢᠨ ᠬᠤᠪᠢᠯᠭᠠᠨ‌ᠡᠯᠴᠢ            ᠠᠭᠤᠤ ᠨᠠᠮ ᠤᠨ ᠤᠷᠢᠶᠠᠯᠠᠭᠴᠢ            ᠠᠮᠢ ᠨᠠᠰᠤᠨ ᠤ ᠬᠠᠮᠠᠭᠠᠯᠠᠭᠴᠢ        3.3 ᠶᠢᠨ ᠲᠡᠭᠦᠯᠢᠨ        ᠵᠢᠯᠤᠭᠤᠳᠤᠭᠰᠠᠨ ᠪᠠᠭᠰᠢ᠄ ᠰᠠᠷᠠᠩᠭᠤᠸ᠎ᠠ         ᠴᠤᠬᠤᠯᠠᠪᠤᠷᠢ᠄  ᠲᠦᠮᠡᠨ ᠠᠷᠠᠳ ᠤᠨ ᠡᠮᠦᠨ᠎ᠡ ᠠᠴᠠ  ᠭᠠᠪᠰᠢᠭᠠᠶᠢᠯᠠᠨ ᠲᠦᠭᠰᠢᠭᠦᠷᠢᠳᠦ ᠬᠢᠵᠢᠭ ᠲᠠᠢ ᠲᠡᠮᠡᠴᠡᠭᠰᠡᠨ ᠡᠮᠴᠢ ᠰᠤᠪᠢᠯᠠᠭᠴᠢ ᠪᠠᠨ  ᠡᠩᠬᠡ ᠵᠢᠷᠭᠠᠯ ᠤᠨ ᠡᠵᠢ  ᠂ ᠡᠷᠡᠭᠦᠯ ᠡᠩᠭᠡ ᠶᠢᠨ ᠬᠤᠪᠢᠯᠭᠠᠨ‌ᠡᠯᠴᠢ᠂ ᠠᠭᠤᠤ ᠨᠠᠮ ᠤᠨ ᠤᠷᠢᠶᠠᠯᠠᠭᠴᠢ᠂ ᠠᠮᠢ ᠨᠠᠰᠤᠨ ᠤ ᠬᠠᠮᠠᠭᠠᠯᠠᠭᠴᠢ ᠭᠡᠵᠦ ᠤᠶᠠᠩᠭᠠᠯᠠᠨ ᠰᠢᠯᠦᠭᠯᠡᠯ᠎ᠡ᠃                      ᠴᠢᠪᠠᠭ᠎ᠠ ᠮᠤᠩᠭᠤᠯ ᠦᠨᠳᠦᠰᠦᠳᠡᠨ ᠤ ᠲᠤᠷᠰᠢᠯᠳᠠ ᠶᠢᠨ ᠪᠠᠭ᠎ᠠ ᠰᠤᠷᠭᠠᠭᠤᠯᠢ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号