ᠡᠮᠴᠢ ᠭᠦᠮᠦᠨ ᠵᠢᠷᠭᠠᠯ ᠤᠨ ᠡᠵᠢ
ᠨᠡᠶᠢᠲᠡᠯᠡᠭᠰᠡᠨ ᠴᠠᠭ᠄
2020/4/23
       ︽ᠠᠮᠢᠳᠤᠷᠠᠯ ᠭᠡᠳᠡᠭ ᠵᠢᠷᠭᠠᠯ ᠢ ᠲᠠᠭᠤᠯᠠᠭᠰᠠᠨ ᠴᠠᠶᠢᠯᠭᠠᠨ ᠲᠡᠯᠡᠭᠡᠢ        ᠠᠮᠢᠳᠤᠷᠠᠨ᠎ᠠ ᠭᠡᠳᠡᠭ ᠤᠴᠠᠷᠠᠯ ᠢ ᠬᠠᠶᠢᠯᠠᠭᠰᠠᠨ ᠦᠨᠡᠨ ᠤ ᠬᠤᠷᠸ᠎ᠠ        ᠲᠡᠯᠡᠭᠡᠢ ᠪᠠᠨ ᠦᠷ᠎ᠡ ᠪᠠᠨ ᠰᠢᠭ ᠪᠦᠪᠡᠶᠢᠯᠡᠭᠰᠡᠨ ᠡᠵᠢ ᠶᠢᠨ ᠰᠡᠳᠬᠢᠯ        ᠲᠠᠭᠤᠯᠠᠬᠤ ᠨᠢ ᠬᠦᠷᠳᠡᠯ᠎ᠡ ᠲᠤᠭᠳᠤᠯᠬᠤ ᠵᠢᠷᠤᠭᠡ ᠶᠢ ᠮᠢᠨᠢ ᠴᠢᠩᠨᠠᠳᠠᠭ ᠪᠤᠷᠬᠠᠨ︾            ᠡᠨᠡᠷᠢᠯ ᠢᠪᠡᠭᠡᠯ ᠤᠨ ᠬᠠᠶᠢᠯᠭᠠᠨ ᠡᠵᠢ            ᠡᠮᠴᠢ ᠭᠦᠮᠦᠨ ᠵᠢᠷᠭᠠᠯ ᠤᠨ ᠡᠵᠢ          ᠡᠭᠡ ᠤᠷᠤᠨ ᠤ ᠪᠠᠨ ᠲᠦᠯᠦᠭᠡ ᠦᠪᠡᠷ ᠢ ᠪᠠᠨ ᠦᠷᠡᠭᠳᠡᠭᠦᠯᠳᠡᠭ        ᠡᠷᠦᠭᠡ ᠭᠡᠷ  ᠦᠷ᠎ᠡ ᠭᠡᠤᠭᠡᠳ ᠢᠶᠠᠨ ᠠᠷᠤ ᠳᠤ ᠪᠠᠨ ᠤᠷᠬᠢᠵᠦ        ᠤᠷᠭᠤᠵᠦ ᠵᠢᠷᠭᠠᠬᠤ ᠨᠠᠷᠠ ᠲᠠᠢ ᠤᠷᠤᠯᠳᠤᠨ        ᠤᠳᠤᠭ᠎ᠠ ᠦᠭᠡᠢ ᠲᠠᠶᠢᠨ ᠲᠠᠢ ᠲᠡᠮᠡᠴᠠᠯᠳᠤᠭᠰᠡᠨ            ᠡᠨᠡᠷᠢᠯ ᠢᠪᠡᠭᠡᠯ ᠤᠨ ᠬᠠᠶᠢᠯᠭᠠᠨ ᠡᠵᠢ            ᠡᠮᠴᠢ ᠭᠦᠮᠦᠨ ᠵᠢᠷᠭᠠᠯ ᠤᠨ ᠡᠵᠢ          ᠠᠭᠤᠤ ᠨᠠᠮ ᠤᠨ ᠤᠷᠢᠶᠠᠯᠭ᠎ᠠ ᠶᠢ ᠲᠠᠭᠠᠳᠠᠭ ᠪᠤᠯᠬᠤᠷ ᠲᠠ ᠪᠤᠯ ᠪᠠᠶᠢᠯᠳᠤᠭᠴᠢᠳ        ᠠᠷᠠᠳ ᠲᠦᠮᠡᠨ ᠤ ᠡᠷᠡᠭᠦᠯ ᠢ ᠬᠠᠮᠠᠭᠠᠯᠠᠳᠠᠭ ᠪᠤᠯᠬᠤᠷ ᠲᠠ ᠪᠤᠯ ᠪᠠᠭᠠᠳᠤᠷᠴᠤᠳ        ᠠᠷᠬᠠᠭ ᠡᠪᠡᠳᠴᠢᠨ ᠲᠠᠢ ᠠᠰ ᠲᠤᠯᠤᠯᠳᠠᠭ ᠪᠤᠯᠬᠤᠷ ᠲᠠ ᠪᠤᠯ ᠲᠠᠶᠢᠴᠢᠳ        ᠠᠮᠢ ᠨᠠᠰᠤ ᠶᠢ ᠠᠪᠤᠷᠠᠨ ᠲᠤᠰᠠᠯᠠᠳᠠᠭ ᠪᠤᠯᠬᠤᠷ ᠲᠠ ᠪᠤᠯ ᠭᠠᠪᠢᠶᠠᠳᠠᠳ            ᠡᠨᠡᠷᠢᠯ ᠢᠪᠡᠭᠡᠯ ᠤᠨ ᠬᠠᠶᠢᠯᠭᠠᠨ ᠡᠵᠢ            ᠡᠮᠴᠢ ᠭᠦᠮᠦᠨ ᠵᠢᠷᠭᠠᠯ ᠤᠨ ᠡᠵᠢ          ᠠᠯᠳᠠᠨ ᠴᠡᠩᠭᠡᠷ ᠬᠠᠳᠠᠭ ᠢᠶᠠᠨ ᠲᠡᠯᠭᠡᠵᠤ ᠡᠮᠴᠢ ᠰᠤᠪᠢᠯᠠᠭᠴᠢᠳ ᠲᠤ ᠪᠡᠯᠡᠭᠯᠡᠶ᠎ᠡ        ᠠᠷᠢᠭᠤᠨ ᠮᠤᠩᠭᠤᠯ ᠵᠠᠩᠰᠢᠯ ᠢᠶᠠᠷ ᠲᠠ ᠨᠠᠷ ᠮᠢᠨᠢ ᠵᠦᠳᠡᠷᠡᠯ᠎ᠡ ᠬᠡᠵᠦ ᠬᠡᠯᠡᠶ᠎ᠡ        ᠠᠶᠢᠷᠠᠭ ᠰᠦ ᠶᠢᠨ ᠲᠡᠭᠡᠵᠢ ᠪᠠᠨ ᠡᠷᠭᠦᠵᠦ ᠡᠩᠬᠡ ᠮᠡᠨᠳᠦ ᠶᠢ ᠴᠢᠨᠢ ᠵᠦᠡᠭᠨᠡᠶ᠎ᠡ        ᠠᠯᠳᠠᠷ ᠭᠠᠪᠢᠶ᠎ᠠ ᠶᠢ ᠴᠢᠨᠢ ᠠᠯᠳᠠᠨ ᠰᠠᠮᠪᠠᠷ᠎ᠠ ᠳᠤ ᠠᠯᠳᠠᠷᠰᠢᠭᠤᠯᠤᠨ ᠲᠡᠮᠳᠡᠭᠯᠡᠶ᠎ᠡ᠃            ᠡᠨᠡᠷᠢᠯ ᠢᠪᠡᠭᠡᠯ ᠤᠨ ᠬᠠᠶᠢᠯᠭᠠᠨ ᠡᠵᠢ            ᠡᠮᠴᠢ ᠭᠦᠮᠦᠨ ᠵᠢᠷᠭᠠᠯ ᠤᠨ ᠡᠵᠢ              3.3 ᠵᠢᠨ‌‍ᠴᠠᠶᠢᠯᠭᠠᠨ            ᠵᠢᠯᠤᠭᠤᠳᠤᠭᠰᠠᠨ ᠪᠠᠭᠰᠢ᠄ ᠰᠠᠷᠠᠩᠭᠤᠸ᠎ᠠ             ᠴᠤᠬᠤᠯᠠᠪᠤᠷᠢ᠄ ᠲᠠᠨ ᠤ ᠰᠢᠯᠦᠭ ᠠᠴᠠ《 ᠤᠳᠤᠭ᠎ᠠ ᠦᠭᠡᠢ ᠲᠠᠶᠢᠨ》 ᠤ ᠲᠠᠯᠠᠪᠤᠷ ᠲᠤ ᠡᠷᠡᠯᠬᠡᠭᠯᠡᠨ ᠲᠡᠮᠡᠴᠡᠵᠦ ᠪᠠᠶᠢᠭ᠎ᠠ ᠡᠮᠴᠢ ᠰᠤᠪᠢᠯᠠᠭᠴᠢ ᠠᠪᠠᠭ᠎ᠠ ᠠᠨᠢᠶ᠎ᠠ ᠨᠠᠷ ᠢᠶᠠᠨ ᠦᠨᠡᠨ ᠰᠡᠳᠬᠢᠯ ᠠᠴᠠ ᠪᠠᠨ ᠬᠦᠨᠳᠦᠳᠬᠡᠨ ᠪᠢᠰᠢᠷᠡᠵᠤ ᠪᠠᠶᠢᠭ᠎ᠠ  ᠭᠡᠳᠡᠭ ᠶᠢ ᠤᠶᠢᠯᠠᠭᠠᠨ ᠮᠡᠳᠡᠯ᠎ᠡ᠃                        ᠴᠢᠪᠠᠭ᠎ᠠ ᠮᠤᠩᠭᠤᠯ ᠦᠨᠳᠦᠰᠦᠳᠡᠨ ᠤ ᠲᠤᠷᠰᠢᠯᠳᠠ ᠶᠢᠨ ᠪᠠᠭ᠎ᠠ ᠰᠤᠷᠭᠠᠭᠤᠯᠢ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号