ᠬᠦᠰᠡᠯ ᠤᠨ ᠢᠷᠡᠭᠡᠳᠦᠢ
ᠨᠡᠶᠢᠲᠡᠯᠡᠭᠰᠡᠨ ᠴᠠᠭ᠄
2020/4/3
                ᠬᠦᠰᠡᠯ ᠤᠨ ᠢᠷᠡᠭᠡᠳᠦᠢ                            ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ 9.3 ᠮᠠᠯᠮᠠᠢ            ᠬᠠᠪᠤᠷ ᠤᠨ ᠤᠷᠢ ᠤᠷᠤᠵᠦ᠂  ᠠᠮᠢᠲᠠᠨ ᠪᠣᠳᠠᠰ ᠰᠡᠷᠭᠦᠨ ᠠᠮᠢᠯᠠᠵᠤ᠂ ᠬᠥᠬᠡ ᠤᠭᠳᠠᠷᠭᠤᠢ ᠳᠤ ᠬᠦᠪᠦᠯᠵᠡᠵᠦ ᠪᠠᠶᠢᠭ᠎ᠠ ᠬᠦᠪᠦᠩ ᠴᠠᠭᠠᠨ ᠡᠭᠦᠯᠡᠰ ᠨᠠᠷᠠ ᠲᠣᠨᠤᠷᠠᠭᠰᠠᠨ ᠨᠠᠯᠠᠭᠠᠷᠬᠠᠨ ᠰᠠᠶᠢᠬᠠᠨ ᠡᠳᠦᠷ ᠤᠨ ᠴᠢᠮᠡᠭᠯᠡᠯ ᠪᠤᠯᠵᠦ ᠪᠠᠶᠢᠯ᠎ᠠ᠃      ︽ᠳ᠋ᠢᠩ ᠳ᠋ᠠᠩ ᠁︾ ᠬᠤᠩᠬᠤ ᠳᠣᠣᠭᠠᠷᠴᠤ ᠬᠢᠴᠢᠶᠡᠯ ᠤᠷᠤᠯ᠎ᠠ᠃ ᠣᠷᠴᠢᠨ ᠲᠤᠭᠤᠷᠢᠨ ᠤ ᠨᠠᠮ ᠵᠢᠮ ︽ᠬᠢᠷᠳ᠋︾  ᠬᠡᠬᠦ ᠲᠠᠭᠤᠨ ᠳᠤ ᠡᠪᠲᠡᠭᠲᠡᠵᠤ ᠠᠵᠢᠭᠯᠠᠪᠠᠯ ᠮᠤᠳᠤᠨ ᠲᠤᠮᠳᠠ ᠪᠦᠷᠬᠦᠭᠳᠡᠭᠰᠡᠨ ᠯᠤᠳᠤ ᠶᠡᠭᠡ ᠬᠠᠷᠠᠩᠭᠤᠢ ᠠᠭᠤᠢ ᠠᠭᠱᠠᠨ ᠵᠠᠭᠤᠷ᠎ᠠ ᠭᠡᠷᠡᠯᠳᠤᠯ᠎ᠡ᠃ ᠦ︕ ᠤᠤᠯ ᠨᠢ ᠪᠡᠭᠡᠵᠢᠩ ᠬᠦᠮᠦᠨ ᠭᠠᠯ ᠨᠤᠴᠤᠭᠠᠨ ᠢᠳᠠᠰᠢ ᠪᠤᠯᠭᠤᠭᠠᠨ ᠢᠳᠡᠬᠦ ᠭᠡᠵᠦ ᠪᠠᠶᠢᠯ᠎ᠠ ᠁ ᠪᠤᠳᠤᠯ ᠮᠢᠨᠢ ᠶᠠᠭ ᠰᠠᠶᠢᠬᠠᠨ ᠡᠷᠳᠡᠨ ᠤ ᠠᠮᠢᠳᠤᠷᠠᠯ ᠳᠤ ᠵᠤᠭᠠᠴᠠᠨ ᠠᠶᠠᠯᠠᠵᠦ ᠪᠠᠶᠢᠬᠤ ᠳᠤ ᠪᠣᠳᠠᠳᠤ ᠠᠮᠢᠳᠤᠷᠠᠯ ᠨᠠᠮ᠎ᠠ ᠶᠢ ᠭᠡᠨᠡᠳᠳᠡ ᠶᠢᠨ ᠬᠠᠷ᠎ᠠ ᠰᠠᠯᠬᠢᠨ ᠳᠤ ᠠᠯᠠᠭᠠᠳᠠᠭᠤᠯᠤᠨ ᠭᠦᠶ᠋ᠢ ᠬᠠᠢ ᠶᠢᠨ ᠵᠠᠪ ᠦᠭᠡᠢ ᠬᠠᠮᠬᠤᠤᠯ ᠮᠡᠳᠤ ᠡᠷᠭᠦᠨ ᠬᠡᠶᠢᠰᠭᠡᠯ᠎ᠡ᠃ ᠠᠶᠤᠵᠦ ᠰᠤᠴᠢᠭᠰᠠᠨ ᠡᠷᠬᠡᠨ ᠳᠤ ᠪᠠᠨ ᠪᠢ ᠨᠢᠳᠦ ᠪᠠᠨ ᠲᠠᠰᠤ ᠠᠨᠢᠯ᠎ᠠ᠃ ᠬᠡᠳᠦᠢ ᠬᠤᠭᠤᠴᠠᠭ᠎ᠠ ᠦᠩᠭᠡᠷᠡᠭᠰᠡᠨ ᠢ ᠪᠤᠤ ᠮᠡᠳᠡ︖ ᠭᠡᠨᠡᠳᠳᠡ ᠱᠤᠤᠭᠢᠬᠤ ᠲᠠᠭᠤᠨ ᠵᠠᠮᠬᠠᠷᠠᠵᠦ᠂ ᠡᠷᠭᠢᠨ ᠲᠤᠭᠤᠷᠢᠨ ᠨᠠᠮ ᠵᠢᠮ ᠪᠤᠯᠬᠤ ᠳᠤ ᠪᠢ ᠨᠢᠳᠤ ᠪᠤᠨ ᠠᠯᠭᠤᠷᠬᠠᠨ ᠨᠡᠭᠡᠭᠡᠯ᠎ᠡ᠃ ᠦᠨᠡᠭᠡᠷ ᠢᠳᠡᠬᠡᠭᠳᠡᠰᠢ ᠦᠭᠡᠢ︕ ᠪᠢ ᠤᠭᠤᠰᠤᠷ ᠦᠭᠡᠢ ᠤᠷᠴᠢᠯᠠᠩ ᠤᠨ ᠲᠤᠮᠳᠠ ᠵᠤᠭᠰᠤᠵᠦ ᠪᠠᠶᠢᠯ᠎ᠠ᠃ ᠬᠠᠵᠠᠭᠤ ᠬᠠᠪᠢ ᠪᠠᠷ ᠠᠰᠢᠳᠠ ᠶᠢᠨ ᠤᠳᠤᠳ᠂ ᠱᠦᠭᠦᠷ ᠤᠳᠤᠳ ᠲᠤᠭᠤᠷᠢᠨ ᠦᠩᠭᠡᠷᠡᠵᠦ ᠪᠠᠶᠢᠬᠤ ᠪᠠᠶᠢᠳᠠᠯ ᠢ ᠦᠵᠡᠭᠡᠳ ᠪᠢ ᠮᠡᠯᠡᠷᠡᠴᠢᠬᠡᠪᠡ᠃ ᠶᠠᠮᠠᠷ ᠤᠴᠢᠷ ᠪᠤᠯᠪᠠ︖ ᠪᠢ ᠰᠠᠯᠬᠢᠨ ᠳᠤ ᠬᠡᠶᠢᠰᠭᠡᠭᠳᠡᠨ ᠤᠷᠴᠢᠯᠠᠩ  ᠳᠤ ᠢᠷᠡᠯ᠎ᠡ︖ ︽ᠬᠢᠴᠢᠶᠡ︕︾ ᠦᠭᠡᠳᠡ ᠠᠴᠠ ᠨᠢᠭᠡᠨ ᠭᠠᠷᠠᠭ ᠤᠳᠤ ᠢᠯᠴᠢ ᠪᠠᠳᠠᠷᠠᠭᠤᠯᠤᠨ ᠢᠷᠡᠯ᠎ᠡ᠃ ᠭᠠᠷ  ᠠᠴᠠ ᠨᠢᠭᠡᠨ ᠬᠦᠮᠦᠨ ᠲᠡᠷᠡ ᠳᠠᠷᠤᠢ ᠳᠤ ᠨᠢ ᠠᠮᠵᠢᠨ ᠲᠠᠳᠠᠭᠰᠠᠨ ᠠᠴᠠ ᠪᠢ ᠮᠦᠷᠭᠦᠭᠳᠡᠬᠦ ᠵᠠᠶᠠᠭᠠᠨ ᠠᠴᠠ ᠮᠣᠯᠲᠤᠷᠠᠵᠤ ᠳᠡᠶᠢᠯᠦᠯ᠎ᠡ᠃ ᠪᠢ ᠪᠠᠶᠠᠷᠯᠠᠨ ᠡᠷᠭᠢᠨ ᠬᠠᠷᠠᠪᠠᠯ ᠨᠠᠳᠠ ᠲᠠᠢ ᠨᠠᠰᠤ ᠰᠠᠴᠠᠭᠤ ᠪᠢᠴᠢᠬᠠᠨ ᠬᠡᠤᠬᠡᠨ ᠨᠢᠰᠭᠡᠯᠴᠢ ᠶᠢᠨ ᠦᠪᠴᠢ ᠬᠤᠪᠴᠠᠰᠤ ᠶᠢ ᠡᠮᠤᠰᠤᠨ ᠦᠭᠡᠳᠡ ᠠᠴᠠ ᠢᠨᠢᠶᠡᠮᠰᠦᠭᠯᠡᠨ ᠵᠤᠭᠰᠤᠵᠦ ᠪᠠᠶᠢᠯ᠎ᠠ᠃ ︽ᠲᠠ ᠵᠦᠭᠡᠷ ᠪᠢᠵᠠ︖ ᠡᠨᠡ ᠡᠳᠦᠷ ᠪᠤᠯ ᠮᠢᠨᠤ ᠠᠶᠠᠯᠠᠯᠳᠠ ᠶᠢᠨ ᠰᠡᠭᠦᠯᠴᠢ ᠶᠢᠨ ᠡᠳᠦᠷ᠂ ᠪᠢ ᠤᠳᠤ ᠶᠠᠭ ᠰᠠᠶ᠋ᠢᠬᠠᠨ ᠭᠠᠯ ᠭᠠᠷᠠᠭ ᠤᠨ ᠠᠶᠢᠮᠠᠭ ᠠᠴᠠ ᠢᠷᠡᠯ᠎ᠡ᠂ ᠤᠳᠤ ᠤᠳᠤᠨ ᠭᠠᠷᠠᠭ ᠲᠡᠭᠡᠷ᠎ᠡ ᠠᠵᠢᠭᠯᠠᠯᠳᠠ ᠬᠢᠬᠦ ᠪᠠᠷ ᠶᠠᠪᠤᠬᠤ ᠭᠡᠵᠦ ᠪᠠᠶᠢᠨ᠎ᠠ᠃ ᠪᠠᠷᠠᠭᠰᠠᠨ ᠤ ᠰᠡᠭᠦᠯᠡᠷ ᠲᠡᠯᠡᠬᠡᠢ ᠶᠢᠨ ᠪᠦᠮᠪᠦᠷᠴᠡᠭ ᠳᠡᠭᠡᠷ᠎ᠡ ᠪᠠᠨ ᠪᠤᠴᠠᠬᠤ ᠪᠤᠯᠤᠨ᠎ᠠ᠃ ᠡᠳᠡᠭᠡᠷ ᠦᠯᠡᠳᠡᠭᠰᠡᠨ ᠠᠶᠠᠨ ᠵᠠᠮ ᠢ ᠲᠠ ᠨᠠᠳᠠ ᠲᠠᠢ ᠴᠤᠭ ᠦᠩᠭᠡᠷᠡᠭᠦᠯᠵᠦ᠂ ᠠᠶᠠᠯᠠᠯ ᠤᠨ ᠪᠠᠶᠠᠷ ᠬᠦᠷ ᠢ ᠴᠤᠭ ᠡᠳ᠋ᠯᠡᠶ᠎ᠡ᠂ ᠪᠤᠯᠤᠨ᠎ᠠ ᠤᠤ︖︾ ᠭᠡᠯ᠎ᠡ᠃ ᠪᠢ ᠶᠠᠭ ᠰᠠᠶ᠋ᠢᠬᠠᠨ ︽ ᠶᠠᠭᠠᠬᠢᠵᠤ ᠲᠡᠯᠡᠬᠡᠢ ᠶᠢᠨ ᠪᠦᠮᠪᠦᠷᠴᠡᠭ  ᠳᠡᠭᠡᠷ᠎ᠡ ᠪᠤᠴᠠᠬᠤ  ᠪᠢᠯᠡ︖︾ ᠬᠡᠮᠡᠨ ᠲᠦᠪᠡᠭᠳᠡᠵᠦ ᠪᠠᠴᠢᠮᠳᠠᠵᠦ ᠪᠠᠶᠢᠭᠰᠠᠨ ᠲᠣᠯᠠ ᠡᠨᠡ ᠬᠦ ᠦᠭᠡ ᠨᠢ ᠶᠠᠭ ᠮᠢᠨᠤ ᠵᠠᠭᠠᠳᠤᠨᠠᠭᠰᠠᠨ ᠭᠠᠵᠠᠷ ᠲᠤ ᠮᠠᠭᠠᠵᠢᠭᠰᠠᠨ ᠮᠡᠳᠤ ᠲᠠᠭᠠᠲᠠᠢ ᠰᠠᠨᠠᠭᠳᠠᠯ᠎ᠠ᠃ ᠪᠢ ᠦᠴᠦᠬᠡᠨ ᠴᠤ ᠡᠷᠡᠬᠡᠯᠵᠡᠵᠦ ᠲᠠᠳᠠᠭᠠᠯᠵᠠᠭᠰᠠᠨ ᠦᠭᠡᠢ ᠪᠠᠷ ︽ᠪᠤᠯᠤᠨ᠎ᠠ︾ ᠭᠡᠵᠦ ᠳᠤᠷᠠᠲᠠᠢ ᠵᠦᠪᠰᠢᠶᠡᠷᠡᠯ᠎ᠡ᠃ ᠰᠤᠨᠢᠭᠤᠴᠢ ᠰᠡᠳᠬᠢᠯ ᠳᠤ ᠪᠠᠨ ᠬᠦᠲᠦᠯᠦᠭᠳᠡᠨ ᠲᠡᠬᠦᠨ ᠤ ᠨᠢᠰᠳᠡᠭ ᠲᠠᠪᠠᠭ ᠲᠤ ᠤᠷᠤᠵᠦ ᠰᠠᠭᠤᠯ᠎ᠠ᠃ ᠨᠢᠰᠳᠡᠭ ᠲᠠᠪᠠᠭ ᠳᠤᠲᠤᠷᠠᠬᠢ ᠪᠠᠶᠢᠳᠠᠯ ᠦᠨᠡᠬᠡᠷ ᠦᠭᠡᠷ᠎ᠡ ᠨᠢᠭᠡ ᠶᠢᠷᠳᠢᠨᠴᠦ  ᠪᠠᠶᠢᠯ᠎ᠠ᠃ ᠪᠢᠳᠡ ᠨᠢᠰᠳᠡᠭ ᠲᠠᠪᠠᠭ ᠲᠤ ᠰᠠᠭᠤᠵᠤ ᠲᠠᠪᠤᠳᠤᠭᠠᠷ ᠭᠠᠷᠠᠭ ᠲᠤ ᠬᠦᠷᠴᠤ ᠢᠷᠡᠯ᠎ᠡ᠃ ᠡᠨᠡ ᠬᠦ ᠰᠠᠶ᠋ᠢᠬᠠᠨ ᠢᠯᠡᠷᠡᠭᠦᠯᠦᠭᠰᠡᠨ ᠭᠠᠷᠠᠭ ᠨᠢ ᠭᠦᠷᠪᠡᠯ ᠰᠢᠭ ᠤᠷᠴᠢᠨ ᠲᠤᠭᠤᠷᠢᠨ ᠤ ᠦᠩᠭᠡ ᠶᠢ ᠲᠠᠭᠠᠯᠳᠤᠨ ᠬᠤᠪᠢᠷᠠᠵᠦ ᠯᠠ ᠪᠠᠶᠢᠪᠠ᠃ ᠪᠢᠴᠢᠬᠠᠨ ᠬᠡᠤᠬᠡᠨ ᠨᠠᠳᠠ ᠶᠢ ᠲᠠᠭᠠᠭᠤᠯᠤᠨ ᠵᠤᠭᠠᠴᠠᠯ᠎ᠠ᠃ ᠤᠷᠴᠢᠯᠠᠩ ᠭᠡᠭᠴᠢ ᠦᠨᠡᠭᠡᠷ ᠭᠠᠶᠢᠬᠠᠰᠢ ᠠᠯᠳᠠᠭᠤᠯᠤᠮ᠎ᠠ ᠰᠤᠨᠢᠨ ᠰᠡᠪᠡᠭᠦᠨ ᠵᠦᠢᠯᠡᠰ ᠢ ᠡᠪᠤᠷᠯᠡᠨ ᠪᠦᠪᠡᠶᠢᠯᠡᠵᠦ ᠪᠠᠶᠢᠬᠤ ᠨᠢ ᠡ ᠁ ᠪᠦᠭᠡᠯᠵᠢᠰᠤ ᠬᠦᠷᠭᠡᠮᠡᠷ ᠪᠤᠵᠠᠷ ᠪᠤᠯᠠᠩᠬᠢᠷ ᠤᠰᠤ ᠬᠤᠭᠤᠷᠮᠠᠭᠯᠠᠨ ᠡᠷᠭᠢᠯᠳᠤᠨ ᠲᠤᠳᠤᠷ᠎ᠠ ᠨᠢ ᠰᠢᠷᠠᠯᠠᠭᠰᠠᠨ ᠡᠪᠡᠰᠤ᠂ ᠬᠤᠪᠠᠭ᠋ᠠᠶᠢᠷᠠᠭᠰᠠᠨ ᠴᠡᠴᠡᠭ ᠲᠡᠯᠴᠢᠯᠡᠵᠦ ᠪᠠᠶᠢᠯ᠎ᠠ᠃ ᠪᠢ ᠦᠪᠡᠷ ᠤᠨ ᠡᠷᠬᠡ ᠦᠭᠡᠢ ︽ᠲᠡᠯᠡᠬᠡᠢ ᠶᠢᠨ ᠪᠦᠮᠪᠦᠷᠴᠡᠭ ᠪᠠᠰᠠ ᠡᠶᠢᠮᠤ ᠪᠤᠯᠴᠢᠬᠠᠪᠠᠯ ᠶᠠᠭᠠᠬᠢᠯᠲᠠᠢ  ᠪᠢᠯᠡ︖︾ ᠭᠡᠵᠦ ᠪᠤᠳᠤᠯ᠎ᠠ᠃ ᠪᠢᠴᠢᠬᠠᠨ ᠬᠡᠤᠬᠡᠨ ᠮᠢᠨᠤ ᠰᠠᠨᠠᠭ᠎ᠠ ᠶᠢ ᠭᠠᠳᠠᠷᠯᠠᠭᠰᠠᠨ  ᠪᠣᠯᠤᠯᠲᠠᠢ᠄ ︽ᠡᠨᠡ ᠬᠦ ᠭᠠᠷᠠᠭ ᠢ ᠢᠯᠡᠷᠡᠭᠦᠯᠦᠭᠰᠡᠨ ᠤ ᠲᠠᠷᠠᠭ᠎ᠠ ᠪᠢᠲᠠ ᠠᠯᠢᠪᠠ ᠮᠠᠭᠤ ᠮᠠᠭᠤᠬᠠᠢ ᠵᠠᠩ ᠲᠠᠳᠬᠠᠯ ᠢᠶᠠᠨ ᠲᠠᠶᠠᠭᠳᠠᠵᠦ ᠲᠡᠯᠡᠬᠡᠢ ᠡᠵᠢ ᠪᠠᠨ ᠬᠠᠶᠢᠷᠠᠯᠠᠵᠦ ᠡᠬᠢᠯᠡᠭᠰᠡᠨ ᠶᠤᠮ᠃ ᠮᠦᠳᠳᠦ ᠲᠠ ᠣᠴᠢᠵᠤ ᠦᠵᠡᠪᠡᠯ ᠮᠡᠳᠡᠴᠢᠬᠡᠨ᠎ᠡ︕︾ ᠭᠡᠬᠦ ᠳᠤ ᠪᠢ ᠠᠯᠠᠰᠭᠢᠨ ᠪᠠᠶᠠᠷᠯᠠᠪᠠ᠃ ᠲᠡᠯᠡᠬᠡᠢ ᠡᠵᠢ ᠢᠨᠢᠶᠡᠮᠰᠦᠭ ᠳᠦᠷᠢ ᠪᠠᠷ ᠨᠠᠮ᠎ᠠ ᠶᠢ ᠤᠭᠳᠤᠬᠤ ᠪᠢᠵᠠ︖ ᠪᠢᠳᠡ ᠲᠠᠬᠢᠨ ᠨᠢᠰᠳᠡᠭ ᠲᠠᠪᠠᠭ ᠲᠤ ᠪᠠᠨ ᠰᠠᠭᠤᠯ᠎ᠠ᠃ ᠪᠢᠴᠢᠬᠠᠨ ᠬᠡᠤᠬᠡᠨ ᠨᠠᠮ᠎ᠠ  ᠳᠤ ᠤᠮᠤᠭᠰᠢᠯ ᠲᠠᠢ ᠪᠠᠷ᠄ ︽ᠡᠨᠡ ᠤᠲᠠᠭ᠎ᠠ ᠪᠢ ᠤᠷᠢᠳ ᠬᠤᠵᠢᠳ 12 ᠭᠠᠷᠠᠭ ᠤᠳᠤ ᠪᠠᠷ ᠠᠶᠢᠯᠴᠢᠯᠠᠯ᠎ᠠ  ᠃ ᠠᠶᠠᠯᠠᠯ ᠠᠴᠠ ᠪᠠᠨ ᠤᠷᠴᠢᠨ ᠲᠤᠭᠤᠷᠢᠨ ᠢᠶᠠᠨ ᠬᠠᠮᠠᠭᠠᠯᠠᠬᠤ ᠬᠡᠷᠡᠭᠲᠡᠢ ᠭᠡᠳᠡᠭ ᠬᠦᠮᠦᠵᠢᠯ ᠬᠦᠷᠲᠡᠯ᠎ᠡ᠃ ᠪᠠᠰᠠ ᠨᠢᠭᠡ ᠰᠢᠨ᠎ᠡ ᠨᠠᠶᠢᠵᠠ ᠲᠠᠢ ᠪᠤᠯᠤᠯ᠎ᠠ᠃ ᠨᠠᠶᠢᠵᠠ ᠨᠠᠷ ᠲᠤ ᠪᠠᠨ ᠮᠡᠷᠭᠡᠯᠡᠬᠦ ᠵᠣᠶᠢᠯ ᠤᠪᠤᠭ᠎ᠠ ᠲᠤᠪᠤᠭ᠎ᠠ ᠪᠤᠯᠵᠠᠢ︾ ᠬᠡᠮᠡᠨ ᠠᠮᠠ ᠬᠠᠮᠬᠢᠯ ᠦᠭᠡᠢ ᠶᠠᠷᠢᠵᠤ ᠪᠠᠶᠢᠯ᠎ᠠ᠃ ᠪᠢ ᠲᠡᠭᠦᠨ ᠤ ᠶᠠᠷᠢᠬᠤ ᠶᠢ ᠰᠤᠨᠤᠰᠤᠨ ᠪᠠᠶᠠᠷᠯᠠᠵᠤ ᠭᠠᠷᠣᠯ᠎ᠠ᠃       ︽ᠦᠵᠡᠬᠡᠴᠢ︕ ᠲᠡᠷᠡ ᠬᠦ ᠤᠰᠤᠨ ᠴᠡᠩᠬᠡᠷ ᠦᠩᠭᠡ ᠲᠠᠢ ᠪᠦᠮᠪᠦᠷᠴᠡᠭ ᠴᠢᠨᠢ ᠪᠢᠳᠡᠨ ᠤ ᠤᠷᠤᠰᠢᠨ ᠲᠤᠭᠳᠠᠨᠢᠵᠦ ᠪᠠᠶᠢᠭ᠎ᠠ ᠲᠡᠯᠡᠬᠡᠢ ᠡᠵᠢ ᠳ᠋ᠠ︕︾ ᠭᠡᠬᠦ ᠪᠢᠴᠢᠬᠠᠨ ᠦᠬᠢᠨ ᠤ ᠦᠭᠡ ᠪᠠᠷ ᠡᠷᠭᠢᠨ ᠬᠠᠷᠠᠪᠠᠯ  ᠪᠢᠳᠡ ᠦᠨᠡᠬᠡᠷ ᠳᠡᠯᠡᠬᠡᠢ ᠶᠢᠨ ᠪᠦᠮᠪᠦᠷᠴᠡᠭ ᠤᠨ ᠦᠷᠦᠴᠡ ᠪᠤᠯᠤᠭᠰᠠᠨ— ᠲᠤᠮᠳᠠᠳᠤ ᠤᠯᠤᠰ ᠲᠤ ᠪᠠᠨ ᠪᠣᠴᠠᠨ ᠢᠷᠡᠴᠢᠭᠡᠯ᠎ᠡ᠃ ᠬᠠᠰᠢᠯᠠ ᠠᠳᠡ ᠰᠠᠶᠢᠬᠠᠨ ᠳ᠋ᠠ︕ ᠶᠠᠪᠤᠭᠰᠠᠨ ᠤ ᠰᠡᠭᠦᠯᠡᠷ ᠰᠠᠶ᠋ᠢ ᠨᠣᠳᠤᠭ ᠲᠤ ᠪᠠᠨ ᠪᠤᠴᠠᠶ᠎ᠠ ᠭᠡᠵᠦ ᠴᠠᠭ ᠦᠷᠭᠦᠯᠵᠢ ᠪᠣᠳᠤᠬᠤ ᠪᠤᠯᠤᠭᠰᠠᠨ ᠶᠤᠮ᠃  ᠨᠤᠲᠤᠭ ᠣᠰᠣ ᠪᠠᠨ ᠰᠠᠨᠠᠨ ᠮᠦᠷᠦᠭᠡᠳᠬᠦ ᠬᠤᠷᠸ᠎ᠠ ᠶᠢᠨ ᠵᠢᠮ᠎ᠡ ᠶᠤᠮ ᠴᠢᠨᠢ︕ ᠨᠣᠲᠤᠭ ᠲᠤ ᠪᠠᠨ ᠢᠷᠡᠴᠢᠭᠡᠯ᠎ᠡ ᠬᠡᠮᠡᠨ ᠦᠨᠳᠦᠷ ᠳᠠᠭᠤᠨ ᠢᠶᠠᠷ ᠬᠠᠰᠬᠢᠷᠤᠮᠠᠷ ᠰᠠᠨᠠᠭᠳᠠᠯ᠎ᠠ᠃ ᠪᠢᠴᠢᠬᠠᠨ ᠬᠡᠤᠬᠡᠨ ᠨᠠᠮ᠎ᠠ ᠶᠢ ᠲᠠᠭᠠᠭᠤᠯᠤᠨ ᠡᠷᠭᠢᠨ ᠲᠤᠭᠤᠷᠢᠨ ᠴᠡᠪᠡᠷ ᠴᠡᠮᠴᠡᠭᠡᠷ᠂ ᠭᠢᠯᠠ ᠴᠢᠯᠠ ᠪᠠᠶᠢᠵᠦ ᠠᠮᠢ ᠠᠬᠤᠢ ᠲᠡᠩᠴᠡᠭᠦᠷᠢ ᠪᠠᠨ ᠪᠠᠳᠤᠯᠠᠭᠰᠠᠨ ᠡᠬᠡ ᠣᠯᠣᠰ ᠤᠨ ᠢᠶᠠᠨ ᠦᠨᠴᠦᠭ ᠪᠤᠯᠤᠩ ᠦᠬᠡᠢ ᠲᠤᠭᠤᠷᠢᠯ᠎ᠠ᠃ ︽ᠦᠵᠡᠬᠡᠴᠢ︕︾ ᠬᠡᠬᠦ ᠪᠢᠴᠢᠬᠠᠨ ᠦᠬᠢᠨ ᠤ ᠵᠢᠭᠠᠭᠰᠠᠨ ᠴᠢᠭᠯᠡᠯ ᠢᠶᠠᠷ ᠬᠠᠷᠠᠭ᠎ᠠ ᠪᠠᠨ ᠪᠡᠯᠴᠢᠬᠡᠪᠡᠯ᠄ ᠠᠭᠤᠳᠠᠮ ᠲᠠᠯᠠᠪᠠᠢ ᠶᠢᠨ ᠲᠡᠯᠭᠡᠴᠡ ᠲᠡᠭᠡᠷ᠎ᠡ ︽ᠮᠠᠨ ᠤ ᠤᠯᠤᠰ ᠰᠠᠨᠰᠠᠷ ᠤᠨ ᠮᠡᠷᠭᠡᠵᠢᠯ᠂ ᠠᠶᠠᠯᠠᠯᠳᠠ ᠶᠢᠨ ᠲᠤᠭ᠎ᠠ᠂ ᠦᠨ᠎ᠡ ᠦᠷᠳᠡᠭ ᠢᠶᠠᠷ ᠪᠦᠷ ᠲᠡᠯᠡᠬᠡᠢ ᠶᠢᠨ ᠨᠢᠭᠡᠳᠦᠭᠡᠷ︾᠂ ︽×× ᠳ᠋ᠤᠺᠲ᠋ᠤᠷ ᠤᠨ ᠰᠤᠳᠤᠯᠤᠨ ᠦᠢᠯᠡᠳᠦᠭᠰᠡᠨ ᠡᠮ ᠲᠡᠯᠡᠬᠡᠢ ᠶᠢᠨ ᠭᠤᠷᠪᠠᠨ ᠶᠡᠭᠡ ᠠᠶᠤᠯ ᠤᠨ ᠨᠢᠭᠡ — ᠦᠮᠠᠨ ᠡᠪᠡᠳᠴᠢᠨ ᠢ ᠪᠦᠷᠢᠮᠦᠰᠦᠨ ᠢᠯᠠᠷᠢᠰᠢᠭᠦᠯᠵᠦ ᠴᠢᠳᠡᠨ᠎ᠠ ᠭᠡᠳᠡᠭ ᠢ ᠦᠢᠯᠡᠳᠦᠯᠭᠡ ᠭᠡᠷᠡᠴᠢᠯᠡᠭᠰᠡᠨ ᠪᠦᠭᠡᠳ ᠨᠢᠭᠡᠨᠳᠡ ᠪᠦᠬᠦ ᠲᠡᠯᠡᠬᠡᠢ ᠳᠤ ᠲᠦᠭᠡᠮᠡᠯᠵᠢᠬᠦᠯᠵᠡᠢ︾᠂ ︽ᠪᠦᠬᠦ ᠲᠡᠯᠡᠬᠡᠢ ᠶᠢᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ‍ᠣᠨ‌ᠭᠠᠷ ᠤᠷᠠᠯᠠᠯ ᠤᠨ ᠪᠦᠳᠦᠭᠡᠯ ᠤᠨ ᠤᠷᠤᠯᠳᠤᠭᠠᠨ ᠲᠤᠮᠲᠠᠲᠤ ᠶᠢᠨ X ᠬᠤᠲᠠᠨ ᠳᠤ ᠠᠮᠵᠢᠯᠳᠡ ᠲᠠᠢ ᠶᠠᠪᠤᠭᠲᠠᠯ᠎ᠠ︾᠂᠂᠂᠂ ᠡᠳᠡᠭᠡᠷ ᠮᠡᠳᠡᠭᠡᠯᠡᠯ ᠨᠢ ᠲᠤᠮᠲᠠᠲᠤ ᠶᠢᠨ ᠬᠦᠮᠦᠨ ᠪᠦᠬᠦᠨ ᠤ ᠰᠡᠳᠬᠢᠯ ᠢ ᠪᠠᠶᠠᠰᠬᠠᠵᠤ ᠪᠠᠶᠢᠯ᠎ᠠ᠃ ᠪᠢ ᠰᠣᠨᠢᠨ ᠮᠡᠳᠡᠭᠡᠯᠡᠯ ᠤᠨ ᠶᠢᠷᠲᠢᠨᠴᠤ  ᠢᠶᠠᠷ ᠰᠣᠭᠲᠤᠭᠤᠷᠠᠨ ᠠᠯᠮᠠᠶᠢᠷᠠᠵᠤ ᠪᠠᠶᠢᠲᠠᠯ᠎ᠠ ᠲᠡᠯᠭᠡᠴᠡ ᠳᠡᠭᠡᠷ᠎ᠡ ︽2050 ᠤᠨ︾ ᠭᠡᠰᠡᠨ ᠠᠯᠲᠠᠨ ᠦᠰᠦᠭ ᠭᠡᠷᠡᠯ ᠰᠠᠴᠤᠷᠠᠨ ᠲᠤᠳᠤᠷᠠᠯ᠎ᠠ  ᠃ ᠪᠢ ᠮᠠᠰᠢ ᠰᠡᠳᠬᠢᠯ ᠳᠣᠭᠳᠤᠯᠤᠨ ᠡᠨᠡ ᠴᠢᠨᠢ ︽ᠬᠤᠤᠰ ᠵᠠᠭᠤᠨ ᠵᠢᠯ︾ ᠪᠢᠰᠢᠤ ︕ ᠭᠡᠵᠦ ᠪᠠᠭ᠋ᠠᠷᠬᠠᠨ ᠪᠠᠶᠢᠲᠠᠯ᠎ᠠ ᠪᠢᠴᠢᠬᠠᠨ ᠦᠬᠢᠨ ︽ᠦᠵᠡᠭᠲᠦᠨ︕ ᠲᠡᠷᠡ ᠴᠢᠨᠢ ᠮᠢᠨᠤ ᠡᠬᠡ ᠰᠤᠷᠭᠠᠭᠤᠯᠢ ᠰᠢᠦ ᠳ᠋ᠠ︕︾ ᠭᠡᠵᠦ ᠬᠡᠯᠡᠩᠭᠦᠲᠡ ᠮᠢᠨᠤ ᠭᠠᠷ ᠠᠴᠠ ᠬᠦᠲᠦᠯᠦᠨ ᠬᠦᠶᠦᠯ᠎ᠡ᠃      ᠰᠤᠷᠭᠠᠭᠤᠯᠢ ᠶᠢᠨ ᠬᠦᠷᠢᠶ᠎ᠠ ᠣᠶᠢᠷᠠᠳᠬᠤ ᠳᠤ᠄ ︽ᠴᠢᠬᠢᠨ ᠤ ᠴᠢᠮᠡᠭ ᠪᠤᠯᠤᠭᠰᠠᠨ ᠠᠶᠠᠯᠭᠤ ᠰᠠᠶᠢᠬᠠᠨ ᠮᠣᠩᠭᠤᠯ ᠬᠡᠯᠡ᠂ ᠴᠢᠩ ᠵᠣᠷᠢᠭᠲᠦ ᠡᠪᠦᠭᠡᠳ ᠳᠡᠭᠡᠳᠦᠰ ᠤᠨ ᠮᠢᠨᠢ ᠦᠪ ᠶᠡᠭᠡ ᠡᠷᠲᠡᠨᠢ ᠁  ︾ ᠬᠡᠬᠦ ᠬᠠᠩᠭᠢᠨᠠᠮ᠎ᠠ ᠢᠷᠠᠭᠤ ᠡᠭᠡᠰᠢᠭ ᠴᠢᠬᠢᠨ ᠳᠤ ᠮᠢᠨᠢ ᠳᠤᠭᠤᠯᠳᠠᠯ᠎ᠠ᠃                                              ᠵᠢᠯᠤᠭᠤᠳᠤᠭᠰᠠᠨ ᠪᠠᠭᠰᠢ — ᠳ᠋᠊᠂ ᠨᠠᠷᠠᠩᠭᠤᠸ᠎ᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号