ᠰᠡᠷᠭᠦᠯᠡᠩ ᠪᠤᠯ ᠠᠩᠬ᠎ᠠ ᠳᠤᠮᠳᠠᠳᠣ ᠶᠢᠨ ᠰᠤᠷᠤᠭᠴᠢ ᠶᠤᠮ᠃ ᠡᠵᠢ ᠠᠪᠤ ᠨᠢ ᠲᠡᠭᠦᠨ ᠢ ᠰᠡᠴᠡᠨ ᠰᠡᠷᠭᠦᠯᠡᠩ | ᠴᠤᠪᠤᠭᠤᠯᠢᠭ ᠬᠦᠦ ᠪᠤᠯᠤᠭᠠᠷᠠᠢ ᠭᠡᠵᠦ ᠰᠡᠷᠭᠦᠯᠡᠩ ᠭᠡᠵᠦ ᠨᠡᠷ᠎ᠡ ᠬᠠᠶᠢᠷᠠᠯᠠᠭᠰᠠᠨ ᠪᠠᠶᠢᠨ᠎ᠠ᠃ ᠰᠡᠷᠭᠦᠯᠡᠩ ᠴᠤ ᠡᠵᠢ | ᠠᠪᠤ ᠪᠠᠨ ᠬᠦᠰᠡᠷᠳᠡᠭᠦᠯᠦᠭᠰᠡᠨ ᠦᠭᠡᠢ ᠴᠢᠷᠮᠠᠶᠢᠨ ᠰᠤᠷᠤᠯᠴᠠᠵᠤ ᠬᠠᠮᠤᠭ ᠤᠨ ᠰᠠᠶᠢᠨ ᠬᠢᠷᠢ ᠪᠦᠲᠦᠮᠵᠢ ᠪᠠᠷ ᠠᠩᠬ᠎ᠠ | ᠳᠤᠮᠳᠠᠳᠤ ᠳᠤ ᠰᠢᠯᠭᠠᠨ ᠤᠷᠤᠭᠰᠠᠨ ᠪᠢᠯᠡ᠃ ᠠᠪᠤ ᠨᠢ ᠤᠳᠠᠭᠠᠨ ᠵᠢᠯ ᠭᠠᠳᠠᠨ᠎ᠠ ᠤᠷᠤᠨ ᠳᠤ ᠠᠵᠢᠯᠯᠠᠵᠤ ᠪᠠᠶᠢᠬᠤ | ᠲᠤᠯᠠ ᠰᠡᠷᠭᠦᠯᠡᠩ ᠬᠦᠦ ᠡᠵᠢ ᠲᠠᠢ ᠪᠠᠨ ᠬᠤᠶᠠᠭᠤᠯᠠ ᠪᠠᠨ ᠠᠮᠢᠳᠤᠷᠠᠵᠤ ᠯᠡ ᠪᠠᠶᠢᠵᠠᠢ᠃ ᠭᠡᠪᠡᠴᠦ ᠰᠡᠷᠭᠦᠯᠡᠩ ᠢ | ᠰᠤᠷᠭᠠᠭᠤᠯᠢ ᠳᠤ ᠣᠷᠣᠭᠰᠠᠨ ᠠᠴᠠ ᠡᠵᠢ ᠨᠢ ᠲᠡᠭᠦᠨ ᠤ ᠰᠤᠷᠭᠠᠭᠤᠯᠢ ᠳᠤ ᠨᠢᠭᠡ ᠤᠳᠠᠭ᠎ᠠ ᠴᠦ ᠣᠴᠢᠭᠰᠠᠨ ᠦᠭᠡᠢ᠃ | ᠤᠤᠯ ᠨᠢ ᠬᠦᠦ ᠡᠵᠢ ᠶᠢᠨ ᠢᠶᠠᠨ ᠡᠯᠳᠡᠪ ᠦᠩᠭᠡ ᠶᠢᠨ ᠦᠭᠡᠳᠡᠰᠦ ᠪᠠᠷ ᠨᠦᠬᠦᠭᠰᠡᠨ ᠡᠩᠭᠡᠷ ᠢ ᠨᠢ ᠦᠵᠡᠭᠡᠳ | ᠦᠪᠡᠷ ᠤᠨ ᠡᠷᠬᠡ ᠦᠭᠡᠢ ᠡᠭᠳᠡᠭᠦᠴᠡᠳᠡᠭ ᠪᠠᠶᠢᠵᠠᠢ᠃ ᠰᠡᠷᠭᠦᠯᠡᠩ ᠤᠨ ᠡᠵᠢ ᠨᠢ ᠳᠡᠪᠡᠯ ᠤᠶᠤᠵᠤ ᠠᠮᠢᠳᠤᠷᠠᠯ ᠢᠶᠠᠨ | ᠠᠷᠭᠠᠴᠠᠭᠠᠳᠠᠭ ᠪᠠᠶᠢᠵᠠᠢ᠃ ᠬᠦᠭᠡᠷᠦᠬᠦᠢ ᠡᠬᠡ ᠨᠢ ᠬᠡᠳᠦᠶᠢᠪᠡᠷ ᠰᠠᠶ᠋ᠢ ᠳᠥᠴᠢ ᠶᠢᠨ ᠳᠠᠪᠠᠭ᠎ᠠ ᠶᠢ ᠳᠠᠪᠠᠭᠰᠠᠨ | ᠪᠤᠯᠪᠠᠴᠤ ᠤᠷᠲᠤ ᠬᠠᠷ᠎ᠠ ᠭᠡᠵᠢᠭᠡ ᠨᠢ ᠴᠠᠶᠢᠵᠤ᠂ ᠮᠤᠶᠢᠯ ᠬᠠᠷ᠎ᠠ ᠨᠢᠳᠦ ᠨᠢ ᠭᠡᠷᠡᠯ ᠦᠭᠡᠢ ᠪᠤᠯᠵᠤ᠂ ᠨᠢᠷᠤᠭᠤ ᠨᠢ ᠴᠦ | ᠪᠦᠬᠦᠶᠢᠵᠡᠢ᠃ ᠠᠯᠢᠪᠠ ᠪᠠᠨ ᠬᠦᠦ ᠳᠤ ᠪᠠᠨ ᠬᠠᠷᠠᠮ ᠦᠭᠡᠢ ᠵᠣᠷᠢᠭᠤᠯᠳᠠᠭ ᠬᠦᠭᠡᠷᠦᠬᠦᠢ ᠡᠵᠢ ᠪᠠᠶᠢᠵᠠᠢ᠃ | ᠡᠨᠡ ᠡᠳᠦᠷ ᠰᠡᠷᠭᠦᠯᠡᠩ ᠮᠦᠨ ᠯᠡ ᠤᠤᠯ ᠶᠤᠰᠤ ᠪᠠᠷ ᠬᠢᠴᠢᠶᠡᠯ ᠢᠶᠠᠨ ᠪᠠᠭᠤᠭᠠᠳ ᠭᠡᠷ ᠲᠤ ᠪᠠᠨ ᠬᠠᠷᠢᠵᠤ | ᠢᠷᠡᠭᠰᠡᠨ ᠪᠠᠶᠢᠯ᠎ᠠ᠃ ᠡᠵᠢ ᠨᠢ ᠮᠦᠨ ᠴᠦ ᠲᠡᠷᠡ ᠡᠷᠢᠶᠡᠨ ᠡᠩᠭᠡᠷ ᠲᠠᠢ ᠳᠡᠪᠡᠯ ᠢᠶᠠᠨ ᠡᠮᠦᠰᠦᠭᠡᠳ ᠭᠠᠷ ᠲᠠᠬᠢ | ᠤᠶᠤᠳᠠᠯ ᠢᠶᠠᠨ ᠤᠶᠤᠵᠤ ᠯᠡ ᠰᠠᠭᠤᠨ᠎ᠠ᠃ ᠭᠡᠪᠡᠴᠦ ᠰᠡᠷᠭᠦᠯᠡᠩ ᠦᠨᠦᠳᠦᠷ ᠬᠦᠮᠦᠰᠭᠡ ᠪᠠᠨ ᠵᠠᠩᠭᠢᠳᠴᠦ ᠶᠠᠭᠤ | ᠨᠢᠭᠡ ᠶᠢ ᠪᠤᠳᠤᠯᠬᠢᠯᠠᠵᠤ ᠪᠠᠶᠢᠬᠤ ᠰᠢᠭ᠋ ᠪᠢᠯᠡ᠃ | ︽ᠮᠢᠨᠤ ᠬᠦᠦ ᠬᠠᠷᠢᠭᠠᠳ ᠢᠷᠡᠭᠰᠡᠨ ᠦᠦ︖︾ ᠭᠡᠵᠦ ᠡᠨᠡᠷᠢᠩᠭᠦᠢ ᠵᠦᠭᠡᠯᠡᠨ ᠢᠶᠠᠷ ᠡᠵᠢ ᠨᠢ ᠠᠰᠠᠭᠤᠵᠤ᠂ | ᠬᠠᠶᠢᠷ᠎ᠠ ᠪᠢᠯᠬᠠᠭᠰᠠᠨ ᠬᠠᠷᠠᠴᠠ ᠪᠠᠷ ᠬᠦᠦ ᠪᠠᠨ ᠴᠢᠷᠠᠶᠢᠳᠠᠬᠤ ᠳᠤ ᠬᠦᠦ ᠬᠠᠷᠢᠭᠤ ᠳᠤᠤᠭᠠᠷᠤᠭᠰᠠᠨ ᠦᠭᠡᠢ᠃ | ︽ᠮᠢᠨᠤ ᠬᠦᠦ ᠶᠠᠭᠠᠬᠢᠴᠢᠬᠠᠪᠠ︖︾ ᠭᠡᠵᠦ ᠳᠠᠬᠢᠨ ᠠᠰᠠᠭᠤᠭᠰᠠᠨ ᠳᠤ᠂ ᠬᠦᠦ ᠨᠡᠯᠢᠶᠡᠳ ᠣᠳᠠᠭᠠᠳ | ᠬᠠᠷᠢᠭᠤ ᠥᠭᠪᠡ᠃ | ︽ᠮᠠᠷᠭᠠᠰᠢ ᠭᠡᠷ ᠤᠨ ᠠᠬᠠᠮᠠᠳ ᠤᠨ ᠬᠤᠷᠠᠯ ᠲᠠᠢ︾ | ︽ᠦ᠂ ᠡᠵᠢ ᠨᠢ ᠤᠴᠢᠶ᠎ᠡ︾ | ︽ᠴᠢ ᠪᠢᠲᠡᠬᠡᠢ ᠣᠴᠢ︾ ᠭᠡᠵᠦ ᠬᠦᠦ ᠶᠠᠭᠠᠷᠠᠨ ᠬᠠᠰᠭᠢᠷᠪᠡ᠃ | ᠡᠵᠢ ᠨᠢ ᠭᠠᠶᠢᠬᠠᠭᠰᠠᠨ ᠶᠠᠩᠵᠤ ᠲᠠᠢ᠄ | ︽ᠶᠠᠭᠤᠨ ᠳᠤ ᠡᠵᠢ ᠨᠢ ᠣᠴᠢᠵᠤ ᠪᠣᠯᠬᠤ ᠦᠭᠡᠢ ᠪᠤᠢ︖︾ | ︽ᠴᠢ ᠦᠪᠡᠷ ᠤᠨ ᠡᠮᠦᠰᠴᠦ ᠪᠠᠶᠢᠭ᠎ᠠ ᠬᠤᠪᠴᠠᠰᠤ ᠪᠠᠨ ᠦᠵᠡ᠂ ᠨᠠᠶᠢᠵᠠ ᠨᠠᠷ ᠪᠦᠷ ᠨᠠᠮ᠎ᠠ ᠶᠢ ᠭᠤᠶᠢᠷᠠᠨᠴᠢ | ᠡᠵᠢ ᠲᠠᠢ ᠭᠡᠵᠦ ᠱᠣᠭᠯᠠᠨᠠ︾ ᠭᠡᠵᠦ ᠡᠷᠭᠢᠵᠤ ᠴᠦ ᠬᠠᠷᠠᠯ ᠦᠭᠡᠢ ᠭᠦᠶᠦᠨ ᠭᠠᠷᠪᠠ᠃ | ᠡᠨᠡ ᠦᠶᠡᠰ ᠡᠵᠢ ᠶᠢᠨ ᠬᠢᠨᠢ ᠨᠢᠳᠦᠨ ᠳᠤ ᠨᠢ ᠭᠤᠮᠤᠳᠠᠯ ᠪᠠ ᠨᠢᠯᠪᠤᠰᠤ ᠪᠠᠷ ᠳᠦᠭᠦᠷᠦᠭᠰᠡᠨ ᠪᠠᠶᠢᠯ᠎ᠠ᠃ | ᠰᠡᠷᠭᠦᠯᠡᠩ ᠨᠠᠮ ᠵᠢᠮ ᠵᠡᠭᠡᠯᠢ ᠶᠢᠨ ᠭᠤᠳᠤᠮᠵᠢ ᠪᠠᠷ ᠠᠯᠬᠤᠵᠤ ᠯᠡ ᠪᠠᠶᠢᠯ᠎ᠠ᠃ ᠣᠭᠲᠠᠷᠭᠤᠢ ᠶᠢᠨ ᠰᠠᠷ᠎ᠠ ᠴᠦ | ᠰᠡᠷᠭᠦᠯᠡᠩ ᠢ ᠲᠤᠭᠤᠬᠤ ᠦᠭᠡᠢ ᠭᠡᠰᠡᠨ ᠰᠢᠭ ᠡᠭᠦᠯᠡᠨ ᠤ ᠳᠠᠯᠳᠠ ᠣᠷᠣᠪᠠ᠃ ᠰᠡᠷᠭᠦᠯᠡᠩ ᠣᠯᠠᠨ ᠵᠦᠢᠯ ᠢ ᠪᠣᠳᠣᠪᠠ | ᠃ ᠲᠡᠭᠦᠨ ᠤ ᠡᠮᠦᠰᠴᠦ ᠪᠠᠶᠢᠭ᠎ᠠ ᠬᠤᠪᠴᠠᠰᠤ ᠪᠤᠯᠭᠠᠨ ᠨᠢ ᠪᠦᠷ ᠡᠵᠢ ᠶᠢᠨ ᠬᠢᠨᠢ ᠣᠶᠣᠵᠣ ᠦᠭᠭᠦᠭᠰᠡᠨ ᠪᠠᠶᠢᠯ᠎ᠠ᠃ | ᠡᠵᠢ ᠨᠢ ᠬᠡᠵᠢᠶᠡᠳᠡ ᠬᠠᠮᠤᠭ ᠰᠠᠶᠢᠨ ᠢ ᠬᠦᠦ ᠳᠤ ᠪᠠᠨ ᠦᠯᠡᠳᠡᠭᠡᠨ ᠦᠭᠴᠦ᠂ ᠦᠪᠡᠷ ᠤᠨ ᠢᠶᠠᠨ ᠠᠷᠪᠢᠯᠠᠨ ᠭᠠᠮᠨᠠᠵᠤ | ᠂ ᠡᠳᠦᠷ ᠰᠦᠨᠢ ᠦᠭᠡᠢ ᠳᠡᠪᠡᠯ ᠤᠶᠤᠵᠤ ᠠᠵᠢᠯᠯᠠᠵᠤ ᠪᠠᠶᠢᠬᠤ ᠨᠢ ᠪᠦᠷ ᠬᠦᠦ ᠶᠢᠨ ᠢᠶᠠᠨ ᠲᠥᠯᠦᠭᠡ ᠪᠢᠯᠡ᠃ | ᠡᠵᠢ ᠶᠢᠨ ᠡᠩᠭᠡᠷ ᠨᠢ ᠬᠠᠶᠢᠷ᠎ᠠ ᠪᠠᠷ ᠳᠦᠭᠦᠷᠦᠭᠰᠡᠨ᠂ ᠡᠨᠡᠷᠢᠯ ᠢᠶᠠᠷ ᠪᠢᠯᠬᠠᠭᠰᠠᠨ ᠪᠠᠶᠢᠵᠤ ᠪᠢᠯᠡ᠃ ᠡᠵᠢ ᠨᠢ | ᠦᠨᠡᠨ ᠳᠤ ᠪᠠᠨ ᠦᠪᠡᠷ ᠤᠨ ᠪᠡᠶ᠎ᠡ ᠳᠡᠭᠡᠨ ᠭᠤᠶᠤ ᠬᠤᠪᠴᠠᠰᠤ ᠣᠶᠤᠨ ᠡᠮᠦᠰᠴᠦ ᠪᠣᠯᠤᠨ᠎ᠠ᠃ ᠬᠡᠪᠡᠴᠦ ᠡᠵᠢ ᠨᠢ | ᠬᠤᠪᠴᠠᠰᠣᠨ ᠵᠤᠭᠤᠰ ᠢᠶᠠᠨ ᠠᠷᠪᠢᠯᠠᠵᠤ᠂ ᠬᠦᠦ ᠳᠤ ᠪᠠᠨ ᠨᠤᠮ ᠳᠡᠪᠲᠡᠷ ᠠᠪᠴᠦ ᠥᠭᠳᠡᠭ ᠪᠢᠯᠡ᠃ ᠡᠵᠢ ᠨᠢ | ᠦᠪᠡᠷ ᠤᠨ ᠢᠶᠠᠨ ᠲᠥᠯᠦᠭᠡ ᠨᠢᠭᠡ ᠤᠳᠠᠭ᠎ᠠ ᠴᠦ ᠪᠤᠳᠤᠵᠤ ᠦᠩᠭᠡᠷᠡᠭᠡ ᠦᠭᠡᠢ᠂ ᠴᠠᠭ ᠢᠮᠠᠭᠲᠠ ᠬᠦᠦ ᠶᠢᠨ ᠢᠶᠠᠨ | ᠲᠦᠯᠦᠭᠡ ᠰᠠᠨᠠᠭ᠎ᠠ ᠪᠣᠯᠳᠠᠭ ᠪᠠᠶᠢᠯ᠎ᠠ᠃ ᠭᠡᠪᠡᠴᠦ ᠲᠡᠷᠡ ᠦᠨᠦᠳᠦᠷ ᠡᠵᠢ ᠶᠢ ᠪᠠᠨ ᠢᠩᠭᠢᠵᠦ ᠭᠤᠮᠤᠳᠠᠭᠠᠭᠰᠠᠨ | ᠪᠠᠶᠢᠯ᠎ᠠ᠃ ᠡᠳᠡᠭᠡᠷ ᠢ ᠪᠤᠳᠤᠭᠰᠠᠨ ᠰᠡᠷᠭᠦᠯᠡᠩ ᠴᠢᠨᠡᠭᠡ ᠮᠡᠳᠡᠨ ᠭᠡᠷ ᠵᠦᠭ ᠢᠶᠠᠨ ᠭᠦᠶᠦᠨ ᠤᠴᠢᠪᠠ᠃ ᠡᠭᠦᠳᠡ ᠶᠢ | ᠲᠥᠯᠬᠢᠨ ᠤᠷᠤᠭᠰᠠᠨ᠂ ᠡᠵᠢ ᠶᠢᠨ ᠬᠠᠪᠤᠳᠤᠭᠰᠠᠨ ᠨᠢᠳᠦ᠂ ᠶᠠᠳᠠᠷᠠᠭᠰᠠᠨ ᠵᠢᠰᠦ ᠶᠢ ᠨᠢ ᠦᠵᠡᠭᠡᠳ᠂ ᠰᠡᠷᠭᠦᠯᠡᠩ | ᠪᠡᠶ᠎ᠡ ᠪᠠᠨ ᠪᠣᠷᠣᠭᠤᠰᠢᠶᠡᠵᠣ ᠪᠠᠶᠢᠪᠠ᠃ | ᠬᠦᠤ ᠪᠠᠨ ᠦᠵᠡᠭᠰᠡᠨ ᠡᠵᠢ ᠨᠢ ᠦᠪᠡᠷ ᠤᠨ ᠰᠠᠭᠠᠷᠢ ᠲᠠᠢ ᠭᠠᠷ ᠢᠶᠠᠷ ᠢᠶᠠᠨ ᠬᠤᠷᠳᠣᠨ ᠭᠡᠭᠴᠢ | ᠨᠢᠯᠪᠣᠰᠣ ᠪᠠᠨ ᠵᠦᠯᠭᠦᠵᠣ᠄ | ︽ᠬᠦᠤ ᠮᠢᠨᠢ᠂ ᠦᠯᠣᠰᠣᠭ᠍ᠰᠡᠨ ᠪᠠᠶᠢᠯᠭᠦᠢ︕ ᠡᠵᠢ ᠨᠢ ᠬᠤᠭᠤᠯᠠ ᠪᠠᠵᠠᠭᠠᠬᠤ ᠪᠠᠷ ᠶᠡᠪᠣᠶᠡ︕︾ ᠭᠡᠵᠣ | ᠲᠣᠭᠤᠭᠠᠨ ᠭᠡᠷ ᠵᠦᠭ ᠠᠯᠬᠤᠬᠤ ᠳᠤ ᠰᠡᠷᠭᠦᠯᠡᠩ ᠬᠦᠤ᠄ | ︽ᠡᠵᠢ ᠡ᠂ ᠣᠰᠣᠯ ᠪᠣᠯᠣᠯ᠎ᠠ᠂ ᠪᠢ ᠲᠠᠬᠢᠭᠠᠣᠨ ᠢᠡᠭᠬᠢᠵᠣ ᠳᠦᠭᠦᠬᠡ ᠦᠭᠡᠢ ᠠᠭᠠᠰᠢᠯᠠᠬᠤ ᠦᠭᠡᠢ︾ | ᠭᠡᠵᠣ ᠡᠵᠢ ᠪᠠᠨ ᠲᠡᠪᠡᠷᠢᠨ ᠠᠪᠣᠪᠠ᠃ ᠡᠵᠢ ᠨᠢ ᠴᠣ᠋ ᠬᠦᠤ ᠪᠠᠨ ᠡᠩᠬᠦᠷᠠᠶᠢᠯᠡᠨ ᠲᠡᠪᠡᠷᠢᠵᠣ᠂ ᠰᠠᠶ᠋ᠢ ᠶᠢᠨ ᠣᠬᠠᠭᠠᠨ | ᠦᠭᠡᠢ ᠬᠦᠤ ᠶᠢᠨ ᠪᠠᠷ᠎ᠠ ᠠᠯᠠᠭ᠎ᠠ ᠪᠣᠯᠣᠡᠡᠰᠡᠨ ᠪᠠᠶᠢᠨ᠎ᠠ᠃ | ᠡᠨᠡ ᠦᠶ᠎ᠡ ᠳᠤ ᠰᠡᠷᠭᠦᠯᠡᠩ ᠬᠦᠤ ᠰᠠᠶ᠋ᠢ ᠣᠬᠠᠭᠠᠷᠡᠵᠣ ᠡᠵᠢ ᠶᠢᠨ ᠡᠩᠭᠡᠷ ᠲᠤ ᠬᠠᠮᠤᠭ ᠤᠨ ᠭᠤᠶᠣ | ᠰᠣᠯᠣᠩᠭ᠎ᠠ ᠪᠠᠶᠢᠵᠣ᠂ ᠡᠵᠢ ᠶᠢᠨ ᠢᠶᠠᠨ ᠬᠠᠶᠢᠷ᠎ᠠ ᠶᠢᠨ ᠰᠣᠯᠣᠩᠭ᠎ᠠ ᠲᠣᠣᠷ᠎ᠡ ᠦᠰᠣᠭ᠍ᠰᠡᠨ ᠵᠢᠷᠭᠠᠯᠳᠠᠢ ᠬᠦᠤ | ᠭᠡᠳᠡᠭ ᠢᠶᠠᠨ ᠮᠡᠳᠡᠷᠡᠵᠦ ᠪᠢᠯᠡ︕ | ᠴᠢᠪᠠᠭ᠎ᠠ ᠲᠠᠪᠤᠳᠤᠭᠠᠷ ᠳᠤᠮᠳᠠᠳᠣ ᠰᠤᠷᠭᠠᠭᠤᠯᠢ ᠶᠢᠨ | 7.5 ᠳ᠋ᠤᠭᠠᠷ ᠠᠩᠭᠢ ᠶᠢᠨ ᠠᠰᠤᠷᠢ | | |