| | | | | | 5 ᠰᠠᠷ᠎ᠠ ᠶᠢᠨ 11 ᠤ ᠡᠳᠦᠷ᠂ ᠭᠠᠷᠠᠭ ᠤᠨ ᠨᠢᠭᠡᠨ ᠤ ᠵᠠᠪᠰᠠᠷᠯᠠᠭ᠎ᠠ ᠶᠢᠨ ᠲᠠᠮᠢᠷ ᠤᠨ ᠴᠠᠭ ᠴᠢᠪᠠᠭ᠎ᠠ | ᠮᠣᠩᠭᠤᠯ ᠦᠨᠳᠦᠰᠦᠲᠡᠨ ᠤ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠬᠦᠷᠢᠶ᠎ᠡ ᠤᠯᠤᠰ ᠤᠨ ᠲᠤᠭ ᠤᠨ | ᠤᠯᠠᠯᠵᠠᠬᠤ ᠨᠠᠮᠢᠷᠠᠭ᠎ᠠ ᠲᠠᠢ ᠣᠨᠴᠠ ᠶᠢᠨ ᠭᠤᠶᠤᠮᠰᠤᠭ᠂ ᠡᠬᠡ ᠤᠯᠤᠰ ᠢᠶᠠᠨ ᠬᠠᠶᠢᠷᠠᠯᠠᠬᠤ ᠤᠷᠠᠢ ᠳᠠᠭᠤᠨ ᠢᠶᠠᠷ | ᠪᠢᠯᠬᠠᠮ᠎ᠠ ᠪᠠᠶᠢᠯ᠎ᠠ᠃ ᠰᠤᠷᠭᠠᠭᠤᠯᠢ ᠶᠢᠨ ᠪᠦᠬᠦ ᠪᠠᠭᠰᠢ ᠰᠤᠷᠤᠭᠴᠢᠳ ᠲᠡᠷᠯᠢᠭ ᠢᠶᠠᠷ ᠢᠶᠠᠨ ᠭᠤᠶᠤᠵᠤ᠂ ᠬᠦᠮᠦᠨ | ᠪᠦᠷᠢ ᠵᠢᠵᠢᠭ ᠤᠯᠤᠰ ᠤᠨ ᠲᠤᠭ ᠠᠳᠬᠤᠨ᠂ ᠡᠬᠡ ᠤᠯᠤᠰ ᠢᠶᠠᠨ ᠨᠡᠩ ᠢᠯᠡᠭᠦᠤ ᠬᠠᠶᠢᠷᠠᠯᠠᠬᠤ ᠣᠷᠭᠢᠯᠤᠮ᠎ᠠ | ᠬᠠᠯᠠᠭᠤᠨ ᠰᠡᠳᠬᠢᠯ ᠢ ᠡᠪᠦᠷᠯᠡᠨ᠂ ᠠᠯᠠᠭ ᠬᠤᠶᠠᠷ ᠨᠢᠳᠤᠨ ᠳᠤ ᠪᠠᠨ ᠢᠳᠡᠭᠡᠯ ᠤᠨ ᠭᠡᠭᠡ ᠲᠠᠲᠠᠭᠤᠯᠤᠨ ᠰᠤᠷᠭᠠᠭᠤᠯᠢ | ᠴᠣᠭᠯᠠᠭᠰᠠᠨ ᠠᠩᠬᠠᠳᠤᠭᠠᠷ ᠤᠳᠠᠭᠠᠨ ᠤ ᠲᠤᠭ ᠮᠠᠨᠳᠤᠭᠤᠯᠬᠤ ᠶᠤᠰᠤᠯᠠᠯ ᠢᠶᠠᠨ ᠶᠠᠪᠤᠭᠳᠠᠭᠤᠯᠵᠤ ᠪᠢᠯᠡ᠃ | | | | | | | | | | | ᠰᠤᠷᠭᠠᠭᠤᠯᠢ ᠶᠢᠨ ᠨᠠᠮ ᠤᠨ ᠡᠭᠦᠷ ᠤᠨ ᠱᠦᠵᠢ᠂ ᠰᠤᠷᠭᠠᠭᠤᠯᠢ ᠶᠢᠨ ᠵᠠᠬᠢᠷᠤᠯ ᠰᠡᠴᠡᠨᠪᠠᠲᠤ ᠪᠠᠭᠰᠢ ᠠᠴᠠ | ᠤᠯᠤᠰ ᠤᠨ ᠲᠤᠭ ᠢ ᠦᠨᠳᠦᠷ ᠮᠠᠨᠳᠤᠭᠤᠯᠵᠤ᠂ ︽ᠡᠪ ᠬᠠᠮᠲᠤ ᠨᠠᠮ ᠢᠶᠠᠨ ᠬᠦᠷᠢᠶᠡᠯᠡᠵᠦ᠂ ᠡᠬᠡ ᠤᠯᠤᠰ ᠢᠶᠠᠨ | ᠬᠠᠶᠢᠷᠠᠯᠠᠵᠤ᠂ ᠳᠤᠮᠳᠠᠳᠤ ᠤᠯᠤᠰ ᠤᠨ ᠬᠦᠭᠵᠢᠯᠲᠡ ᠳᠤ ᠬᠦᠮᠦᠨ ᠪᠦᠬᠦᠨ ᠬᠦᠴᠦᠨ ᠵᠢᠳᠭᠦᠯ ᠢᠶᠠᠨ ᠡᠷᠭᠦᠶ᠎ᠡ︾ ᠭᠡᠬᠦ | ᠰᠡᠳᠦᠪ ᠢᠶᠠᠷ ᠲᠤᠭ ᠤᠨ ᠳᠣᠤᠷᠠᠬᠢ ᠶᠠᠷᠢᠶ᠎ᠠ ᠬᠢᠵᠦ᠂ ᠪᠦᠬᠦ ᠪᠠᠭᠰᠢ ᠰᠣᠷᠤᠭᠴᠢᠳ ᠲᠤ ᠡᠬᠡ ᠤᠯᠤᠰ ᠢᠶᠠᠨ | ᠬᠠᠶᠢᠷᠠᠯᠠᠬᠤ᠂ ᠡᠪ ᠬᠠᠮᠲᠤ ᠨᠠᠮ ᠢᠶᠠᠨ ᠬᠦᠷᠢᠶᠡᠯᠡᠬᠦ ᠬᠦᠮᠦᠵᠢᠯ ᠬᠢᠵᠦ᠂ ᠨᠠᠮ ᠤᠨ ᠵᠣᠬᠢᠶᠠᠨ ᠪᠠᠶᠢᠭᠤᠯᠤᠯᠲᠠ ᠪᠠ ᠵᠦᠪ | ᠣᠨᠤᠪᠴᠢᠲᠠᠢ ᠵᠢᠯᠤᠭᠤᠳᠤᠯᠭ᠎ᠠ ᠶᠢ ᠳᠠᠭᠠᠵᠤ ᠡᠳᠦᠷ ᠠᠴᠠ ᠡᠳᠦᠷ ᠠᠬᠢᠯᠲᠠ ᠳᠠᠪᠰᠢᠯᠲᠠ ᠲᠠᠢ᠂ ᠰᠢᠨ᠎ᠡ ᠡᠭᠦᠳᠦᠯᠲᠡ | ᠲᠠᠢ ᠪᠠᠶᠢᠬᠤ ᠶᠢ ᠬᠦᠰᠡᠨ ᠱᠠᠭᠠᠷᠳᠠᠭᠰᠠᠨ ᠪᠠᠶᠢᠨ᠎ᠠ᠃ ᠮᠦᠨ ᠲᠤᠰ ᠤᠳᠠᠭᠠᠨ ᠤ ᠠᠵᠢᠯᠯᠠᠭᠠᠨ ᠢᠶᠠᠷ ᠳᠠᠮᠵᠢᠨ ᠪᠠᠭᠰᠢ | ᠰᠤᠷᠤᠭᠴᠢᠳ ᠤᠨ ᠢᠶᠠᠨ ᠤᠯᠤᠰ ᠢᠶᠠᠨ ᠬᠠᠶᠢᠷᠠᠯᠠᠬᠤ ᠦᠵᠡᠯ ᠲᠠᠨᠢᠯᠲᠠ ᠶᠢ ᠤᠯᠠᠮ ᠨᠢᠭᠡ ᠠᠯᠬᠤᠮ | ᠳᠡᠭᠡᠭᠰᠢᠯᠡᠭᠦᠯᠦᠭᠰᠡᠨ ᠪᠠᠶᠢᠨ᠎ᠠ᠃ | | ᠴᠢᠪᠠᠭ᠎ᠠ ᠮᠣᠩᠭᠤᠯ ᠦᠨᠳᠦᠰᠦᠲᠡᠨ ᠤ ᠲᠤᠷᠰᠢᠯᠲᠠ ᠶᠢᠨ | ᠪᠠᠭ᠎ᠠ ᠰᠤᠷᠭᠠᠭᠤᠯᠢ ᠶᠢᠨ ᠪᠠᠭᠠᠲᠤᠷ ᠮᠡᠳᠡᠭᠡᠯᠡᠪᠡ | | |