| | ᠡᠷᠡᠭᠦᠯ ᠡᠩᠭᠡ ᠶᠢᠨ ᠡᠯᠴᠢ | ᠴᠢᠪᠠᠭ᠎ᠠ ᠮᠤᠩᠭᠤᠯ ᠦᠨᠳᠦᠰᠦᠳᠡᠨ ᠤ | ᠲᠤᠷᠰᠢᠯᠳᠠ ᠶᠢᠨ ᠪᠠᠭ᠎ᠠ ᠰᠤᠷᠭᠠᠭᠤᠯᠢ | 3.3 ᠵᠤᠨ᠎ᠠ | | ᠡᠭᠦᠷᠭᠡ ᠬᠠᠷᠢᠭᠤᠴᠠᠯᠭ᠎ᠠ ᠶᠢᠨ ᠢᠶᠠᠨ ᠲᠦᠯᠦᠭᠡ | ᠴᠢᠷᠮᠠᠶᠢᠨ ᠵᠢᠳᠭᠦᠵᠦ ᠪᠠᠶᠢᠭ᠎ᠠ ᠡᠮᠴᠢ ᠭᠦᠮᠦᠨ | ᠡᠪᠡᠳᠴᠢᠨ ᠬᠢᠵᠢᠭ ᠢ ᠠᠷᠢᠯᠭᠠᠬᠤ ᠶᠢᠨ ᠲᠦᠯᠦᠭᠡ | ᠤᠷᠤᠭᠰᠢ ᠲᠡᠮᠡᠴᠡᠵᠦ ᠪᠠᠶᠢᠭ᠎ᠠ ᠡᠮᠴᠢ ᠭᠦᠮᠦᠨ | ᠡᠭᠡ ᠤᠷᠤᠨ ᠤ ᠪᠠᠨ ᠲᠦᠯᠦᠭᠡ | ᠬᠠᠳᠠᠨ ᠵᠣᠷᠢᠭ ᠲᠠᠢ ᠴᠢᠷᠮᠠᠶᠢᠳᠠᠭ ᠡᠮᠴᠢ ᠭᠦᠮᠦᠨ | ᠡᠯᠢᠭᠡ ᠨᠢᠭᠡᠳᠡᠨ ᠢᠶᠠᠨ ᠠᠪᠤᠷᠠᠬᠤ ᠶᠢᠨ ᠲᠦᠯᠦᠭᠡ | ᠡᠳᠦᠷ ᠰᠦᠨᠢ ᠦᠭᠡᠢ ᠠᠵᠢᠯᠯᠠᠵᠤ ᠪᠠᠶᠢᠭ᠎ᠠ ᠡᠮᠴᠢ ᠭᠦᠮᠦᠨ | ᠠᠷᠤ ᠭᠡᠷ ᠠᠳᠠᠯ ᠠᠮᠢᠳᠤᠷᠠᠯ ᠢᠶᠠᠨ ᠤᠷᠬᠢᠵᠦ | ᠡᠮᠦᠨ᠎ᠡ ᠹᠷᠤᠨᠲ ᠲᠤ ᠭᠠᠪᠰᠢᠭᠠᠶᠢᠯᠠᠵᠤ ᠪᠠᠶᠢᠭ᠎ᠠ | ᠠᠪᠤᠷᠠᠯ ᠤᠨ ᠲᠡᠭᠷᠢ ᠡᠮᠴᠢ ᠰᠤᠪᠢᠯᠠᠭᠴᠢ ᠳᠤ ᠪᠠᠨ | ᠠᠷᠠᠳ ᠲᠦᠮᠠᠨ ᠴᠢᠨᠢ ᠲᠠᠯᠠᠷᠬᠠᠬᠤ ᠶᠤᠰᠤᠳᠠᠢ | ᠠᠤᠭ᠎ᠠ ᠶᠡᠭᠡ ᠴᠢᠳᠠᠪᠤᠷᠢ ᠲᠠᠢ | ᠡᠮᠴᠢ ᠰᠤᠪᠢᠯᠠᠭᠴᠢ ᠨᠠᠷ ᠢᠶᠠᠨ ᠵᠤᠷᠢᠭᠵᠢᠭᠤᠯᠬᠤ ᠬᠡᠷᠡᠭᠳᠡᠢ | ᠠᠮᠢ ᠨᠠᠰᠤ ᠪᠠᠷ ᠢᠶᠠᠨ ᠬᠠᠮᠠᠭᠠᠯᠠᠵᠤ ᠪᠠᠶᠢᠭ᠎ᠠ | ᠡᠷᠡᠯᠭᠡ ᠪᠠᠭᠠᠳᠤᠷᠴᠤᠳ ᠢᠶᠠᠨ ᠲᠤᠷᠠᠳᠬᠠᠬᠤ ᠶᠤᠰᠤᠳᠠᠢ | ᠠᠪᠤ ᠡᠵᠢ ᠶᠢᠨ ᠢᠶᠠᠨ ᠬᠠᠶᠢᠷᠠᠳᠤ ᠦᠷ᠎ᠡ ᠨᠢ | ᠡᠭᠡ ᠤᠯᠤᠰ ᠤᠨ ᠢᠶᠠᠨ ᠠᠮᠤᠷ ᠲᠠᠶᠢᠪᠤᠡᠭ ᠢ ᠪᠠᠳᠤᠯᠠᠨ᠎ᠠ | ᠡᠷᠡᠭᠦᠯ ᠡᠩᠬᠡ ᠶᠢᠨ ᠡᠯᠴᠢ ᠪᠤᠯᠤᠭᠰᠠᠨ ᠡᠮᠴᠢ ᠨᠠᠷ | ᠡᠪᠡᠳᠴᠢᠨ ᠡᠮᠬᠡᠭ ᠢ ᠠᠷᠢᠯᠭᠠᠨ ᠤᠰᠠᠳᠬᠠᠨ᠎ᠠ ᠃ | | ᠴᠣᠬᠤᠯᠠᠪᠤᠷᠢ᠄ ᠡᠯᠢᠭᠡ ᠨᠢᠭᠡᠳᠡᠨ ᠢᠶᠠᠨ ᠬᠢᠵᠢᠭ ᠠᠴᠠ ᠠᠪᠤᠷᠠᠬᠤ ᠶᠢᠨ ᠲᠦᠯᠦᠭᠡ ᠡᠳᠦᠷ ᠰᠦᠨᠢ ᠦᠭᠡᠢ | ᠠᠵᠢᠯᠯᠠᠵᠤ ᠪᠠᠶᠢᠭ᠎ᠠ ᠡᠮᠴᠢ ᠰᠤᠪᠢᠯᠠᠭᠴᠢ ᠪᠠᠨ ︽ᠡᠷᠡᠭᠦᠯ ᠡᠩᠬᠡ ᠶᠢᠨ ᠡᠯᠴᠢ︾ ᠬᠡᠵᠦ ᠵᠦᠢᠷᠯᠡᠨ ᠰᠢᠯᠦᠭᠯᠡᠵᠦ | ᠨᠠᠶᠢᠳᠠ ᠤᠯᠠᠨ ᠤ ᠪᠠᠨ ᠰᠡᠳᠬᠢᠯ ᠤᠨ ᠳᠠᠭᠤᠤ ᠶᠢ ᠴᠤᠤᠷᠢᠶᠠᠳᠤᠭᠤᠯᠤᠭᠰᠠᠨ ᠰᠢᠯᠦᠭ ᠪᠣᠯᠤᠯ᠎ᠠ᠃ | ᠵᠢᠯᠤᠭᠤᠳᠤᠭᠰᠠᠨ ᠪᠠᠭᠰᠢ᠄ ᠰᠠᠷᠠᠩᠭᠤᠸ᠎ᠠ | |