| | | ᠬᠠᠯᠳᠠᠪᠤᠷᠢᠳᠦ ᠬᠢᠵᠢᠭ ᠤᠨ ᠬᠤᠤᠷ ᠬᠦᠨᠦᠭᠡᠯ | ᠴᠢᠪᠠᠭ᠎ᠠ ᠮᠤᠩᠭᠤᠯ ᠦᠨᠳᠦᠰᠦᠳᠡᠨ ᠤ | ᠲᠤᠷᠰᠢᠯᠳᠠ ᠶᠢᠨ ᠪᠠᠭ᠎ᠠ ᠰᠤᠷᠭᠠᠭᠤᠯᠢ ᠶᠢᠨ | 3.3 ᠳ᠋ᠤᠭᠠᠷ ᠠᠩᠭᠢ ᠶᠢᠨ ᠶᠢᠨ ᠰᠢᠤᠸᠠᠢ | | ᠬᠤᠪᠳᠤᠭ ᠰᠢᠨᠤᠯ ᠤᠨ ᠴᠠᠯᠭᠠᠶᠢᠳᠠᠯ ᠢᠶᠠᠷ | ᠬᠤᠪᠢ ᠪᠠ ᠪᠤᠰᠤᠳ ᠲᠤ ᠲᠦᠭᠰᠢᠭᠦᠷᠢ ᠠᠪᠴᠢᠷᠠᠵᠤ | ᠡᠪᠡᠳᠴᠢᠨ ᠬᠢᠵᠢᠭ ᠤᠨ ᠲᠠᠷᠴᠢᠯᠭᠠᠯ ᠵᠤᠪᠠᠨᠢᠯ ᠢᠶᠠᠷ | ᠡᠷᠡᠭᠦᠯ ᠡᠩᠭᠡ ᠶᠢᠨ ᠰᠠᠶᠢᠬᠠᠨ ᠢ ᠰᠠᠨᠠᠭᠤᠯᠤᠭᠰᠠᠨ | ᠰᠠᠷᠢᠰᠤᠨ ᠪᠠᠭᠪᠠᠭ᠋ᠠᠢ ᠶᠢ ᠭᠦᠨᠦᠭᠡᠭᠰᠡᠨ ᠠᠴᠠ | ᠰᠡᠷᠡᠮᠵᠢ ᠶᠢᠨ ᠲᠤᠭᠢᠶ᠎ᠠ ᠦᠭᠴᠠᠢ ᠭᠦᠮᠦᠰ ᠲᠤ | ᠭᠦᠮᠦᠨ ᠪᠠ ᠪᠠᠶᠢᠭᠠᠯᠢ ᠵᠤᠬᠢᠴᠠᠯ ᠢᠶᠠᠨ ᠠᠯᠳᠠᠭᠰᠠᠨ ᠠᠴᠠ | ᠭᠦᠨᠳᠦ ᠨᠤᠴᠢᠳᠠᠢ ᠬᠤᠬᠢᠷᠠᠯ ᠢ ᠲᠠᠨᠢᠭᠤᠯᠵᠠᠢ ᠭᠦᠮᠦᠰ ᠲᠤ | ᠠᠳᠠᠭ ᠤᠨ ᠮᠠᠭᠤ ᠬᠢᠵᠢᠭ ᠦᠷᠪᠢᠰᠦᠯ | ᠠᠷᠠᠳ ᠲᠦᠮᠠᠨ ᠳᠤ ᠬᠠᠯᠳᠠᠪᠤᠷᠢᠯᠠᠨ ᠲᠡᠪᠵᠢᠶᠡᠷᠡᠭᠦᠯᠵᠠᠢ | ᠠᠭᠤᠷ ᠠᠮᠢᠰᠬᠤᠯ ᠤᠨ ᠴᠡᠪᠡᠷᠰᠢᠯ ᠢ ᠤᠬᠠᠭᠤᠯᠵᠤ | ᠠᠷᠢᠭᠤᠨ ᠴᠡᠪᠡᠷ ᠤᠨ ᠴᠢᠬᠤᠯᠠ ᠶᠢ ᠰᠤᠷᠳᠠᠯᠴᠢᠯᠠᠵᠠᠢ | ᠡᠪᠡᠳᠴᠢᠨ ᠠᠷᠬᠠᠭ ᠤᠨ ᠤᠷᠰᠢᠭ ᠢᠶᠠᠷ | ᠬᠤᠷᠢᠭ᠎ᠠ ᠮᠠᠨᠠᠭ᠎ᠠ ᠲᠠᠢ ᠪᠤᠯᠵᠠᠢ ᠭᠦᠮᠤᠰ ᠲᠤ | ᠬᠤᠷᠢᠭᠳᠠᠵᠤ ᠭᠠᠴᠢᠭᠳᠠᠬᠤ ᠶᠢᠨ ᠤᠶᠢᠳᠬᠠᠷ ᠪᠤᠬᠢᠨᠢᠳᠤᠯ ᠢᠶᠠᠷ | ᠡᠷᠭᠡ ᠴᠢᠯᠦᠭᠡ ᠶᠢᠨ ᠦᠨ᠎ᠡ ᠦᠷᠳᠡᠭ ᠢ ᠮᠡᠳᠡᠭᠦᠯᠵᠠᠢ ᠭᠦᠮᠦᠰ ᠲᠤ | ᠤᠳᠤᠭ᠎ᠠ ᠦᠭᠡᠢ ᠲᠠᠶᠢᠨ ᠤ ᠲᠠᠯᠠᠪᠤᠷ ᠲᠤ | ᠦᠭᠦᠵᠦ ᠰᠡᠭᠡᠬᠦ ᠶᠢᠨ ᠲᠡᠷᠢᠭᠦᠨ ᠡᠩᠨᠡᠭᠡᠨ ᠳᠤ | ᠲᠠᠶᠢᠴᠢᠨ ᠪᠠᠭᠠᠳᠤᠷᠴᠤᠳ ᠭᠠᠪᠰᠢᠭᠠᠶᠢᠯᠠᠨ ᠲᠡᠮᠡᠴᠡᠨ᠎ᠡ | ᠲᠠᠷᠬᠠᠨ ᠨᠠᠮ ᠤᠨ ᠠᠭᠤᠤ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠎ᠠ | ᠬᠠᠯᠳᠠᠪᠤᠷᠢᠳᠦ ᠬᠢᠵᠢᠭ ᠤᠨ ᠬᠤᠤᠷ ᠭᠦᠨᠦᠭᠡᠯ ᠢ | ᠬᠠᠮᠳᠤ ᠤᠯᠠᠨ ᠢᠶᠠᠷ ᠢᠶᠠᠨ ᠮᠡᠳᠡᠵᠡᠭᠡᠯᠡ | ᠬᠠᠷᠠᠰᠠᠯᠳᠤ ᠭᠡᠷᠡᠭ ᠭᠠᠷᠭᠠᠬᠤ ᠦᠬᠡᠢ ᠪᠠᠷ | ᠬᠠᠮᠤᠭ ᠠᠮᠢᠳᠠᠨ ᠢᠶᠠᠨ ᠬᠠᠶᠢᠷᠠᠯᠠᠵᠠᠭᠠᠶᠠ︕ | ᠠᠷᠠᠳ ᠲᠦᠮᠡᠨ ᠠᠤᠭ᠎ᠠ ᠵᠤᠷᠢᠭ ᠭᠦᠪᠴᠢᠯᠡᠵᠦ | ᠠᠶᠤᠯᠳᠤ ᠬᠢᠵᠢᠭ ᠢ ᠰᠡᠷᠭᠡᠶᠢᠯᠠᠨ ᠬᠢᠵᠠᠭᠠᠷᠯᠠᠵᠤ | ᠠᠷᠭ᠎ᠠ ᠬᠡᠮᠵᠢᠶ᠎ᠠ ᠪᠠᠨ ᠪᠤᠳᠠᠳᠠᠶᠢᠵᠢᠭᠤᠯᠤᠨ ᠨᠠᠷᠢᠯᠢᠭᠵᠢᠭᠤᠯᠵᠤ | ᠠᠭᠤᠰᠬᠢᠨ ᠦᠷᠪᠢᠰᠦᠯ ᠢ ᠲᠤᠭᠤᠰᠢᠲᠠᠢ ᠦᠯᠳᠡᠭᠡᠨ ᠠᠷᠢᠯᠭᠠᠰᠤᠭᠠᠢ︕ | | ᠴᠤᠬᠤᠯᠠᠪᠤᠷᠢ᠄ ᠬᠠᠯᠳᠠᠪᠤᠷᠢᠳᠦ ᠬᠢᠵᠢᠭ ᠤᠨ ᠡᠭᠦᠰᠦᠭᠰᠡᠨ ᠰᠢᠯᠳᠠᠭᠠᠨ᠂ ᠭᠦᠮᠦᠰ ᠲᠤ ᠤᠴᠠᠷᠠᠭᠤᠯᠤᠭᠰᠠᠨ | ᠬᠤᠤᠷ ᠬᠦᠨᠦᠭᠡᠯ ᠢ ᠦᠨᠡᠨ ᠮᠦᠨ ᠢᠶᠠᠷ ᠨᠢ ᠰᠢᠯᠦᠭᠯᠡᠵᠤ᠂ ᠪᠦᠬᠦ ᠤᠯᠤᠰ ᠤᠨ ᠠᠷᠠᠳ ᠲᠦᠮᠠᠨ ᠰᠠᠳᠬᠢᠯ ᠨᠢᠭᠡᠳᠦᠨ | ᠰᠡᠷᠭᠡᠶᠢᠯᠠᠨ ᠬᠢᠵᠠᠭᠠᠷᠯᠠᠬᠤ ᠶᠢ ᠤᠷᠢᠶᠠᠯᠠᠭᠰᠠᠨ ᠪᠠᠶᠢᠨ᠎ᠠ᠃ | ᠵᠢᠯᠤᠭᠤᠳᠤᠭᠰᠠᠨ ᠪᠠᠭᠰᠢ᠄ ᠰᠠᠷᠠᠩᠭᠤᠸ᠎ᠠ | | |