ᠪᠠᠭᠰᠢ ᠨᠠᠷ ᠤᠨ ᠵᠢᠭᠠᠨ ᠰᠤᠷᠭᠠᠬᠤ ᠣᠨᠤᠯ᠂ ᠲᠤᠬᠠᠶᠢᠯᠠᠭᠰᠠᠨ ᠠᠵᠢᠯ ᠤᠨ ᠬᠢᠷᠢ ᠲᠦᠪᠰᠢᠨ᠂ ᠡᠭᠦᠳᠦᠨ | ᠪᠦᠳᠦᠭᠡᠬᠦ ᠴᠢᠳᠠᠪᠦᠷᠢ ᠶᠢ ᠪᠦᠬᠦ ᠲᠠᠯ᠎ᠠ ᠪᠠᠷ ᠲᠡᠭᠡᠭᠰᠢᠯᠡᠭᠦᠯᠦᠨ ᠡᠷᠳᠡᠮ ᠴᠢᠳᠠᠪᠦᠷᠢ ᠬᠤᠣᠰᠯᠠᠭᠰᠠᠨ ᠪᠠᠭᠰᠢ ᠶᠢᠨ | ᠡᠩᠨᠡᠭᠡ ᠶᠢ ᠪᠠᠶᠢᠭᠤᠯᠬᠤ ᠶᠢᠨ ᠲᠥᠯᠥᠭᠡ ᠠᠷᠤ ᠬᠤᠷᠴᠢᠨ ᠬᠤᠰᠢᠭᠤᠨ ᠤ ᠬᠠᠨ ᠠᠭᠤᠯᠠ ᠪᠠᠭ᠎ᠠ ᠰᠤᠷᠭᠠᠭᠤᠯᠢ ᠨᠢ | ᠲᠤᠰᠬᠠᠢ ᠮᠡᠷᠭᠡᠵᠢᠯᠲᠡᠳ ᠢ ᠤᠷᠢᠵᠤ ᠪᠠᠭᠰᠢ ᠨᠠᠷ ᠲᠤ ᠪᠠᠨ ᠰᠡᠳᠭᠢᠴᠡ ᠡᠷᠡᠭᠦᠯ ᠮᠡᠨᠳᠦ ᠪᠠ ᠲᠤᠬᠠᠶᠢᠯᠠᠭᠰᠠᠨ | ᠠᠵᠢᠯ ᠤᠨ ᠪᠣᠯᠪᠠᠰᠤᠷᠠᠯ ᠬᠦᠷᠲᠡᠭᠡᠪᠡ᠃ | | | | | | | | | 2020 ᠣᠨ ᠤ 5 ᠰᠠᠷ᠎ᠠ ᠶᠢᠨ 28 ᠤ ᠡᠳᠦᠷ ᠰᠡᠳᠭᠢᠴᠡ ᠵᠥᠢ ᠶᠢ ᠰᠣᠷᠴᠦ ᠰᠣᠳᠤᠯᠵᠣ ᠪᠠᠶᠢᠭ᠎ᠠ ᠬᠠᠨ | ᠠᠭᠤᠯᠠ ᠪᠠᠭ᠎ᠠ ᠰᠣᠷᠭᠠᠭᠤᠯᠢ ᠶᠢᠨ ᠶᠢᠨ ᠬᠤᠸᠠ ᠪᠠᠭᠰᠢ ᠶᠢ ᠤᠷᠢᠵᠤ ᠪᠦᠬᠦ ᠪᠠᠭᠰᠢ ᠨᠠᠷ ᠲᠤ ᠪᠠᠨ ᠰᠡᠳᠭᠢᠴᠡ ᠶᠢᠨ | ᠡᠷᠡᠭᠦᠯ ᠮᠡᠨᠳᠦ ᠶᠢᠨ ᠬᠢᠴᠢᠶᠡᠯ ᠣᠷᠤᠭᠤᠯᠤᠭᠰᠠᠨ ᠪᠠᠶᠢᠨ᠎ᠠ᠃ ᠶᠢᠨ ᠬᠤᠸᠠ ᠪᠠᠭᠰᠢ ᠠᠴᠠ ︽ᠪᠠᠶᠠᠷ ᠪᠠᠶᠠᠰᠣᠯ ᠢᠶᠠᠷ | ᠪᠢᠯᠬᠠᠭᠰᠠᠨ ᠰᠤᠷᠭᠠᠭᠤᠯᠢ ᠶᠢᠨ ᠬᠦᠷᠢᠶ᠎ᠡ ᠶᠢ ᠴᠤᠭᠴᠠᠯᠠᠨ ᠪᠠᠶᠢᠭᠤᠯᠤᠶ᠎ᠠ︾ ᠭᠡᠬᠦ ᠭᠠᠷᠴᠠᠭ ᠢᠶᠠᠷ ᠰᠡᠳᠭᠢᠴᠡ | ᠬᠦᠮᠦᠵᠢᠯ ᠤᠨ ᠬᠠᠷᠠᠭᠠᠰᠤ ᠪᠠᠷ ᠰᠤᠷᠤᠭᠴᠢ ᠬᠦᠮᠦᠵᠢᠭᠦᠯᠬᠦ ᠤᠷ᠎ᠠ ᠳᠡᠮ᠂ ᠦᠪᠡᠷ ᠤᠨ ᠦᠩᠭᠡᠷᠡᠯᠲᠡ ᠲᠠᠢ ᠪᠠᠨ | ᠬᠤᠯᠪᠤᠭᠳᠠᠭᠤᠯᠤᠨ ᠬᠦᠮᠦᠨ ᠪᠣᠯᠭᠠᠨ ᠬᠤᠪᠢ ᠪᠡᠶ᠎ᠡ ᠶᠢᠨ ᠡᠷᠡᠭᠦᠯ ᠮᠡᠨᠳᠦ ᠶᠢ ᠴᠢᠬᠤᠯᠠᠴᠢᠯᠠᠬᠤ᠂ ᠵᠥᠪ ᠦᠵᠡᠯ᠂ | ᠵᠥᠪ ᠡᠨᠧᠷᠭᠢ ᠶᠢ ᠪᠣᠢ ᠪᠣᠯᠭᠠᠵᠦ᠂ ᠠᠵᠢᠯ ᠦᠢᠯᠡᠰ ᠢᠶᠠᠨ ᠲᠡᠭᠡᠳᠦᠯᠡᠨ᠂ ᠡᠩᠭᠦᠷᠡᠢ ᠬᠡᠣᠬᠡᠳ ᠤᠳ ᠢᠶᠠᠨ | ᠬᠠᠶᠢᠷᠠᠯᠠᠬᠤ ᠶᠢ ᠤᠷᠢᠶᠠᠯᠠᠨ ᠲᠠᠶᠢᠴᠢᠯᠠᠭᠰᠠᠨ ᠪᠠᠶᠢᠨ᠎ᠠ᠃ ᠪᠠᠭ᠎ᠠ ᠠᠴᠠ ᠪᠠᠨ ᠪᠣᠰᠤᠳ ᠢ ᠬᠠᠪᠰᠣᠷᠬᠤ ᠲᠤᠷᠠᠲᠠᠢ᠂ | ᠰᠡᠳᠭᠢᠴᠡ ᠶᠢᠨ ᠵᠥᠢ ᠳᠤ ᠳᠤᠷ᠎ᠠ ᠰᠣᠨᠢᠷᠬᠠᠯ ᠲᠠᠢ ᠪᠠᠶᠢᠳᠠᠭ ᠶᠢᠨ ᠬᠤᠸᠠ ᠪᠠᠭᠰᠢ ᠶᠡᠭᠡ ᠰᠤᠷᠭᠠᠭᠤᠯᠢ ᠳᠤ ᠪᠠᠨ | ᠰᠡᠳᠭᠢᠴᠡ ᠵᠥᠢ ᠶᠢᠨ ᠲᠤᠰᠬᠠᠢ ᠮᠡᠷᠭᠡᠵᠢᠯ ᠰᠣᠷᠤᠭᠰᠠᠨ ᠢᠶᠠᠷ ᠪᠠᠷᠠᠬᠤ ᠦᠭᠡᠢ ᠶᠠᠫᠤᠨ ᠭᠦᠷᠦᠨ ᠳᠤ ᠬᠦᠷᠴᠦ | ᠰᠡᠳᠭᠢᠴᠡ ᠶᠢᠨ ᠵᠥᠢ ᠶᠢᠨ ᠮᠡᠳᠡᠯᠭᠡ ᠮᠡᠳᠡᠴᠡ ᠪᠠᠨ ᠤᠯᠠᠮ ᠭᠦᠨᠵᠡᠭᠡᠶᠢᠷᠡᠭᠦᠯᠦᠨ ᠰᠣᠷᠴᠤ᠂ ᠣᠳᠤ ᠤᠯᠤᠰ ᠤᠨ | ᠬᠤᠶᠠᠳᠤᠭᠠᠷ ᠲᠡᠰ ᠤᠨ ᠰᠡᠳᠭᠢᠴᠡ ᠵᠥᠪᠯᠡᠭᠴᠢ ᠪᠤᠣ ᠸᠧᠢ ᠶᠧ ᠪᠠᠭᠰᠢ ᠶᠢ ᠲᠠᠭᠠᠵᠤ ᠰᠡᠳᠭᠢᠴᠡ ᠶᠢᠨ ᠡᠷᠡᠭᠦᠯ | ᠮᠡᠨᠳᠦ ᠶᠢᠨ ᠣᠨᠤᠯ ᠦᠢᠯᠡᠳᠦᠯᠭᠡ ᠶᠢᠨ ᠲᠠᠯ᠎ᠠ ᠪᠠᠷ ᠨᠡᠩ ᠭᠦᠨᠵᠡᠭᠡᠢ ᠰᠣᠳᠤᠯᠵᠣ ᠪᠠᠶᠢᠨ᠎ᠠ᠃ | | | | | | | | | 29 ᠤ ᠡᠳᠦᠷ ᠬᠤᠰᠢᠭᠤᠨ ᠵᠢᠭᠠᠬᠤ ᠶᠢ ᠰᠣᠳᠤᠯᠬᠤ ᠭᠡᠷ ᠤᠨ ᠬᠡᠯᠡ ᠪᠢᠴᠢᠭ ᠤᠨ ᠵᠢᠭᠠᠬᠤ ᠶᠢ | ᠰᠣᠳᠤᠯᠤᠭᠴᠢ ᠵᠢᠷᠭᠠᠯ ᠪᠠᠭᠰᠢ ᠪᠠ ᠵᠢᠷᠤᠭ ᠤᠨ ᠬᠢᠴᠢᠶᠡᠯ ᠤᠨ ᠵᠢᠭᠠᠬᠤ ᠶᠢ ᠰᠣᠳᠤᠯᠤᠭᠴᠢ ᠬᠠᠢ ᠴᠢᠤᠸᠠᠨ | ᠪᠠᠭᠰᠢ ᠶᠢ ᠤᠷᠢᠵᠤ᠂ ᠬᠡᠯᠡ ᠪᠢᠴᠢᠭ ᠤᠨ ᠪᠠᠭᠰᠢ ᠨᠠᠷ᠂ ᠵᠢᠷᠤᠭ᠂ ᠲᠠᠭᠤᠤ᠂ ᠲᠠᠮᠢᠷ ᠤᠨ ᠪᠠᠭᠰᠢ ᠨᠠᠷ ᠲᠤ | ᠲᠤᠬᠠᠶᠢᠯᠠᠭᠰᠠᠨ ᠠᠵᠢᠯ ᠤᠨ ᠪᠣᠯᠪᠠᠰᠣᠷᠠᠯ ᠬᠦᠷᠲᠡᠭᠡᠭᠰᠡᠨ ᠪᠠᠶᠢᠨ᠎ᠠ᠃ ᠪᠣᠯᠪᠠᠰᠣᠷᠠᠯ ᠳᠤ ᠬᠠᠢ ᠪᠠᠭᠰᠢ ᠠᠴᠠ ᠲᠤᠰ | ᠬᠤᠭᠤᠴᠠᠭᠠᠨ ᠤ ᠠᠵᠢᠯ ᠤᠨ ᠭᠤᠤᠯᠳᠠᠯᠭ᠎ᠠ ᠶᠢᠨ ᠲᠤᠭᠤᠷᠢᠨ ᠳᠤ ᠪᠠᠭᠰᠢ ᠨᠠᠷ ᠲᠤ ᠪᠣᠳᠠᠳᠤ ᠱᠠᠭᠠᠷᠳᠠᠯᠭ᠎ᠠ ᠲᠠᠯᠪᠢᠵᠤ᠂ | ᠲᠠᠩᠭᠢᠮ ᠤᠨ ᠵᠢᠭᠠᠨ ᠰᠣᠷᠭᠠᠯᠲᠠ ᠶᠢ ᠰᠢᠯᠢᠳᠡᠭᠵᠢᠭᠦᠯᠵᠦ᠂ ᠬᠢᠴᠢᠶᠡᠯ ᠲᠦᠰᠦᠪᠯᠡᠬᠦ ᠠᠴᠠ ᠵᠢᠭᠠᠨ ᠰᠣᠷᠭᠠᠯᠲᠠ ᠶᠢᠨ | ᠰᠣᠳᠤᠯᠭᠠᠨ ᠬᠢᠬᠦ᠂ ᠪᠦᠲᠦᠭᠡᠯᠴᠢ ᠵᠣᠷᠢᠭ ᠰᠠᠨᠠᠭ᠎ᠠ ᠲᠠᠢ ᠪᠠᠶᠢᠬᠤ ᠲᠤᠬᠠᠢ ᠶᠠᠷᠢᠵᠤ᠂ ᠵᠢᠷᠭᠠᠯ ᠪᠠᠭᠰᠢ ᠠᠴᠠ ︽ᠬᠡᠯᠡ | ᠪᠢᠴᠢᠭ ᠤᠨ ᠪᠠᠭᠰᠢ ᠶᠢᠨ ᠡᠭᠦᠷᠭᠡ ᠬᠠᠷᠢᠭᠤᠴᠠᠯᠭ᠎ᠠ ᠪᠠ ᠥᠩᠭᠡ ᠭᠢᠯᠪᠠᠭ᠎ᠠ︾ ᠭᠡᠬᠦ ᠰᠡᠳᠦᠪ ᠢᠶᠠᠷ ᠶᠠᠷᠢᠶ᠎ᠠ ᠬᠢᠵᠦ᠂ | ᠬᠢᠴᠢᠶᠡᠯ ᠲᠥᠰᠦᠪᠯᠡᠬᠦ᠂ ᠬᠢᠴᠢᠶᠡᠯ ᠣᠷᠤᠬᠤ᠂ ᠬᠢᠴᠢᠶᠡᠯ ᠦᠨᠡᠯᠡᠬᠦ᠂ ᠵᠢᠭᠠᠬᠤ ᠮᠠᠲ᠋ᠧᠷᠢᠶᠠᠯ ᠢ ᠠᠰᠢᠭᠯᠠᠬᠤ᠂ ᠵᠢᠭᠠᠨ | ᠰᠣᠷᠭᠠᠯᠲᠠ ᠶᠢᠨ ᠰᠤᠳᠤᠯᠭᠠᠨ ᠢ ᠨᠠᠷᠢᠯᠢᠭ ᠵᠢᠯᠤᠭᠤᠳᠤᠨ ᠰᠣᠷᠭᠠᠨ ᠬᠦᠮᠦᠵᠢᠯ ᠪᠣᠯ ᠲᠡᠩᠴᠡᠭᠦᠷᠢ ᠶᠢ ᠪᠠᠲᠤᠯᠠᠬᠤ | ᠤᠷᠠᠯᠢᠭ᠂ ᠬᠠᠶᠢᠷ᠎ᠠ ᠠᠴᠠ ᠬᠠᠶᠢᠷ᠎ᠠ ᠳᠤ ᠬᠦᠷᠳᠡᠭ ᠰᠡᠳᠭᠢᠯ ᠤᠨ ᠵᠣᠷᠢᠭᠵᠢᠭᠤᠯᠤᠯ ᠮᠥᠨ ᠭᠡᠵᠦ ᠤᠷᠢᠶᠠᠯᠠᠨ᠂ ᠬᠡᠯᠡ | ᠪᠢᠴᠢᠭ ᠤᠨ ᠪᠠᠭᠰᠢ ᠨᠠᠷ ᠢ ᠡᠬᠡ ᠬᠡᠯᠡᠨ ᠤ ᠡᠴᠦᠰ ᠤᠨ ᠪᠠᠬᠢᠯᠡᠯᠲᠡ ᠶᠢ ᠪᠠᠲᠤ ᠰᠠᠬᠢᠵᠦ᠂ ᠡᠬᠡ ᠬᠡᠯᠡᠨ ᠤ ᠵᠢᠭᠠᠨ | ᠰᠣᠷᠭᠠᠯᠲᠠ ᠶᠢ ᠨᠡᠩ ᠦᠨᠳᠦᠷ ᠲᠦᠪᠰᠢᠨ ᠳᠤ ᠬᠦᠷᠭᠡᠬᠦ ᠬᠡᠷᠡᠭᠲᠡᠢ ᠭᠡᠵᠦ ᠱᠠᠭᠠᠷᠳᠠᠭᠰᠠᠨ ᠪᠠᠶᠢᠨ᠎ᠠ᠃ | | | | | | | | ᠲᠤᠰ ᠤᠳᠠᠭᠠᠨ ᠤ ᠪᠤᠯᠪᠠᠰᠣᠷᠠᠯ ᠨᠢ ᠪᠠᠭᠰᠢ ᠨᠠᠷ ᠤᠨ ᠲᠤᠬᠠᠶᠢᠯᠠᠭᠰᠠᠨ ᠠᠵᠢᠯ ᠤᠨ ᠦᠰᠦᠨ | ᠪᠤᠶᠢᠵᠢᠯᠲᠠ ᠶᠢ ᠲᠦᠷᠭᠡᠳᠭᠡᠵᠦ᠂ ᠰᠢᠨ᠎ᠡ ᠴᠠᠭ ᠥᠶ᠎ᠡ ᠶᠢᠨ ᠪᠠᠭᠰᠢ ᠨᠠᠷ ᠤᠨ ᠵᠢᠭᠠᠨ ᠰᠣᠷᠭᠠᠯᠲᠠ ᠬᠢᠭᠡᠳ ᠬᠦᠮᠦᠡᠯᠢᠭ | ᠬᠦᠮᠦᠵᠢᠯ᠂ ᠵᠢᠭᠠᠨ ᠰᠣᠷᠭᠠᠯᠲᠠ ᠶᠢᠨ ᠬᠦᠭᠵᠢᠯᠲᠡ ᠶᠢᠨ ᠰᠢᠨ᠎ᠡ ᠦᠵᠡᠯ ᠰᠠᠨᠠᠭ᠎ᠠ ᠶᠢ ᠪᠣᠢ ᠪᠤᠯᠭᠠᠭᠰᠠᠨ ᠪᠠᠶᠢᠨ᠎ᠠ᠃ | ︵ᠵᠠᠯᠭᠠᠬᠦᠦ︶ | | |