ᠤᠯᠠᠭᠠᠨᠬᠠᠳᠠ ᠬᠤᠲᠠ ᠶᠢᠨ ᠠᠵᠢᠯᠴᠢᠨ ᠤ ᠶᠡᠷᠦᠩᠬᠡᠢ ᠡᠪᠯᠡᠯ ᠨᠢ ᠠᠷᠤ ᠬᠤᠷᠴᠢᠨ ᠬᠤᠰᠢᠭᠤᠨ ᠤ ᠬᠠᠨ ᠠᠭᠤᠯᠠ ᠪᠠᠭ᠎ᠠ ᠰᠤᠷᠭᠠᠭᠤᠯᠢ ᠶᠢᠨ ︽ᠠᠷᠤ ᠭᠡᠷ ᠲᠤ ᠪᠠᠨ ᠬᠤᠴᠤᠷᠤᠭᠰᠠᠨ ᠬᠡᠣᠬᠡᠳ ᠪᠠ ᠠᠮᠢᠳᠤᠷᠠᠯ ᠬᠦᠴᠢᠷᠲᠡᠢ ᠰᠤᠷᠤᠭᠴᠢ ᠶᠢ ᠬᠠᠶᠢᠷᠠᠯᠠᠨ ᠬᠠᠯᠠᠮᠵᠢᠯᠠᠬᠤ︾ ᠠᠵᠢᠯᠯᠠᠭᠠᠨ ᠦᠷᠨᠢᠭᠦᠯᠪᠡ
ᠨᠡᠶᠢᠲᠡᠯᠡᠭᠰᠡᠨ ᠴᠠᠭ᠄
2020/6/29
       2020 ᠣᠨ ᠤ 6 ᠰᠠᠷ᠎ᠠ ᠶᠢᠨ 23 ᠤ ᠦᠳᠡ ᠶᠢᠨ ᠬᠤᠶᠢᠨ᠎ᠠ ᠬᠠᠨ ᠠᠭᠤᠯᠠ ᠪᠠᠭ᠎ᠠ ᠰᠤᠷᠭᠠᠭᠤᠯᠢ ᠶᠢᠨ ᠬᠦᠷᠢᠶᠡᠨ ᠳᠤ ᠬᠡᠳᠦᠨ ᠬᠦᠨᠳᠦᠲᠦ ᠵᠣᠴᠢᠨ ᠬᠠᠶᠢᠷ᠎ᠠ ᠶᠢᠨ ᠬᠠᠯᠠᠭᠤᠨ ᠭᠠᠷ ᠢᠶᠠᠨ ᠰᠣᠩᠭᠠᠵᠤ ︽ᠠᠷᠤ ᠭᠡᠷ ᠲᠤ ᠪᠠᠨ ᠬᠤᠴᠤᠷᠠᠭᠰᠠᠨ ᠬᠡᠣᠬᠡᠳ ᠪᠠ ᠠᠮᠢᠳᠤᠷᠠᠯ ᠬᠦᠴᠢᠷᠲᠡᠢ ᠰᠤᠷᠤᠭᠴᠢ ᠶᠢ ᠬᠠᠶᠢᠷᠠᠯᠠᠨ ᠬᠠᠯᠠᠮᠵᠢᠯᠠᠬᠤ︾ ᠠᠵᠢᠯᠯᠠᠭᠠᠨ ᠦᠷᠨᠢᠭᠦᠯᠦᠭᠰᠡᠨ ᠨᠢ ᠪᠠᠭᠰᠢ ᠰᠣᠷᠣᠭᠴᠢᠳ ᠲᠤ ᠲᠥᠢᠯ ᠤᠨ ᠶᠡᠭᠡ ᠵᠣᠷᠢᠭᠵᠢᠭᠤᠯᠤᠯ ᠪᠣᠯᠤᠭᠰᠠᠨ ᠪᠠᠶᠢᠨ᠎ᠠ᠃           ᠠᠵᠢᠯᠯᠠᠭᠠᠨ ᠳᠤ ᠤᠯᠠᠭᠠᠠᠬᠠᠳᠠ ᠬᠤᠲᠠ ᠶᠢᠨ ᠠᠵᠢᠯᠴᠢᠨ ᠤ ᠶᠡᠷᠦᠩᠬᠡᠢ ᠡᠪᠯᠡᠯ ᠤᠨ ᠲᠡᠳ᠋ ᠲᠡᠷᠢᠭᠦᠯᠡᠭᠴᠢ ᠢᠣᠢ ᠶᠠᠠ ᠸᠧᠨ᠂ ᠡᠮᠡᠭᠲᠡᠢ ᠠᠵᠢᠯᠲᠠᠨ ᠤ ᠬᠡᠯᠲᠡᠰ ᠤᠨ ᠲᠠᠷᠤᠭ᠎ᠠ ᠪᠤᠣ ᠯᠠᠠ ᠯᠠᠠ᠂ ᠠᠯᠪᠠᠨ ᠭᠡᠷ ᠤᠨ ᠡᠷᠬᠢᠯᠡᠭᠴᠢ ᠸᠠᠩ ᠯᠸᠢ ᠨᠠᠷ ᠠᠷᠤ ᠬᠤᠷᠴᠢᠨ ᠬᠤᠰᠢᠭᠤᠨ ᠤ ᠠᠵᠢᠯᠴᠢᠨ ᠤ ᠶᠡᠷᠦᠩᠬᠡᠢ ᠡᠪᠯᠡᠯ ᠤᠨ ᠨᠠᠮ ᠤᠨ ᠲᠤᠭᠤᠶᠢᠯᠠᠩ ᠤᠨ ᠭᠡᠰᠢᠭᠦᠨ᠂ ᠲᠡᠳ᠋ ᠲᠡᠷᠢᠭᠦᠯᠡᠭᠴᠢ ᠠᠯᠲᠠᠨᠪᠠᠭᠠᠨ᠎ᠠ᠂ ᠬᠤᠰᠢᠭᠤᠨ ᠰᠤᠷᠭᠠᠨ ᠬᠦᠮᠦᠵᠢᠯ ᠤᠨ ᠰᠢᠰᠲ᠋ᠧᠮ ᠤᠨ ᠠᠵᠢᠯᠴᠢᠨ ᠤ ᠡᠪᠯᠡᠯ ᠤᠨ ᠲᠡᠷᠢᠭᠦᠯᠡᠭᠴᠢ ᠵᠠᠩ ᠰᠢᠶᠠᠩ ᠵᠢᠶᠦ᠋ᠨ ᠨᠠᠷ ᠲᠠᠢ ᠬᠠᠮᠲᠤ ᠮᠣᠷᠢᠯᠠᠨ ᠰᠠᠭᠠᠲᠠᠵᠤ ᠲᠤᠰ ᠤᠳᠠᠭᠠᠨ ᠤ ᠠᠵᠢᠯᠯᠠᠭᠠᠨ ᠳᠤ ᠣᠷᠤᠯᠴᠠᠭᠰᠠᠨ ᠪᠠᠶᠢᠨ᠎ᠠ᠃ ᠲᠡᠳᠡᠨᠡᠷ ᠬᠠᠨ ᠠᠭᠤᠯᠠ ᠪᠠᠭ᠎ᠠ ᠰᠤᠷᠭᠠᠭᠤᠯᠢ ᠶᠢᠨ 64 ᠰᠤᠷᠤᠭᠴᠢ ᠨᠢᠭᠡᠪᠦᠷᠢ ᠳᠤ ᠥᠪᠴᠢ ᠲᠠᠮᠢᠷ ᠤᠨ ᠬᠤᠪᠴᠠᠰᠤ ᠪᠠ ᠱᠠᠬᠠᠢ ᠬᠦᠷᠭᠡᠨ ᠦᠭᠴᠦ᠂ ᠠᠪᠤ ᠡᠵᠢ ᠠᠴᠠ ᠪᠠᠨ ᠰᠠᠯᠵᠤ ᠥᠨᠦᠴᠢᠷᠨᠨ ᠭᠠᠭᠴᠠᠭᠠᠷᠳᠠᠭᠰᠠᠨ ᠰᠡᠳᠭᠢᠯ᠂ ᠠᠮᠢᠳᠤᠷᠠᠯ ᠤᠨ ᠶᠠᠳᠠᠭᠤ ᠬᠤᠭᠤᠰᠤᠨ ᠬᠠᠲᠠᠭᠤ ᠰᠢᠯᠭᠠᠯᠲᠠ ᠶᠢ ᠬᠦᠯᠢᠶᠡᠵᠦ ᠪᠠᠶᠢᠭᠰᠠᠨ ᠪᠢᠴᠢᠬᠠᠨ ᠵᠢᠷᠦᠬᠡ ᠶᠢ ᠬᠠᠯᠠᠭᠤᠨ ᠬᠠᠶᠢᠷ᠎ᠠ᠂ ᠪᠦᠯᠢᠶᠠᠨ ᠬᠠᠷᠠᠴᠠ ᠪᠠᠷ ᠢᠶᠠᠨ ᠲᠤᠯᠠᠭᠠᠯᠠᠵᠤ᠂ ᠲᠡᠳᠡᠨ ᠢ ᠪᠠᠶᠠᠷ ᠬᠥᠷ ᠲᠠᠢ ᠰᠤᠷᠤᠯᠴᠠᠨ᠂ ᠵᠣᠯ ᠵᠢᠷᠭᠠᠯ ᠲᠠᠢ ᠠᠮᠢᠳᠤᠷᠠᠵᠤ᠂ ᠡᠷᠡᠭᠦᠯ ᠴᠢᠬᠢᠷᠠᠭ ᠢᠶᠠᠷ ᠦᠰᠦᠨ ᠪᠣᠶᠢᠵᠢᠬᠤ ᠶᠢ ᠬᠦᠰᠡᠭᠰᠡᠨ ᠪᠠᠶᠢᠨ᠎ᠠ᠃
       ᠤᠯᠠᠭᠠᠠᠬᠠᠳᠠ ᠬᠤᠲᠠ ᠶᠢᠨ ᠠᠵᠢᠯᠴᠢᠨ ᠤ ᠶᠡᠷᠦᠩᠬᠡᠢ ᠡᠪᠯᠡᠯ ᠤᠨ ᠲᠡᠳ᠋        ᠲᠡᠷᠢᠭᠦᠯᠡᠭᠴᠢ ᠢᠣᠢ ᠶᠠᠠ ᠸᠧᠨ ᠶᠠᠷᠢᠶ᠎ᠠ ᠲᠠᠯᠪᠢᠵᠦ ᠪᠠᠶᠢᠭ᠎ᠠ ᠨᠢ
               ᠠᠵᠢᠯᠯᠠᠭᠠᠨ ᠤ ᠲᠠᠯᠠᠪᠦᠷ
               ᠲᠡᠮᠵᠢᠯᠭᠡ ᠬᠦᠷᠲᠡᠭᠰᠡᠨ ᠰᠤᠷᠤᠭᠴᠢᠳ                                                                       ︵ᠵᠠᠯᠭᠠᠬᠦᠦ︶
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号