ᠶᠤᠰᠤ ᠰᠤᠷᠳᠠᠬᠤᠨ ᠤ ᠬᠠᠰᠬᠢᠷᠤᠯ
ᠨᠡᠶᠢᠲᠡᠯᠡᠭᠰᠡᠨ ᠴᠠᠭ᠄
2020/7/14
                                    ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ                                             9.6 ᠶᠢᠨ ᠰᠤᠷᠤᠭᠴᠢ  ᠴᠠᠶᠢᠯᠭᠠᠨ       ︽ᠴᠢ ᠮᠠᠭᠤ ᠶᠠᠭᠤᠮ᠎ᠠ ᠭᠠᠷ  ︕ ᠶᠠᠭᠤ ᠴᠦ ᠬᠢᠬᠦ ᠦᠭᠡᠢ ᠪᠠᠶᠢᠭᠠᠳ ᠪᠠᠰᠠ ᠨᠠᠮ᠎ᠠ ᠶᠢ ᠬᠡᠯᠡᠬᠦ ᠳᠤ ᠪᠠᠨ᠂ ᠴᠢ ᠮᠠᠨ ᠳᠤ ᠶᠠᠭᠤ ᠴᠤᠭᠯᠠᠭᠤᠯᠵᠤ ᠦᠭᠪᠡ︖ ᠬᠦᠷᠦᠩᠬᠡ ᠮᠦᠩᠭᠦ ᠴᠤᠭᠯᠠᠭᠤᠯᠤᠭᠰᠠᠨ ᠦᠭᠡᠢ ᠪᠠᠶᠢᠭᠠᠳ ᠮᠠᠨ ᠤ ᠮᠦᠩᠬᠦ ᠵᠤᠭᠤᠰ ᠢ ᠵᠦᠬᠡᠷ ᠵᠠᠷᠤᠬᠤ ᠨᠢ︕ ᠵᠦᠬᠡᠷ ᠯᠠ ᠨᠢᠬᠡ ᠪᠤᠳᠠᠭᠠᠨ ᠪᠠᠷᠠᠮᠠᠯ ᠪᠠᠨᠳᠠᠩ ᠤᠨ ᠳᠠᠷᠤᠮᠠᠯ᠃ ᠭᠠᠷ︕ ᠬᠠᠮᠢᠭ᠎ᠠ ᠪᠠᠨ ᠶᠠᠪᠤᠪᠠᠯ ᠶᠠᠪᠤ᠃ ᠵᠤᠭᠤᠰ ᠤᠯᠬᠤ ᠦᠭᠡᠢ ᠪᠤᠯ ᠡᠨᠡ ᠭᠡᠷ ᠢ ᠬᠡᠷ ᠢᠶᠠᠨ ᠬᠡᠵᠤ ᠪᠤᠤ ᠰᠠᠨᠠ︕︾ ᠬᠡᠵᠤ ᠨᠢᠬᠡᠨ ᠳᠠᠷᠭᠤᠨ ᠤᠯᠴᠠᠭᠠᠷ ᠡᠮᠡᠭᠳᠡᠢ ᠬᠤᠶᠠᠷ ᠬᠠᠨᠴᠤᠢ ᠪᠠᠨ ᠰᠢᠭᠤᠴᠢᠬᠠᠭᠰᠠᠨ᠂ ᠰᠠᠯᠬᠢᠨ ᠳᠤ ᠴᠤᠬᠢᠭᠳᠠᠵᠤ ᠬᠠᠭᠠᠰ ᠨᠡᠭᠡᠭᠡᠭᠳᠡᠭᠰᠡᠨ ᠮᠤᠳᠤᠨ ᠬᠠᠭᠠᠯᠭ᠎ᠠ ᠶᠢ ᠵᠢᠭᠠᠵᠤ ᠳᠠᠯᠠ ᠭᠠᠷᠤᠭᠰᠠᠨ ᠦᠳᠡᠯᠦᠬᠡ ᠠᠪᠤ ᠳᠤ ᠪᠠᠨ ᠦᠴᠦᠬᠡᠨ ᠴᠦ ᠨᠢᠭᠤᠷ ᠦᠭᠬᠦ ᠦᠭᠡᠢ ᠪᠠᠷ ᠢᠴᠢᠬᠦᠷᠢ ᠰᠤᠨᠵᠢᠭᠤᠷᠢ ᠦᠬᠡᠢ ᠬᠦᠬᠡᠬᠡᠵᠤ ᠪᠠᠶᠢᠪᠠ᠃       ᠨᠠᠰᠤ ᠠᠬᠢᠭᠰᠠᠨ ᠡᠪᠦᠬᠡᠨ ᠪᠤᠭᠤᠷᠤᠯ ᠬᠡᠵᠢᠬᠡ ᠨᠢ ᠡᠪᠤᠯ ᠤᠨ ᠵᠢᠬᠡᠬᠦᠨ ᠰᠠᠯᠬᠢᠨ ᠳᠤ ᠦᠷᠪᠦᠯᠵᠡᠨ᠎ᠠ᠃ ᠰᠠᠶ᠋ᠢ ᠶᠢᠨ ᠭᠠᠵᠠᠷ ᠳᠡᠬᠡᠷᠡᠬᠢ ᠭᠠᠭᠴᠠ ᠳᠤᠳᠤᠨᠤ ᠬᠦᠮᠦᠨ — ᠬᠦᠦ ᠪᠡᠷᠢ ᠶᠢᠨ ᠬᠢᠨᠢ ᠬᠠᠷᠠᠳᠠᠢ ᠦᠭᠡ ᠡᠪᠦᠯ ᠤᠨ ᠰᠠᠯᠬᠢᠨ ᠲᠠᠢ ᠴᠤᠭ ᠡᠪᠤᠬᠡᠨ ᠤ ᠡᠮᠵᠡᠭᠬᠡᠨ ᠰᠡᠳᠬᠢᠯ ᠢ ᠴᠢᠨᠡᠭᠡ ᠮᠡᠳᠡᠨ ᠳᠦᠷᠢᠮᠡᠬᠡᠶᠢᠯᠠᠨ᠎ᠠ᠃ ᠨᠠᠰᠤᠳᠠᠨ ᠦᠬᠡ ᠳᠠᠭᠤᠨ ᠦᠭᠡᠢ ᠪᠠᠶᠢᠨ ᠪᠠᠶᠢᠨ ᠪᠤᠬᠢᠷ ᠭᠠᠷ ᠤᠨ ᠢᠶᠠᠨ ᠠᠷᠤ ᠪᠠᠷ ᠨᠢᠳᠦ ᠪᠠᠨ ᠠᠷᠴᠢᠬᠤ ᠨᠢ ᠡᠨᠡ ᠨᠠᠰᠤᠨ ᠳᠤ ᠨᠢ ᠳᠤᠬᠢᠷᠠᠮᠠᠷ ᠦᠭᠡᠢ ᠬᠦᠬᠡᠷᠦᠬᠦᠶᠢᠯᠡᠯᠳᠡᠶᠢᠬᠡᠨ ᠬᠠᠷᠠᠭᠳᠠᠨ᠎ᠠ᠃ ︽ᠴᠢ ᠪᠠᠰᠠ ᠶᠠᠭᠤ ᠬᠦᠯᠢᠶᠡᠵᠤ ᠪᠠᠶᠢᠬᠤ ᠪᠤᠢ︖ ᠭᠠᠷᠬᠤ ᠦᠭᠡᠢ ᠶᠤᠮ ᠤᠤ︖︾ ᠬᠡᠳ ᠬᠦᠦ ᠪᠠᠷᠢ ᠨᠢ ᠠᠮᠢᠰᠬᠤᠭ᠎ᠠ ᠠᠪᠤᠭᠰᠠᠨ ᠢᠶᠠᠨ ᠵᠠᠯᠭᠠᠨ ᠳᠠᠭᠠᠷᠢᠯ᠎ᠠ᠃ ᠡᠪᠦᠬᠡᠨ ᠬᠦᠷᠢᠶᠠᠨ ᠡᠬᠦᠳᠡ ᠪᠠᠷ ᠪᠡᠷᠢ ᠳᠤ ᠪᠠᠨ ᠬᠦᠴᠦᠳᠠᠢ ᠳᠦᠯᠬᠢᠭᠳᠡᠨ ᠭᠠᠷᠴᠦ ᠳᠦᠩᠬᠡᠵᠤ  ᠡᠷᠬᠢᠬᠦ ᠶᠢᠨ ᠬᠤᠷᠤᠮ ᠬᠡᠷ ᠤᠨ ᠡᠬᠦᠳᠡ ᠬᠦᠴᠦᠳᠡᠶᠢᠬᠡᠨ ᠬᠠᠭᠠᠭᠳᠠᠪᠠ᠃               ᠲᠡᠷᠡ᠂ ᠨᠠᠰᠤ ᠪᠠᠨ ᠡᠯᠡᠭᠡᠭᠰᠡᠨ ᠬᠡᠷ ᠢᠶᠠᠨ ᠠᠵᠢᠭᠯᠠᠪᠠ᠃ ᠬᠤᠶᠠᠷ ᠳᠠᠰᠤᠯᠭ᠎ᠠ ᠰᠢᠪᠠᠷ ᠪᠠᠶᠢᠰᠢᠩ ᠠᠳᠡ ᠳᠡᠨᠳᠡ ᠳᠠᠷᠬᠠᠨ ᠪᠤᠳᠠᠷᠠᠭᠰᠠᠨ ᠸᠠᠭᠠᠷ᠂ ᠳᠤᠯᠠᠭᠠᠯᠠᠬᠤ ᠬᠡᠵᠤ ᠪᠠᠬᠢᠯᠡᠭᠰᠡᠨ ᠴᠤᠩᠬᠤᠨ ᠰᠦᠯᠢᠶᠤᠤ ᠨᠢ ᠠᠳᠡ ᠳᠡᠨᠳᠡ  ᠪᠠᠨ ᠤᠷᠠᠭᠳᠠᠵᠤ ᠡᠪᠦᠯ ᠤᠨ ᠵᠢᠬᠡᠬᠦᠨ ᠰᠠᠯᠬᠢᠨ ᠳᠤ ᠵᠢᠪᠡᠬᠦᠬᠡᠨ ᠳᠡᠷᠪᠡᠯᠵᠠᠨ᠎ᠠ᠃ ᠨᠤᠤᠷᠠᠩᠬᠠᠢ ᠴᠠᠮᠴᠠ ᠪᠠᠨ ᠳᠡᠭᠰᠢᠯᠠᠵᠤ᠂ ᠦᠩᠬᠡᠷᠡᠭᠰᠡᠨ ᠤ ᠳᠤᠷᠠᠳᠬᠠᠯ ᠢ ᠬᠠᠳᠠᠭᠠᠯᠠᠭᠰᠠᠨ᠂ ᠤᠳᠤ ᠪᠤᠯᠬᠤ ᠳᠤ ᠳᠡᠬᠦᠨ ᠢ ᠪᠠᠭᠳᠠᠭᠠᠬᠤ ᠪᠠᠨ ᠪᠤᠯᠢᠭᠰᠠᠨ ᠭᠡᠷ ᠢᠶᠠᠨ ᠬᠠᠷᠠᠵᠤ ᠳᠤᠭᠤᠯᠠᠩ ᠬᠦᠯ ᠢᠶᠠᠨ ᠴᠢᠷᠴᠦ ᠭᠤᠨᠢᠭᠳᠠᠶᠢᠬᠠᠨ ᠴᠠᠭᠠᠰᠢᠯᠠᠪᠠ᠃               ᠡᠪᠦᠬᠡᠨ ᠨᠠᠷᠢᠬᠠᠨ ᠵᠦᠷᠢᠭ ᠢᠶᠠᠷ ᠠᠭᠠᠵᠢᠮᠬᠠᠨ ᠬᠡᠯᠳᠦᠷᠢᠪᠡ᠃ ᠡᠨᠡ ᠵᠦᠷᠢᠭ ᠪᠤᠯ ᠡᠪᠦᠬᠡᠨ ᠤ ᠬᠤᠳᠠ ᠤᠷᠤᠬᠤ ᠲᠦᠲᠠ ᠵᠠᠮ ᠶᠤᠮ᠃ ᠬᠦᠦ ᠪᠡᠷᠢ ᠨᠢ ᠡᠪᠦᠬᠡᠨ ᠳᠤ ᠪᠤᠳᠠᠭ᠎ᠠ ᠢᠳᠡᠬᠦᠯᠬᠦ ᠦᠭᠡᠢ ᠦᠶᠡᠰ ᠡᠪᠦᠬᠡᠨ ᠡᠨᠡ ᠵᠦᠷᠢᠭ ᠢᠶᠠᠷ ᠬᠤᠳᠠ ᠤᠷᠤᠵᠤ ᠪᠤᠳᠠᠭ᠎ᠠ ᠭᠤᠶᠤᠵᠤ ᠢᠳᠡᠳᠡᠭ ᠪᠠᠶᠢᠵᠠᠢ᠃ ᠤᠭᠳᠠᠷᠭᠤᠢ ᠳᠤ ᠬᠢᠯᠠᠯᠵᠠᠭᠰᠠᠨ ᠤᠳᠤᠨ ᠮᠡᠴᠢᠳ ᠯᠠ ᠡᠪᠦᠬᠡᠨ ᠳᠤ ᠬᠠᠨᠢ ᠪᠤᠯᠤᠨ᠎ᠠ᠃ ᠳᠤᠷᠮᠤᠰ ᠳᠤᠷᠮᠤᠰ ᠠᠨᠢᠪᠴᠢᠬᠤ ᠨᠢ ᠶᠠᠭ ᠯᠠ ᠵᠤᠯ ᠪᠤᠰᠤ ᠵᠠᠶᠠᠭ᠎ᠠ ᠶᠢ  ᠨᠢ ᠦᠷᠦ ᠡᠪᠡᠳᠴᠦ ᠪᠠᠶᠢᠭ᠎ᠠ ᠮᠡᠳᠦ᠃       ︽ᠵᠠᠯᠠᠭᠤ ᠶᠢᠨ ᠦᠶ᠎ᠡ ᠳᠤ ᠪᠠᠶᠢᠭᠰᠠᠨ ᠪᠤᠯ ᠬᠡᠳᠦᠢ ᠭᠤᠶᠤ ᠪᠤᠢ︖ ᠤᠳᠤ ᠶᠢᠨ ᠰᠢᠭ ᠦᠬᠡᠨᠴᠡ ᠶᠠᠪᠤᠨ᠎ᠠ ᠤᠤ ᠳ᠋ᠠ︖ ᠦᠷ᠎ᠡ ᠬᠡᠤᠬᠡᠳ ᠲᠡᠭᠡᠨ ᠬᠦᠬᠡᠬᠡᠭᠳᠡᠵᠤ ᠦᠪᠡᠷ ᠢᠶᠠᠨ ᠴᠦ ᠠᠮᠢᠳᠤᠷᠠᠬᠤ ᠲᠡᠩᠬᠡᠬᠡ ᠦᠭᠡᠢ᠂ ᠠᠢ ᠳ᠋ᠠ︕︾ ᠬᠡᠵᠤ ᠤᠷᠳᠤᠬᠠᠨ ᠰᠡᠬᠦᠷᠡᠰᠦᠯᠡᠭᠰᠡᠨ ᠢᠶᠠᠨ ᠵᠠᠯᠠᠭᠤ ᠶᠢᠨ ᠦᠶ᠎ᠡ ᠶᠢᠨ ᠵᠢᠷᠭᠠᠯ ᠲᠠᠢ ᠮᠦᠴᠡ ᠪᠠᠨ ᠰᠠᠨᠠᠪᠠ᠃ ᠬᠦᠤ ᠶᠢᠨ ᠬᠢᠨ ᠡᠵᠢ ᠨᠢ ᠬᠦᠤ ᠶᠢ ᠪᠠᠭ᠎ᠠ ᠪᠠᠶᠢᠬᠤ ᠳᠤ ᠬᠠᠷᠠᠰᠠᠯᠳᠠᠢ ᠪᠠᠷ ᠳᠡᠭᠷᠢ ᠳᠤ ᠬᠠᠯᠢᠭᠰᠠᠨ  ᠠᠴᠠ ᠯᠠ ᠠᠪᠤᠭᠠᠳ ᠲᠡᠷᠡ  ᠡᠵᠢ ᠠᠪᠤ ᠶᠢᠨ ᠲᠦᠷᠢ ᠶᠢ ᠡᠬᠡᠯᠵᠢᠯᠡᠨ ᠳᠤᠭᠯᠠᠵᠤ ᠬᠦᠤ ᠳᠤ ᠪᠠᠨ ᠶᠠᠮᠠᠷ ᠴᠦ ᠬᠠᠶᠢᠷ᠎ᠠ ᠶᠢ  ᠨᠢ ᠳᠤᠳᠠᠭᠤ ᠦᠭᠬᠦᠭᠰᠡᠨ ᠦᠭᠡᠢ ᠮᠦᠷᠳᠡᠬᠡᠨ ᠠᠳᠠᠯ ᠠᠮᠢᠳᠤᠷᠠᠯ ᠢᠶᠠᠨ ᠴᠦ ᠬᠠᠶᠠᠭᠰᠠᠨ ᠦᠭᠡᠢ᠃ ᠬᠡᠪᠡᠴᠦ ᠡᠨᠡ ᠨᠢ ᠡᠪᠦᠬᠡᠨ ᠤ ᠴᠢᠷᠠᠢ ᠳᠤ ᠳᠦᠬᠦᠷᠠᠩ ᠠᠳᠤᠷᠢᠶ᠎ᠠ ᠰᠠᠶᠢᠯᠵᠤ᠂ ᠰᠠᠨᠴᠢᠭ ᠲᠤ ᠨᠢ ᠡᠷᠳᠡ ᠬᠢᠷᠠᠭᠤ ᠤᠨᠠᠭᠠᠵᠠᠢ᠃ ᠦᠢᠯᠠ  ᠪᠠᠨ ᠦᠵᠡᠵᠤ ᠦᠰᠦ ᠪᠠᠨ ᠳᠡᠬᠦᠵᠤ ᠬᠦᠤ ᠪᠠᠨ ᠬᠦᠯ ᠢ ᠨᠢ ᠳᠦᠷᠦᠬᠡᠨ ᠳᠤ ᠭᠠᠷ ᠢ ᠨᠢ ᠭᠠᠨᠵᠤᠭᠠᠨ ᠳᠤ ᠬᠦᠷᠭᠡᠨ ᠪᠡᠷᠢ ᠪᠠᠭᠤᠯᠭᠠᠵᠤ ᠭᠤᠯᠤᠮᠳᠠ ᠵᠠᠯᠭᠠᠭᠤᠯᠬᠤ ᠳᠤ ᠪᠠᠨ᠂ ᠤᠳᠤ ᠴᠦ ᠨᠢᠬᠡ ᠬᠦᠯ ᠵᠢᠬᠢᠵᠤ ᠵᠢᠷᠭᠠᠯ ᠡᠳ᠋ᠯᠡᠬᠦ ᠨᠢ ᠬᠡᠵᠤ ᠡᠪᠦᠬᠡᠨ ᠢᠳᠡᠬᠡᠵᠤ ᠶᠠᠪᠤᠭᠰᠠᠨ᠃ ᠬᠡᠳᠡᠯ᠎ᠡ ᠡᠨᠡ ᠬᠦ ᠢᠳᠡᠬᠡᠯ ᠨᠢ ᠬᠦᠰᠡᠷᠳᠡᠬᠦ ᠬᠡᠵᠤ ᠡᠪᠤᠬᠡᠨ ᠤ ᠠᠷᠪᠠᠨ ᠵᠡᠭᠦᠳᠦᠨ  ᠳᠤ ᠴᠤ ᠪᠠᠶᠢᠭᠰᠠᠨ ᠦᠬᠡᠢ᠂ ᠬᠦᠤ   ᠨᠢ ᠡᠳᠡᠭᠡᠷᠡᠰᠢ ᠦᠭᠡᠢ ᠡᠪᠡᠳᠴᠢᠨ ᠤᠯᠤᠭᠰᠠᠨ ᠠᠴᠠ ᠵᠢᠷᠭᠠᠯᠳᠦ ᠠᠮᠢᠳᠤᠷᠠᠯ  ᠨᠢ ᠵᠠᠷᠠᠭᠠᠨ ᠳᠡᠭᠡᠷᠡᠬᠢ ᠬᠡᠢ ᠪᠦᠮᠪᠦᠭᠡ ᠮᠡᠳᠦ ᠳᠠᠮᠠᠢ ᠤᠳᠠᠭᠠᠨ ᠳᠡᠰᠦᠭᠰᠡᠨ ᠦᠭᠡᠢ ᠬᠠᠭᠠᠷᠠᠪᠠ᠃ ︽ᠳᠠᠩ ᠢᠶᠠᠷ ᠢᠷᠡᠬᠦ ᠵᠤᠪᠠᠯᠠᠩ ᠬᠡᠵᠤ ᠦᠭᠡᠢ᠂ ᠳᠠᠪᠬᠤᠷ ᠢᠶᠠᠷ ᠢᠷᠡᠬᠦ ᠵᠢᠷᠭᠠᠯ ᠬᠡᠵᠤ ᠦᠭᠡᠢ︾ ᠬᠡᠭᠴᠢ ᠪᠠᠷ ᠡᠪᠦᠬᠡᠨ ᠴᠦ ᠡᠨᠡ ᠦᠶᠡᠰ ᠠᠭᠤᠯᠠᠨ ᠠᠴᠠ ᠤᠨᠠᠵᠤ ᠬᠦᠯ ᠢᠶᠠᠨ ᠬᠡᠮᠳᠦᠬᠡᠪᠡ᠃ ᠬᠦᠷᠦᠩᠬᠡ ᠪᠠᠨ ᠬᠦᠨᠳᠦᠷᠴᠦ ᠡᠮᠨᠡᠭᠦᠯᠦᠭᠰᠡᠨ ᠪᠤᠯᠪᠠᠴᠦ ᠡᠷᠬᠢᠯᠳᠠ ᠦᠭᠡᠢ ᠪᠠᠶᠢᠪᠠ᠃ ᠡᠬᠦᠨ ᠠᠴᠠ ᠯᠠ ᠡᠪᠦᠬᠡᠨ ᠤ ᠠᠮᠢᠳᠤᠷᠠᠯ ᠳᠤᠷᠤᠶᠢᠳᠠᠬᠤ ᠶᠢᠨ ᠳᠦᠢᠯ ᠳᠤ ᠬᠦᠷᠦᠭᠰᠡᠨ᠂ ᠲᠡᠷᠡ ᠡᠳᠦᠷᠵᠢᠨ ᠠᠵᠢᠯ ᠬᠢᠵᠤ ᠳᠡᠶᠢᠯᠭᠦ ᠦᠬᠡᠢ ᠵᠦᠬᠡᠷ ᠰᠠᠭᠤᠨ᠎ᠠ᠃ ᠳᠦᠩᠬᠡᠵᠤ ᠶᠠᠪᠤᠵᠤ ᠳᠡᠶᠢᠯᠬᠦ ᠪᠤᠯᠤᠭᠰᠡᠨ ᠴᠢᠨᠢ ᠪᠤᠷᠬᠠᠨ ᠤ ᠠᠪᠤᠷᠠᠯ ᠬᠡᠵᠤ ᠮᠡᠳᠡ᠃  ᠬᠦᠤ ᠪᠡᠷᠢ ᠨᠢ ᠴᠤ ᠡᠳᠦᠷᠵᠢᠨ ᠮᠠᠵᠢᠶᠠᠩ ᠳᠡᠷᠡᠯᠡᠳᠡᠭ ᠪᠤᠯᠪᠠ᠃ ᠡᠪᠤᠬᠡᠨ ᠭᠤᠸᠠᠢ ᠦᠵᠡᠵᠤ ᠲᠦᠪᠳᠡᠬᠦ ᠦᠭᠡᠢ ᠳᠤ ᠪᠠᠨ ᠪᠡᠷᠢ ᠪᠠᠨ ᠬᠡᠯᠡᠵᠤ ᠰᠠᠨᠠᠭᠤᠯᠤᠭᠰᠠᠨ ᠴᠢᠨᠢ ᠠᠳᠡ ᠠᠭᠠᠰᠢ  ᠨᠢ ᠬᠦᠳᠡᠯᠵᠦ ᠬᠡᠷ ᠠᠴᠠ ᠨᠢ ᠬᠦᠬᠡᠬᠡᠬᠡᠳ ᠭᠠᠷᠭᠠᠴᠢᠬᠠᠭᠰᠠᠨ ᠪᠠᠶᠢᠬᠤ ᠦᠭᠡᠢ ᠤᠤ︖               ᠡᠪᠦᠯ ᠤᠨ ᠵᠢᠬᠡᠬᠦᠨ ᠰᠠᠯᠬᠢ ᠡᠪᠦᠬᠡᠨ ᠤ ᠨᠤᠤᠷᠠᠩᠬᠠᠢ ᠴᠠᠮᠴᠠ ᠶᠢ ᠬᠡᠶᠢᠰᠬᠡᠬᠡᠳ ᠠᠪᠠᠴᠢᠮᠠᠷ  ᠲᠡᠷᠪᠡᠯᠵᠡᠬᠦᠯᠦᠨ᠎ᠡ᠃ ︽ᠵᠤᠭᠤᠰ᠂ ᠵᠤᠭᠤᠰ ᠁ ᠵᠤᠭᠤᠰ᠂᠂᠂᠂︾ ᠬᠡᠵᠤ ᠡᠪᠦᠬᠡᠨ ᠤ ᠳᠠᠷᠢᠬᠢᠨ ᠳᠤ ᠪᠠᠭᠳᠠᠵᠤ ᠶᠠᠳᠠᠮ᠎ᠠ ᠴᠢᠬᠢᠯᠳᠦᠨ ᠤᠷᠤᠨ᠎ᠠ᠃ ︽ᠶᠠᠮᠠᠷ ᠠᠷᠭ᠎ᠠ ᠪᠠᠷ ᠵᠤᠭᠤᠰ ᠤᠯᠳᠠᠭ ᠪᠢᠯᠡ᠂ ᠬᠦᠤ ᠮᠢᠨᠢ ᠡᠪᠡᠳᠴᠢᠨ ᠲᠠᠢ ᠲᠡᠭᠡᠷ᠎ᠡ ᠨᠢᠭᠡ ᠬᠡᠷ ᠤᠨ ᠲᠦᠯᠦᠬᠡ ᠵᠢᠳᠬᠦᠵᠦ ᠯᠡ ᠰᠡᠳᠬᠢᠯ ᠢᠶᠠᠷ ᠤᠨᠠᠭᠠᠳ ᠠᠭᠠᠰᠢ ᠤᠨᠳᠤᠭᠤᠨ  ᠲᠠᠢ ᠪᠤᠯᠴᠢᠬᠠᠯ᠎ᠠ ᠪᠢᠵᠠ︕ ᠪᠡᠷᠢ ᠮᠢᠨᠢ ᠪᠠᠰᠠ ᠠᠮᠠᠷ ᠦᠭᠡᠢ ᠰᠢᠤ᠂ ᠭᠠᠭᠴᠠᠭᠠᠷ ᠢᠶᠠᠨ ᠵᠤᠪᠠᠭ᠋ᠤ ᠶᠢᠨ ᠳᠦᠢᠯ ᠪᠠᠶᠢᠬᠤ ᠳ᠋ᠠ︕︾ ᠬᠡᠵᠤ ᠰᠠᠶ᠋ᠢ ᠶᠢᠨ ᠬᠠᠷᠢᠶᠠᠭᠳᠠᠭᠰᠠᠨ ᠢᠶᠠᠨ ᠮᠠᠷᠳᠠᠵᠤ ᠤᠷᠬᠢᠨ ᠨᠢᠬᠦᠯᠠᠰᠦᠩᠬᠦᠢ ᠪᠤᠳᠤᠨ᠎ᠠ᠃       ᠬᠡᠨᠡᠳᠳᠡ ᠤᠵᠤᠭᠤᠷ ᠤᠨ ᠨᠢᠬᠡ ᠳᠠᠨᠢᠯ ᠠᠴᠠ ᠪᠠᠨ ᠰᠤᠨᠤᠰᠤᠭᠰᠠᠨ ᠤᠴᠢᠷ ᠳᠠᠷᠢᠬᠢᠨ ᠳᠤ ᠨᠢ ᠬᠢᠯᠠᠰᠬᠢᠨ ᠬᠠᠷᠪᠤᠵᠤ ᠤᠷᠤᠵᠤ ᠢᠷᠡᠪᠡ᠃ ︽ᠪᠢ ᠮᠠᠭᠤ ᠳᠤᠭᠤᠯᠠᠩ ᠵᠦᠨᠦᠭ ᠠᠮᠢᠳᠦ ᠪᠠᠶᠢᠭᠠᠳ ᠶᠠᠮᠠᠷ ᠴᠦ ᠬᠡᠷᠡᠭ ᠦᠭᠡᠢ ᠦᠬᠦᠴᠢᠬᠡᠬᠡᠳ ᠬᠡᠳᠦᠨ ᠵᠤᠭᠤᠰ ᠤᠯᠵᠤ ᠪᠡᠷᠢ ᠪᠠᠨ ᠵᠢᠭᠠᠬᠠᠨ ᠬᠠᠪᠰᠦᠷᠴᠦ ᠳᠡᠶᠢᠯᠪᠠᠯ ᠪᠤᠯᠬᠤ ᠯᠠ ᠳ᠋ᠠ᠂ ᠶᠠᠭᠤ ᠴᠦ ᠬᠡᠰᠡᠨ ᠡᠷᠳᠡ ᠤᠷᠤᠢ ᠦᠭᠡᠢ ᠦᠬᠦᠬᠦ ᠯᠠ ᠶᠤᠮ ᠴᠢᠨᠢ ᠁︾ ᠬᠡᠵᠤ ᠶᠠᠭᠤ ᠨᠢᠬᠡ ᠶᠢ ᠰᠢᠢᠳᠦᠭᠰᠡᠨ ᠶᠠᠩᠵᠤ  ᠲᠠᠢ ᠬᠤᠳᠠ ᠶᠢᠨ ᠶᠡᠭᠡ ᠵᠠᠮ ᠢ ᠴᠢᠭᠯᠡᠨ ᠮᠠᠶᠢᠵᠢᠬᠢᠨᠠᠨ ᠠᠯᠬᠤᠪᠠ᠂᠂᠂᠂               ᠤᠭᠳᠠᠷᠭᠤᠢ ᠳᠤ ᠳᠤᠷᠮᠤᠯᠵᠠᠨ ᠪᠠᠶᠢᠭᠰᠠᠨ ᠤᠳᠤᠨ ᠮᠡᠴᠢᠳ ᠶᠠᠭᠤ ᠨᠢᠬᠡ ᠠᠴᠠ ᠵᠠᠶᠢᠯᠠᠭᠰᠠᠨ ᠰᠢᠭ᠋ ᠬᠠᠷᠠᠩᠭᠤᠢ ᠡᠬᠦᠯᠡᠨ ᠤ ᠠᠷᠤ ᠳᠤ ᠳᠠᠯᠳᠠᠯᠠᠵᠤ ᠳ᠋ᠧᠩ ᠠᠴᠠ ᠪᠤᠰᠤᠳ ᠬᠡᠷᠡᠯ ᠲᠠᠢ ᠶᠠᠭᠤᠮ᠎ᠠ ᠬᠡᠵᠤ ᠦᠭᠡᠢ ᠪᠤᠯᠪᠠ᠃           ᠳᠡᠮᠡᠢ ᠤᠳᠠᠭᠰᠠᠨ ᠦᠭᠡᠢ ᠵᠠᠮ ᠬᠠᠷᠢᠯᠴᠠᠭ᠎ᠠ ᠪᠦᠭᠯᠡᠷᠡᠵᠤ᠂ ᠳᠡᠷᠬᠡᠨ ᠳᠠᠭᠤ ᠱᠤᠤᠬᠢᠵᠤ ᠬᠦᠮᠦᠰ ᠪᠦᠬᠡᠮᠨᠡᠷᠡᠪᠡ᠃ ︽ᠶᠠᠭᠠᠬᠢᠭᠰᠠᠨ ᠪᠤᠯ︖︾ ᠬᠡᠵᠤ ᠴᠢᠬᠢᠯᠳᠦᠨ ᠱᠠᠬᠠᠶᠢᠪᠠᠯ ᠳᠤᠮᠤ ᠠᠴᠢᠶᠠᠨ ᠤ ᠮᠠᠰᠢᠨ ᠤ ᠡᠮᠦᠨ᠎ᠡ ᠴᠢᠰᠦ ᠨᠠᠯᠦᠶᠢᠵᠤ ᠴᠢᠰᠤᠨ ᠳᠤᠮᠳᠠ ᠡᠪᠦᠬᠡᠨ ᠤ ᠪᠤᠭᠤᠷᠤᠯ ᠦᠰᠦ ᠰᠠᠯᠬᠢᠨ ᠤ ᠳᠠᠭᠠᠤ ᠶᠠᠭᠤ ᠨᠢᠬᠡ ᠶᠢ ᠬᠦᠰᠡᠨ ᠬᠦᠯᠢᠶᠡᠭᠰᠡᠨ‌‍ᠰᠢᠭ ᠠᠭᠠᠵᠢᠮᠬᠠᠨ ᠦᠷᠪᠦᠯᠵᠡᠨ᠎ᠡ᠂᠂᠂᠂         ᠬᠦᠤ ᠪᠡᠷᠢ ᠨᠢ ᠬᠡᠳᠦᠢ ᠳᠤ ᠬᠦᠷᠴᠦ ᠢᠷᠡᠭᠰᠡᠨ ᠢ ᠮᠡᠳᠡᠬᠦ ᠦᠬᠡᠢ ︽ᠠᠪᠤ ᠡ︕ ᠠᠪᠤ ᠮᠢᠨᠢ ᠡ᠂᠂᠂᠂︾ ᠭᠡᠵᠤ ᠠᠭᠠᠭᠯᠠᠨ ᠤᠬᠢᠯᠠᠨ᠎ᠠ᠃ ᠬᠦᠨᠳᠤ ᠡᠪᠡᠳᠴᠢᠨ ᠲᠠᠢ ᠬᠦᠦ ᠨᠢ ᠢᠷᠡᠵᠤ ᠴᠢᠳᠠᠭᠰᠠᠨ ᠦᠬᠡᠢ ᠯᠡ ᠪᠤᠯᠤᠯᠳᠠᠢ᠃             ᠰᠦᠨᠢ ᠶᠢᠨ ᠲᠡᠭᠷᠢ ᠤᠯᠠᠮ ᠵᠢᠬᠡᠬᠦᠨ ᠬᠠᠷᠠᠩᠭᠤᠢ ᠪᠤᠯᠪᠠ᠃ ᠲᠡᠭᠷᠢ ᠶᠢᠨ ᠬᠢᠵᠠᠭᠠᠷ ᠲᠤ ᠨᠢᠬᠡ ᠤᠳᠤ ᠵᠢᠷᠦᠪᠡᠰᠬᠢᠨ ᠬᠠᠷᠪᠤᠵᠤ ᠠᠷᠢᠯᠪᠠ᠃             ᠵᠠᠮ ᠤᠨ ᠴᠠᠭᠳᠠᠭ᠎ᠠ ᠳᠡᠷᠬᠡᠨ ᠵᠢᠯᠤᠭᠤᠴᠢ ᠶᠢ  ᠪᠠᠷᠢᠪᠴᠢᠯᠠᠭᠠᠳ ᠶᠠᠪᠤᠴᠢᠬᠠᠪᠠ᠃           ︽ᠳᠡᠷᠬᠡᠨ ᠠᠳᠡᠯ ᠶᠠᠭᠠᠬᠢᠭᠠᠳ ᠡᠭᠦᠰᠪᠡ︖︾ ᠬᠡᠵᠦ ᠶᠤᠰᠤ ᠰᠤᠷᠳᠠᠬᠤᠨ ᠭᠤᠨᠢᠭᠯᠠᠩᠭᠤᠢ ᠵᠢᠪᠡᠬᠦᠨ ᠬᠠᠰᠬᠢᠷᠤᠨ᠎ᠠ᠃          ※ ᠲᠤᠰ ᠵᠤᠬᠢᠶᠠᠯ ᠲᠦᠷᠪᠡᠲᠦᠬᠡᠷ ᠣᠲᠠᠭᠠᠨ ᠤ ᠨᠠᠢᠮᠠᠨ ᠰᠢᠷᠭ᠎ᠠ ᠵᠤᠬᠢᠶᠠᠯ ᠤᠨ                             ᠣᠷᠣᠯᠲᠤᠭᠠᠨ ᠳᠤ ᠬᠤᠶᠠᠲᠤᠭᠠᠷ ᠲᠡᠰ ᠤᠨ ᠱᠠᠩᠨᠠᠯ ᠬᠦᠷᠲᠡᠪᠡ᠃                                                      ᠵᠢᠯᠤᠭᠤᠲᠤᠭᠰᠠᠨ ᠪᠠᠭᠰᠢ — ᠣᠷᠢᠶᠠᠩᠬᠠᠢ ᠨᠠᠷᠠᠩᠭᠤᠸ᠎ᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号