ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠪᠠᠶᠠᠰᠬᠤᠯᠠᠩ | | ︽ᠮᠣᠩᠭᠤᠯ ᠷᠠᠳᠢᠣ᠋ ᠮᠦᠩᠭᠡ ᠶᠢᠨ ᠴᠣᠣᠷᠢᠶ᠎ᠠ ᠮᠣᠩᠭᠤᠯ ᠰᠣᠨᠣᠰᠣᠬᠴᠢᠳ ᠤᠨ ᠰᠡᠳᠬᠢᠯ ᠤᠨ ᠬᠠᠨᠢ — | ᠦᠪᠣᠷ ᠮᠣᠩᠭᠤᠯ ᠤᠨ ᠮᠣᠩᠭᠤᠯ ᠷᠠᠳᠢᠣ᠋ ᠶᠠᠷᠢᠵᠣ ᠪᠠᠶᠢᠨ᠎ᠠ︾ ᠭᠡᠬᠦ ᠬᠦᠳᠣᠯᠣᠭ᠍ᠴᠢ ᠶᠢᠨ ᠢᠷᠠᠭᠤ ᠴᠡᠭᠡᠯᠭᠡᠠ ᠴᠠᠪᠠᠷ | ᠪᠠᠷᠢᠮᠵᠢᠶᠠᠲᠤ ᠮᠣᠩᠭᠤᠯ ᠭᠡᠯ᠎ᠠ ᠪᠠᠷ ᠶᠠᠷᠢᠬᠤ ᠲᠠᠭᠤᠠ ᠬᠤᠶᠢᠮᠣᠷ ᠲᠤ ᠵᠠᠪᠢᠯᠠᠠ ᠰᠠᠭᠤᠭᠠᠳ ᠴᠢᠳᠣᠷ ᠮᠣᠰᠬᠢᠬᠤ ᠳᠤ | ᠴᠦ᠂ ᠦᠷᠭᠡᠠ ᠲᠠᠯ᠎ᠠ ᠳᠤ ᠪᠠᠨ ᠦᠭᠡᠷ ᠠᠳᠣᠭᠤ ᠪᠠᠨ ᠬᠠᠷᠢᠭᠤᠯᠠᠭᠤᠠ ᠶᠠᠪᠣᠬᠤ ᠳᠤ ᠴᠦ ᠡᠪᠦᠭᠡ ᠶᠢᠨ ᠮᠢᠨᠢ | ᠲᠡᠷᠭᠡᠳᠠ ᠠᠴᠠ ᠦᠷᠬᠦᠯᠵᠢ ᠲᠣᠭᠤᠯᠳᠠᠳᠠᠭ ᠦᠨᠢᠳᠠ ᠶᠢᠨ ᠠᠶᠠᠯᠭᠤ ᠪᠣᠯᠣᠬᠰᠠᠠ᠃ | ︽ᠮᠢᠨᠣ ᠣᠮᠪᠣᠯᠣ᠂ ᠠᠪᠳᠠᠷ᠎ᠠ ᠲᠡᠭᠡᠷᠠᠬᠢ ᠷᠠᠳᠢᠣ᠋ ᠶᠢ ᠠᠪᠣᠭᠠᠳ ᠠᠯᠢ︕ ︿ᠰᠣᠨᠢᠠ ᠮᠡᠳᠡᠭᠡ ᠦᠷᠭᠡᠠ | ᠬᠠᠷᠠᠭᠠᠰᠣ﹀ ᠶᠠᠷᠢᠵᠣ ᠪᠠᠶᠢᠨ᠎ᠠ ᠰᠢᠣ᠂ ᠲᠠᠭᠤ ᠶᠢ ᠨᠢ ᠪᠠᠭ᠎ᠠ ᠴᠢᠩᠭᠠᠷᠠᠭᠤᠯᠣᠶᠠ︾ ᠭᠡᠵᠣ ᠡᠪᠦᠭᠡ ᠭᠡᠯᠡᠪᠠ᠃ | ᠡᠭᠡᠯᠵᠢᠯᠡᠬᠦ ᠡᠳᠣᠷ ᠬᠤᠨᠤᠭ᠂ ᠡᠷᠬᠢᠬᠦ ᠲᠦᠷᠪᠠᠠ ᠣᠯᠠᠷᠢᠯ ᠳᠤ ᠴᠦ ᠴᠠᠭ ᠲᠦᠷᠣ ᠲᠢᠪ ᠲᠡᠯᠡᠭᠡᠢ ᠶᠢᠨ ᠬᠠᠯᠠᠮᠰᠢᠯ | ᠵᠣᠭᠤᠭ ᠢ ᠷᠠᠳᠢᠣ᠋ ᠶᠢᠨ ᠢᠶᠠᠨ ᠠᠭᠠᠷ ᠤᠨ ᠴᠡᠩᠭᠡᠷ ᠲᠣᠯᠬᠢᠶᠠᠠ ᠢᠶᠠᠷ ᠰᠣᠨᠣᠰᠳᠠᠭ ᠡᠪᠦᠭᠡ ᠮᠢᠨᠢ ᠭᠡᠳᠣᠠ ᠴᠠᠭ ᠲᠤ | ᠶᠠᠮᠠᠷ ᠨᠡᠪᠳᠡᠷᠠᠬᠦᠯᠭᠡ ᠨᠡᠪᠳᠡᠷᠠᠬᠦᠯᠬᠦ ᠶᠢ ᠠᠯᠠᠭᠠᠨ ᠤ ᠪᠠᠨ ᠵᠢᠷᠣᠭᠠᠰᠣ ᠰᠢᠭ᠋ ᠲᠣᠳᠣᠷᠬᠠᠢ ᠮᠡᠳᠡᠳᠡᠭ ᠶᠤᠮ᠃ | ᠡᠪᠦᠭᠡ ᠮᠢᠨᠢ ᠭᠡᠳᠣᠶᠢᠪᠠᠷ ᠲᠠᠯ᠎ᠠ ᠶᠢᠨ ᠲᠠᠪᠠᠭ᠎ᠠ ᠶᠢ ᠲᠦᠬᠦᠵᠣ ᠶᠠᠪᠣᠭ᠎ᠠ ᠪᠣᠯᠪᠠᠴᠣ ᠡᠳᠣᠷ ᠲᠣᠳᠣᠮ ᠤᠨ | ᠠᠷᠰᠠᠷ ᠠᠵᠢᠯ ᠳᠤ ᠴᠠᠭᠠᠷᠠᠬᠰᠠᠠ ᠠᠴᠠ ᠠᠶᠢᠯ ᠠᠶᠢᠮᠠᠭ ᠤᠨ ᠬᠦᠮᠣᠰ ᠬᠠᠶᠠ ᠡᠪᠦᠭᠡ ᠶᠢ ᠭᠤᠶᠣᠵᠣ | ᠬᠠᠪᠰᠣᠷᠣᠭᠤᠯᠳᠠᠭ᠃ ᠲᠡᠬᠡᠬᠦ ᠳᠤ ᠡᠪᠦᠭᠡ ᠮᠢᠨᠢ ᠷᠠᠳᠢᠣ᠋ ᠪᠠᠨ ᠠᠪᠣᠭᠠᠳ ᠯᠠ ᠶᠠᠪᠣᠳᠠᠭ ᠵᠠᠩᠰᠢᠯ ᠲᠠᠢ᠃ ︽ᠲᠠ | ᠲᠡᠬᠦᠠ ᠢ ᠪᠠᠨ ᠶᠠᠭᠠᠬᠢᠭᠠᠳ ᠪᠡᠶ᠎ᠠ ᠠᠴᠠ ᠪᠠᠨ ᠰᠠᠯᠭᠠᠳᠠᠭ ᠦᠭᠡᠢ ᠪᠣᠢ︖︾ ᠭᠡᠵᠣ ᠠᠶᠢᠯ ᠤᠨ ᠬᠦᠮᠣᠰ | ᠠᠰᠠᠭᠤᠬᠤ ᠪᠠᠷ ︽ᠲᠡᠭᠡᠵᠣ ᠶᠠᠭᠠᠬᠢᠵᠣ ᠪᠣᠯᠬᠤ ᠪᠣᠢ︖ ᠡᠨᠡ ᠴᠢᠨᠢ ᠮᠢᠨᠣ ᠠᠮᠢᠠ ᠬᠠᠶᠢᠷᠠᠳᠠᠢ ︿ᠣᠷᠬᠤᠳᠠᠢ﹀᠂ | ᠭᠡᠷ ᠲᠤ ᠪᠠᠨ ᠰᠠᠭᠤᠵᠣ ᠪᠠᠶᠢᠬᠰᠠᠠ ᠴᠦ ᠲᠡᠯᠡᠭᠡᠢ ᠶᠠᠷᠢᠳᠢᠨᠴᠣ ᠪᠠᠷ ᠲᠣᠭᠤᠷᠢᠭᠠᠳ ᠢᠷᠩᠰᠠᠠ ᠶᠤᠮ ᠰᠢᠭ᠋ ᠣᠯᠣᠰ | ᠲᠦᠷᠣ ᠶᠢᠨ ᠪᠠᠶᠢᠳᠠᠯ ᠢ ᠲᠠᠷᠠ ᠲᠠᠷᠣᠢ ᠳᠤ ᠨᠢ ᠨᠡᠪᠳᠠ ᠮᠡᠳᠡᠴᠡᠭᠡᠳᠡᠭ ᠰᠢᠳᠢ ᠲᠠᠢ ᠰᠢᠣ︕︾ ᠭᠡᠳᠡᠭ ᠪᠢᠯᠠ᠃ | ᠨᠢᠭᠡ ᠣᠳᠠᠭ᠎ᠠ ᠡᠪᠦᠭᠡ ᠨᠠᠭᠠᠴᠣ ᠶᠢᠨ ᠳᠤ ᠲᠣᠣᠷ ᠵᠠᠰᠠᠬᠤ ᠪᠠᠷ ᠣᠴᠢᠭᠠᠳ ᠢᠷᠠᠬᠦ ᠳᠤ ᠪᠠᠨ ︽ ᠢᠰᠢ᠂ ᠠᠵᠢᠯ | ᠬᠢᠳᠠᠯ ᠭᠡᠭᠰᠡᠭᠡᠷ ᠪᠠᠶᠢᠭᠠᠳ ᠷᠠᠳᠢᠣ᠋ ᠪᠠᠨ ᠪᠦᠷ ᠲᠣᠭᠤᠰᠣᠠ ᠳᠤ ᠲᠠᠷᠣᠬᠳᠠᠭᠤᠯᠴᠢᠬᠠᠯᠠ ᠰᠢᠣ︾ ᠭᠡᠵᠣ ᠪᠠᠷᠢᠠ | ᠲᠣᠣᠷ᠎ᠠ ᠨᠢ ᠠᠯᠴᠢᠭᠤᠷ ᠠᠪᠤᠭᠠᠳ ᠵᠦᠯᠬᠦᠵᠣ ᠯᠠ ᠪᠠᠶᠢᠯ᠎ᠠ᠃ ᠵᠠᠷᠢᠮ ᠣᠷᠣᠢ ᠳᠤ ᠪᠠᠨ ᠡᠪᠦᠭᠡ ᠮᠢᠨᠢ ᠷᠠᠳᠢᠣ᠋ ᠪᠠᠨ | ᠤᠨᠳᠠᠷᠭᠠᠬᠤ ᠪᠠᠨ ᠮᠠᠷᠳᠠᠭᠠᠳ ᠷᠠᠳᠢᠣ᠋ ᠶᠢᠨ ᠢᠶᠠᠨ ᠢᠷᠠᠭᠤ ᠴᠡᠭᠡᠯᠭᠡᠠ ᠡᠭᠡᠰᠢᠭ ᠲᠠᠢ ᠬᠠᠮᠳᠣ ᠠᠮᠳᠠᠳᠣ ᠨᠣᠶᠢᠷ ᠲᠤ | ᠪᠠᠨ ᠣᠷᠣᠴᠢᠬᠠᠬᠰᠠᠠ ᠪᠠᠶᠢᠳᠠᠭ᠃ | ᠢᠰᠢᠭᠡ ᠬᠤᠷᠠᠭ᠎ᠠ ᠶᠢᠨ ᠲᠣᠬᠯᠠᠭᠠᠠ᠂ ᠦᠨᠢᠶ᠎ᠠ ᠲᠣᠭᠤᠯ ᠤᠨ ᠮᠦᠭᠡᠷᠠᠯᠳᠣᠭᠡᠠ ᠲᠠᠢ ᠮᠠᠯᠵᠢᠬᠤ ᠠᠮᠢᠳᠣᠷᠠᠯ | ᠳᠤ ᠶᠡᠭᠡ ᠲᠣᠰᠠ ᠲᠡᠮ ᠪᠣᠯᠳᠠᠭ ᠴᠠᠭ ᠠᠭᠤᠷ ᠤᠨ ᠣᠷᠢᠳᠴᠢᠯᠠᠬᠰᠠᠠ ᠮᠡᠳᠡᠭᠡ ᠶᠢ ᠡᠪᠦᠭᠡ ᠮᠢᠨᠢ ᠬᠠᠮᠤᠭ ᠠᠴᠠ | ᠰᠡᠳᠬᠢᠯ ᠲᠠᠯᠪᠢᠠ ᠠᠩᠬᠠᠷᠴᠣ ᠰᠣᠨᠣᠰᠳᠠᠭ ᠰᠠᠠ᠃ ᠬᠦᠷᠴᠣ ᠢᠷᠠᠬᠦ ᠮᠠᠷᠭᠠᠰᠢ ᠨᠦᠬᠦᠭᠡᠳᠣᠷ ᠤᠨ ᠴᠠᠭ ᠠᠭᠤᠷ ᠤᠨ | ᠮᠡᠳᠡᠭᠡᠠ ᠳᠤ ᠰᠠᠯᠬᠢᠠ ᠪᠣᠷᠣᠭᠠᠠ ᠲᠠᠢ ᠭᠡᠵᠣ ᠮᠡᠳᠡᠭᠡᠯᠠᠪᠠᠯ ᠠᠪᠤ ᠡᠵᠢ ᠳᠤ ᠭᠡᠯᠠᠵᠣ ᠬᠢᠭᠡᠳᠣᠢ ᠪᠡᠯᠡᠳᠭᠡᠬᠦᠳᠠᠢ ᠠᠵᠢᠯ | ᠢᠶᠠᠨ ᠪᠣᠱᠢᠭᠤ ᠲᠦᠷᠭᠡᠠ ᠠᠮᠵᠢᠭᠤᠯ ᠭᠡᠵᠣ ᠵᠠᠬᠢᠳᠠᠭ᠃ ᠡᠨᠡ ᠡᠳᠣᠷ ᠨᠠᠷᠠᠠ ᠠᠪᠠᠭ᠋ᠠᠢ ᠲᠦᠮᠠ ᠮᠢᠩᠭᠠᠠ ᠰᠢᠷᠭᠡᠭ | ᠰᠢᠷᠭᠠᠯ ᠲᠣᠶᠠᠭ᠎ᠠ ᠪᠠᠨ ᠡᠭᠡ ᠲᠡᠯᠡᠭᠡᠢ ᠳᠤ ᠬᠠᠶᠢᠷ᠎ᠠ ᠨᠠᠶᠢᠷ ᠦᠭᠡᠢ ᠲᠣᠰᠬᠠᠠ ᠵᠢᠩᠨᠡᠬᠦᠷ ᠲᠣᠭᠤᠭᠠᠠ ᠳᠤ ᠣᠷᠣᠬᠰᠠᠠ | ᠰᠢᠭ᠋ ᠪᠦᠭᠴᠢᠮ ᠬᠠᠯᠠᠭᠤᠠ ᠪᠠᠶᠢᠯ᠎ᠠ᠃ ᠴᠠᠭ ᠠᠭᠤᠷ ᠤᠨ ᠣᠷᠢᠳᠴᠢᠯᠠᠬᠰᠠᠠ ᠮᠡᠳᠡᠭᠡᠠ ᠳᠤ ︽ᠦᠨᠣᠳᠣᠷ ᠲᠣᠩᠭᠠᠯᠠᠭ | ᠂ ᠮᠠᠷᠭᠠᠰᠢ ᠠᠶᠣᠩᠭᠠᠳᠣ ᠪᠣᠷᠣᠭᠠᠠ ᠲᠠᠢ︾ ᠭᠡᠵᠣ ᠮᠡᠳᠡᠭᠡᠯᠠᠪᠠ᠃ ᠮᠠᠠ ᠤ ᠬᠢ ᠨᠢᠭᠡ ᠦᠨᠢᠶ᠎ᠠ ᠪᠠᠨ ᠠᠯᠳᠠᠭᠠᠳ | ᠬᠤᠨᠤᠭ ᠦᠨᠵᠡᠵᠡᠢ᠃ ᠡᠵᠢ ᠮᠢᠨᠢ ᠮᠠᠷᠭᠠᠰᠢ ᠠᠶᠣᠩᠭᠠᠳᠣ ᠪᠣᠷᠣᠭᠠᠠ ᠲᠠᠢ ᠭᠡᠳᠡᠭ ᠢ ᠰᠣᠨᠣᠰᠣᠮᠠᠬᠴᠠ ᠮᠠᠯ ᠠᠶᠣᠩᠭ᠎ᠠ | ᠶᠢᠨ ᠲᠠᠭᠤᠠ ᠠᠴᠠ ᠦᠷᠬᠦᠵᠣ ᠨᠠᠳᠬᠤᠭᠠᠳ ᠣᠯᠠᠮ ᠬᠤᠯᠠ ᠶᠠᠪᠣᠴᠢᠬᠠᠬᠤ ᠪᠣᠢ ᠭᠡᠵᠣ ᠡᠨᠡ ᠦᠳᠠ ᠶᠢᠨ ᠠᠯᠳᠠ | ᠪᠠᠷ ᠡᠷᠢᠯ ᠳᠤ ᠭᠠᠷᠴᠠᠢ᠃ ᠣᠷᠣᠢ ᠣᠳᠣᠳ ᠲᠦᠭᠡᠬᠦ ᠦᠶᠠᠰ ᠢᠶᠠᠷ ᠠᠪᠤ ᠡᠵᠢ ᠲᠡᠷᠠ ᠬᠤᠯᠠ ᠴᠠᠭᠠᠠ ᠬᠤᠳᠠ ᠶᠢᠨ | ᠡᠷᠬᠢ ᠠᠴᠠ ᠦᠨᠢᠶ᠎ᠠ ᠪᠠᠨ ᠣᠯᠵᠣ ᠠᠪᠴᠢᠷᠠᠵᠣ ᠪᠢᠯᠠ᠃ | ᠮᠠᠷᠭᠠᠰᠢ ᠨᠢ ᠦᠨᠡᠭᠡᠷ ᠡᠪᠦᠭᠡ ᠶᠢᠨ ᠭᠡᠯᠡᠭᠰᠠᠠ ᠰᠢᠭ ᠢᠶᠠᠷ ᠲᠣᠩᠭᠠᠯᠠᠭ ᠴᠡᠯᠮᠡᠬᠦᠠ ᠪᠠᠶᠢᠬᠰᠠᠠ ᠣᠬᠳᠠᠷᠭᠤᠢ | ᠭᠡᠨᠡᠳᠳᠠ ᠣᠮᠠᠷ᠎ᠠ ᠵᠦᠭ ᠠᠴᠠ ᠪᠣᠷᠣᠭᠠᠠ ᠤ ᠪᠣᠰᠤᠭ᠎ᠠ ᠡᠬᠦᠯᠠ ᠨᠡᠬᠦᠳᠡᠯᠯᠡᠵᠣ ᠪᠠᠷᠠᠭᠠᠠ ᠡᠬᠦᠯᠠ ᠲᠠᠭ ᠪᠢᠳᠡᠬᠦᠣ | ᠪᠦᠷᠬᠦᠠ ᠬᠦᠳᠡᠭᠡ ᠨᠣᠳᠤᠭ ᠭᠡᠭᠴᠢ ᠨᠦᠭᠡ ᠭᠡᠮᠠᠷ ᠲᠦᠨᠠᠷ ᠬᠠᠷᠠᠩᠭᠤᠢ᠂ ᠬᠢᠯᠪᠠᠭᠠᠨ ᠪᠠᠶᠢᠠ ᠪᠠᠶᠢᠠ ᠬᠢᠯᠪᠠᠭᠠᠳ | ᠠᠶᠣᠩᠭ᠎ᠠ ᠶᠢᠨ ᠲᠠᠭᠤᠠ ᠯᠦᠷ ᠯᠦᠷ ᠦᠷᠬᠦᠯᠵᠢᠯᠡᠵᠣ ᠰᠠᠭᠤᠯᠠᠭ᠎ᠠ ᠰᠠᠪᠠ ᠪᠠᠷ ᠴᠢᠳᠬᠤᠬᠰᠠᠠ ᠠᠭᠠᠳᠠᠷ ᠪᠣᠷᠣᠭᠠᠠ | ᠤᠮᠳᠠ ᠰᠠᠨᠠᠬᠰᠠᠠ ᠭᠠᠵᠠᠷ ᠤᠨ ᠬᠦᠷᠣᠰᠣ ᠶᠢ ᠬᠠᠨᠲᠠᠯ᠎ᠠ ᠣᠮᠳᠠᠯᠠᠵᠣ ᠪᠢᠯᠠ᠃ | ᠡᠪᠦᠭᠡ ᠮᠢᠨᠢ ᠪᠠᠰᠠ ᠷᠠᠳᠢᠣ᠋ ᠠᠴᠠ ᠰᠣᠨᠣᠰᠣᠬᠰᠠᠠ ᠰᠣᠨᠢᠠ ᠰᠣᠨᠣᠰᠬᠠᠯ᠂ ᠦᠯᠢᠭᠡᠷ ᠲᠣᠮᠤᠭ ᠢᠶᠠᠨ ᠪᠢᠳᠠᠠ | ᠳᠤ ᠴᠠᠢ ᠶᠢᠨ ᠵᠣᠭᠤᠭ᠂ ᠠᠷᠢᠬᠢᠠ ᠤ ᠵᠠᠭᠤᠰᠢ ᠪᠣᠯᠭᠠᠠ ᠶᠠᠷᠢᠵᠣ ᠦᠭᠳᠡᠭ᠂ ᠨᠢᠭᠡ ᠣᠳᠠᠭ᠎ᠠ ᠡᠪᠦᠭᠡ ︽ᠬᠦᠮᠣᠠ | ᠢᠳᠡᠬᠦ ᠮᠣᠳᠣ︾ ᠭᠡᠬᠦ ᠬᠠᠴᠢᠨ ᠣᠴᠢᠷ ᠢ ᠶᠠᠷᠢᠵᠡᠢ᠃ ᠪᠢ ᠴᠢᠬᠢ ᠪᠠᠨ ᠢᠳᠡᠭᠡᠵᠣ ᠶᠠᠳᠠᠠ ᠷᠠᠳᠢᠣ᠋ ᠲᠡᠭᠡᠷ᠎ᠠ ᠪᠠᠰᠠ | ᠲᠧᠯᠸᠢᠰ ᠰᠢᠭ ᠡᠶᠢᠮᠣ ᠰᠣᠨᠢᠠ ᠰᠡᠪᠡᠬᠦᠠ ᠵᠣᠶᠢᠯ ᠢ ᠶᠠᠷᠢᠴᠢᠬᠠᠲᠠᠭ ᠤᠤ ᠭᠡᠵᠣ ᠰᠣᠨᠢᠭᠤᠴᠢᠯᠠᠠ ᠡᠪᠦᠭᠡ ᠲᠠᠢ ᠪᠠᠨ | ᠴᠤᠭ ᠮᠣᠩᠭᠤᠯ ᠷᠠᠳᠢᠣ᠋ ᠪᠠᠨ ᠰᠣᠨᠣᠰᠬᠤ ᠪᠣᠯᠪᠠ᠃ ᠦᠨᠡᠭᠡᠷᠠᠠ ᠠᠩᠬᠠᠷᠣᠬᠰᠠᠠ ᠢᠶᠠᠷ ︽ᠱᠠᠩᠬᠠᠢ ᠬᠢᠴᠠ ᠲᠠᠢ | ᠪᠠᠨᠲᠤᠤᠲ᠋ᠢ᠂ ᠱᠠᠩᠨᠠᠯ ᠳᠤ ᠢᠷᠩᠰᠠᠠ ᠪᠡᠯᠩ ᠶᠤᠮ ᠠ ᠬᠦᠢ᠂ ᠱᠠᠯᠠᠮᠠᠭᠠᠢ ᠰᠠᠶᠢᠠ ᠠᠵᠢᠯᠯᠠᠯ᠎ᠠ ᠭᠡᠳ ᠰᠠᠶᠢᠰᠢᠶᠠᠵᠣ | ᠦᠭᠬᠦᠭᠰᠠᠠ ᠷᠠᠳᠢᠣ᠋ ᠶᠤᠮ ᠠ ᠬᠦᠢ ᠁ ᠁︾ ᠭᠡᠵᠣ ᠲᠠᠭᠤᠯᠠᠭᠠᠳ ᠯᠠ ᠪᠠᠶᠢᠳᠠᠭ ᠪᠠᠨᠲᠤᠤᠲ᠋ᠢ ᠭᠡᠳᠡᠭ ᠨᠢ | ᠦᠨᠠᠠ ᠬᠦ ︽ᠨᠠᠨᠳᠢᠠ ᠡᠷᠳᠡᠨᠢ︾ ᠪᠠᠶᠢᠵᠡᠢ᠃ ᠦᠪᠦᠷ ᠮᠣᠩᠭᠤᠯ ᠤᠨ ᠷᠠᠳᠢᠤ᠋ ᠲᠣᠳᠣᠭᠠᠳᠣ ᠭᠠᠳᠠᠭᠠᠳᠣ ᠶᠢᠨ ᠰᠣᠷᠠᠭ | ᠵᠠᠩᠬᠢ᠂ ᠰᠣᠨᠢᠠ ᠰᠣᠨᠣᠰᠬᠠᠯ᠂ ᠮᠠᠯᠴᠢᠠ ᠲᠠᠷᠢᠶᠠᠴᠢᠠ ᠤ ᠣᠶᠢᠯᠡᠳᠣᠯᠭᠡ ᠬᠦᠳᠡᠯᠮᠣᠷᠢ ᠶᠢ ᠲᠡᠮᠵᠢᠭᠰᠡᠠ ︽ᠮᠠᠯᠴᠢᠠ | ᠲᠠᠷᠢᠶᠠᠴᠢᠨ ᠤ ᠬᠠᠨᠢ︾ ᠨᠡᠪᠳᠡᠷᠡᠭᠦᠯᠬᠡ ᠪᠠᠶᠢᠬᠤ ᠳᠤ᠂ ᠦᠷᠯᠣᠭᠡ ᠶᠢᠨ ᠨᠠᠷᠠ ᠶᠢ ᠲᠣᠭᠤᠨᠣ ᠪᠠᠷ ᠵᠣᠯᠭᠠᠠ | ᠮᠡᠨᠳᠣᠴᠢᠯᠡᠳᠡᠭ ᠤᠯᠠᠭᠠᠨᠬᠠᠳᠠ ᠶᠢᠨ ᠷᠠᠳᠢᠤ᠋ ᠶᠢᠨ ︽ᠣᠶᠠᠩᠭ᠎ᠠ ᠪᠠᠷ ᠰᠦᠯᠡᠭᠰᠠᠠ ᠦᠷᠯᠦᠬᠡ ᠶᠢᠨ ᠴᠠᠢ᠂ ᠣᠳᠬ᠎ᠠ | ᠣᠷᠠᠯᠢᠭ ᠤᠨ ᠰᠢᠭᠤᠣᠠ ᠨᠡᠪᠳᠡᠷᠠᠬᠦᠯᠭᠡ︾ ᠵᠡᠷᠭᠡ ᠣᠯᠠᠠ ᠲᠣᠰᠬᠠᠢ ᠨᠡᠪᠳᠡᠷᠠᠬᠦᠯᠭᠡ ᠲᠠᠢ ᠶᠢ ᠨᠢ ᠣᠬᠠᠬᠰᠠᠠ ᠪᠢᠯᠠ᠃ | ᠪᠠᠰᠠ ᠨᠠᠳᠠ ᠰᠢᠭ᠋ ᠦᠰᠪᠣᠷᠢ ᠶᠢᠨ ᠪᠠᠭᠠᠴᠣᠣᠠ ᠤᠨ ᠦᠭᠡᠳᠠᠯᠠᠠ ᠲᠠᠪᠰᠢᠬᠤ ᠳᠤ ᠵᠣᠷᠢᠭᠤᠯᠣᠬᠰᠠᠠ | ᠢᠨᠢᠶᠠᠳᠣᠮ ᠱᠤᠭ ᠬᠤᠱᠣᠩ ᠶᠦᠮᠣᠷ᠂ ᠬᠦᠭᠵᠢᠮᠯᠢᠭ ᠢᠷᠠᠭᠤ ᠰᠢᠯᠣᠭ᠌ ᠣᠶᠠᠩᠭᠠᠯᠠᠯ᠂ ᠣᠷᠠᠠ ᠲᠦᠷᠰᠣᠯᠠᠯ | ᠣᠶᠠᠩᠭ᠎ᠠ ᠲᠠᠭᠤᠣ ᠲᠠᠢ ︽ᠭᠡᠣᠭᠡᠣᠠ ᠤᠨ ᠶᠠᠷᠢᠳᠢᠨᠴᠣ︾ ᠨᠡᠪᠳᠡᠷᠠᠬᠦᠯᠭᠡ ᠶᠢ ᠪᠢ ᠦᠷᠬᠦᠯᠵᠢ ᠠᠩᠬᠠᠷᠣᠠ | ᠰᠣᠨᠣᠰᠳᠠᠭ᠃ ︽ᠭᠡᠣᠭᠡᠣᠠ ᠤᠨ ᠶᠠᠷᠳᠢᠨᠴᠣ︾ ᠨᠡᠪᠳᠡᠷᠠᠬᠦᠯᠭᠡ ᠶᠢᠨ ᠡᠬᠢᠯᠡᠬᠦ ᠴᠠᠭ ᠪᠣᠯᠣᠮᠠᠬᠴᠠ ᠯᠠ ᠷᠠᠳᠢᠣ᠋ ᠶᠢ | ᠡᠪᠦᠭᠡ ᠠᠴᠠ ᠪᠠᠨ ᠪᠣᠯᠢᠶᠠᠵᠣ ᠦᠪᠡᠷ ᠤᠨ ᠴᠢᠬᠢᠠ ᠤ ᠪᠠᠨ ᠬᠠᠵᠠᠭᠤ ᠳᠤ ᠲᠠᠯᠪᠢᠳᠠᠭ ᠲᠠᠳᠬᠠᠯ ᠲᠠᠢ ᠪᠣᠯᠵᠡᠢ᠃ | ᠡᠨᠡ ᠣᠳᠠᠭᠠᠠ ᠤ ᠨᠡᠪᠳᠡᠷᠠᠬᠦᠯᠭᠡ ᠳᠤ ᠬᠦᠳᠣᠯᠣᠭ᠍ᠴᠢ ᠰᠠᠶᠢᠨ᠎ᠠ ᠠᠪᠠᠭ᠎ᠠ ︽ᠰᠢᠪᠡᠵᠢ ᠶᠢᠨ ᠴᠢᠰᠣ ᠶᠠᠮᠠᠷ | ᠦᠩᠭᠡ ᠲᠠᠢ ᠪᠣᠢ︖︾ ᠭᠡᠬᠦ ᠠᠰᠠᠭᠤᠯᠳᠠ ᠲᠣᠷᠠᠳᠪᠠ᠃ ᠪᠢ ᠣᠯᠠᠭᠠᠠ ᠦᠩᠭᠡ ᠲᠠᠢ ᠰᠢᠳᠠ ᠭᠡᠵᠣ ᠲᠣᠳᠣᠷ᠎ᠠ | ᠪᠠᠨ ᠰᠡᠮ ᠪᠣᠳᠣᠵᠣ ᠪᠠᠶᠢᠳᠠᠯ᠎ᠠ ᠨᠡᠪᠳᠡᠷᠠᠬᠦᠯᠭᠡ ᠳᠤ ᠣᠷᠣᠯᠴᠠᠬᠰᠠᠠ ᠪᠢᠴᠢᠬᠠᠠ ᠨᠠᠶᠢᠵᠠ ᠶᠢᠨ ᠬᠠᠷᠢᠭᠤᠯᠣᠬᠰᠠᠠ ᠨᠢ | ᠴᠦ ᠮᠢᠨᠣᠬᠢ ᠲᠠᠢ ᠦᠵᠠᠯᠳᠠ ᠨᠢᠭᠡᠳᠠᠢ ᠪᠠᠶᠢᠯ᠎ᠠ᠃ ᠬᠠᠮᠤᠭ ᠰᠡᠬᠦᠯ ᠳᠤ ᠨᠡᠪᠳᠡᠷᠠᠬᠦᠯᠭᠡ ᠲᠠᠭᠤᠰᠬᠤ ᠦᠶ᠎ᠠ ᠪᠠᠷ | ᠰᠠᠶᠢᠨ᠎ᠠ ᠠᠪᠠᠭ᠎ᠠ ︽ᠰᠢᠪᠠᠵᠢ ᠶᠢᠨ ᠴᠢᠰᠣ ᠨᠢ ᠣᠯᠠᠭᠠᠠ ᠦᠩᠭᠡ ᠲᠠᠢ ᠪᠢᠰᠢ ᠰᠢᠣ︕ ᠨᠠᠶᠢᠵᠠ ᠨᠠᠷ ᠡ᠂ ᠬᠠᠷᠢᠠ | ᠰᠢᠷ᠎ᠠ ᠦᠩᠭᠡ ᠲᠠᠢ ᠭᠡᠳᠡᠭ ᠢ ᠪᠢᠳᠡᠭᠡᠢ ᠮᠠᠷᠳᠠᠭᠠᠷᠠᠢ︕︾ ᠭᠡᠵᠣ ᠲᠠᠶᠢᠯᠪᠣᠷᠢᠯᠠᠯᠠ᠃ ᠪᠢ ᠡᠨᠡᠬᠦ ᠷᠠᠳᠢᠣ᠋ ᠠᠴᠠ ᠪᠠᠨ | ᠣᠯᠣᠬᠰᠠᠠ ︽ᠡᠷᠳᠡᠨᠢ︾ ᠪᠠᠷ ᠢᠶᠠᠨ ᠬᠠᠮᠳᠣ ᠨᠦᠬᠦᠳ ᠢᠶᠠᠨ ᠭᠠᠷᠳᠠᠭᠠᠬᠰᠠᠠ ᠪᠠᠶᠢᠯ᠎ᠠ᠃ | ᠢᠩᠬᠢᠵᠣ ᠪᠢ ᠡᠪᠦᠭᠡ ᠶᠢᠨ ᠢᠶᠠᠨ ᠬᠦᠳᠣᠯᠣᠮᠵᠢ ᠪᠠᠷ ᠷᠠᠳᠢᠣ᠋ ᠠᠴᠠ ᠪᠠᠨ ᠡᠷᠢᠭᠡᠳ ᠣᠯᠳᠠᠬᠤ ᠦᠭᠡᠢ | ᠡᠷᠳᠡᠨᠢ᠂ ᠰᠣᠷᠣᠭᠠᠳ ᠪᠠᠷᠠᠬᠤ ᠦᠭᠡᠢ ᠰᠣᠪᠣᠳ ᠲᠡᠬᠦᠵᠣ᠂ ᠠᠭᠤᠳᠠᠯᠬᠤ ᠲᠣᠳᠣᠮ ᠣᠨᠳᠣᠷᠳᠠᠭ ᠡᠭᠡ ᠮᠣᠩᠭᠤᠯ | ᠰᠣᠶᠣᠯ ᠤᠨ ᠢᠶᠠᠨ ᠲᠠᠷᠬᠠᠠ ᠦᠪ ᠲᠤ ᠨᠢ ᠪᠠᠶᠠᠰᠣᠠ ᠷᠠᠳᠢᠣ᠋ ᠶᠢᠨ ᠢᠶᠠᠨ ︽ᠪᠢᠴᠢᠬᠠᠠ ᠰᠣᠨᠣᠰᠣᠬᠴᠢ︾ ᠪᠣᠯᠣᠬᠰᠠᠠ | ᠰᠠᠠ᠃ | ᠨᠠᠷᠠ ᠰᠢᠷᠭᠠᠯᠳᠤᠭᠰᠠᠨ ᠬᠤᠷᠸ᠎ᠠ ᠶᠢᠨ ᠡᠳᠣᠷ ᠬᠤᠨᠤᠭ ᠬᠠᠷᠠᠵᠣ ᠪᠠᠶᠢᠳᠠᠯ᠎ᠠ ᠦᠩᠭᠡᠷᠠᠠ ᠪᠢ ᠴᠦ ᠲᠣᠮᠳᠠᠳᠣ | ᠰᠣᠷᠭᠠᠭᠤᠯᠢ ᠶᠢᠨ ᠰᠣᠷᠣᠬᠴᠢ ᠪᠣᠯᠵᠣ ᠷᠠᠳᠢᠣ᠋ ᠠᠴᠠ ᠪᠠᠨ ᠰᠣᠨᠢᠠ ᠰᠠᠶᠢᠬᠠᠠ ᠮᠡᠳᠡᠯᠭᠡ ᠬᠤᠷᠠᠮᠳᠣᠭᠤᠯᠬᠤ ᠴᠠᠭ ᠴᠦ | ᠬᠤᠮᠰᠠᠳᠠᠵᠡᠢ᠃ ᠭᠡᠪᠡᠴᠣ ᠭᠡᠭᠡᠠ ᠰᠡᠳᠬᠢᠯ ᠲᠠᠢ ᠡᠪᠦᠭᠡ ᠶᠢᠨ ᠭᠡᠷ ᠤᠨ ᠢᠶᠠᠨ ᠬᠤᠶᠢᠮᠣᠷ ᠢ ᠡᠵᠡᠯᠡᠩᠭᠡᠠ ᠰᠠᠭᠤᠭᠠᠳ | ᠷᠠᠳᠢᠣ᠋ ᠪᠠᠨ ᠰᠣᠨᠣᠰᠴᠣ ᠪᠠᠶᠢᠬᠤ ᠪᠣᠷᠬᠠᠠ ᠲᠦᠷᠢ ᠨᠢ ᠨᠢᠳᠣᠠ ᠳᠤ ᠪᠦᠷᠳᠣᠯᠵᠡᠵᠣ ︽ᠭᠡᠣᠭᠡᠣᠠ ᠤᠨ ᠶᠢᠷᠳᠢᠨᠴᠣ︾ | ᠨᠡᠪᠳᠡᠷᠠᠬᠦᠯᠭᠡ ᠶᠢᠨ ︽ᠭᠡᠣᠭᠡᠣᠠ ᠤᠳ ᠡ︕ ᠭᠡᠣᠭᠡᠣᠠ ᠤᠳ ᠡ︕ ᠮᠠᠠ ᠤ ᠷᠠᠳᠢᠣ᠋ ᠶᠠᠭᠤ ᠪᠣᠯ ᠡ︕ ᠭᠡᠣᠭᠡᠣᠠ | ᠤᠨ ᠶᠢᠷᠳᠢᠨᠴᠣ ᠶᠠᠷᠢᠵᠣ ᠪᠠᠶᠢᠨ᠎ᠠ᠂ ᠮᠠᠷᠭᠠᠰᠢ ᠲᠠᠬᠢᠭᠠᠳ ᠵᠣᠯᠭᠠᠨ᠎ᠠ ᠰᠢᠣ︕ ᠡᠩᠬᠦᠷᠡᠢ ᠬᠦᠭᠡᠷᠣᠬᠦᠠ ᠲᠡᠬᠦᠣ ᠨᠠᠷ | ᠮᠢᠨᠢ ᠪᠠᠶᠠᠷᠳᠠᠢ︕︾ ᠭᠡᠬᠦ ᠢᠷᠠᠭᠤᠬᠠᠨ ᠡᠭᠡᠰᠢᠭ ᠰᠣᠨᠣᠷ ᠲᠤ ᠦᠶ᠎ᠠ ᠦᠶ᠎ᠠ ᠲᠣᠭᠤᠯᠳᠠᠮᠠᠷ ᠪᠣᠯᠬᠤ ᠶᠤᠮ᠃ | ᠡᠨᠡ ᠵᠣᠠ ᠤ ᠠᠮᠠᠷᠠᠯᠳᠠ ᠳᠤ ᠪᠢ ᠡᠪᠦᠭᠡ ᠶᠢᠨ ᠷᠠᠳᠢᠣ᠋ ᠱᠣᠣᠬᠢᠭᠠᠳ ᠶᠠᠭᠤᠮ᠎ᠠ ᠣᠯᠵᠣ ᠰᠣᠨᠣᠰᠬᠤ ᠦᠭᠡᠢ | ᠪᠠᠶᠢᠨ᠎ᠠ ᠭᠡᠬᠦ ᠪᠠᠷ ᠨᠢ ᠰᠢᠨ᠎ᠠ ᠷᠠᠳᠢᠣ᠋ ᠠᠪᠣᠭᠠᠳ ᠣᠴᠢᠬᠰᠠᠠ ᠪᠢᠯᠠ᠃ ᠨᠠᠮᠢᠢ ᠣᠴᠢᠬᠤ ᠳᠤ ᠡᠪᠦᠭᠡ ᠯᠣᠩᠬᠤᠠ ᠳᠤ | ᠬᠤᠷᠢᠬᠳᠠᠬᠰᠠᠠ ᠵᠦᠭᠡᠢ ᠶᠢᠨ ᠲᠠᠭᠤᠠ ᠠᠴᠠ ᠣᠯᠠᠮ ᠴᠠᠭᠠᠰᠢ ᠪᠣᠯᠴᠢᠬᠠᠬᠰᠠᠠ ᠷᠠᠳᠢᠣ᠋ ᠪᠠᠨ ᠮᠥᠨ ᠯᠠ | ᠰᠣᠨᠣᠰᠣᠬᠰᠠᠭᠠᠷ ᠪᠠᠶᠢᠯ᠎ᠠ᠃ ᠪᠢ ︽ᠡᠪᠦᠭᠡ ᠡ︕ ᠣᠳᠣ ᠲᠡᠷᠠ ᠷᠠᠳᠢᠣ᠋ ᠪᠠᠨ ᠰᠣᠨᠣᠰᠬᠤ ᠭᠡᠷᠩ ᠦᠭᠡᠢ᠂ ᠮᠢᠨᠣ | ᠠᠪᠴᠢᠷᠠᠬᠰᠠᠠ ᠢ ᠰᠣᠨᠣᠰᠴᠢᠬᠠ︾ ᠭᠡᠬᠦ ᠳᠤ ᠡᠪᠦᠭᠡ᠄ ︽ᠬᠠᠢ᠂ ᠵᠣᠪᠠᠯᠠᠩ ᠤᠨ ᠲᠡᠷᠭᠡ ᠵᠠᠭᠤ ᠣᠩᠬᠤᠯᠤᠭᠰᠠᠨ | ᠭᠠᠴᠢᠭ ᠵᠢᠯ ᠤᠳ ᠢ ᠬᠠᠮᠳᠣ ᠲᠣᠭᠤᠯᠣᠬᠰᠠᠠ ᠪᠠᠨᠲᠤᠤᠲ᠋ᠢ ᠮᠢᠨᠢ᠂ ᠡᠵᠠᠠ ᠲᠠᠢ ᠪᠠᠨ ᠠᠳᠠᠯᠢ ᠬᠦᠭᠰᠢᠠ ᠬᠤᠨᠢᠠ ᠤ | ᠨᠠᠰᠣ ᠲᠠᠢ ᠪᠣᠯᠴᠢᠬᠠᠵᠡᠢ᠂ ᠬᠠᠷᠢᠠ ᠵᠢᠷᠭᠠᠯᠠᠩ ᠤᠨ ᠴᠡᠴᠡᠭᠡᠰ ᠮᠢᠩᠭ᠎ᠠ ᠮᠢᠷᠠᠯᠵᠡᠬᠰᠠᠠ ᠪᠠᠶᠠᠠ ᠲᠠᠩᠰᠤᠭ ᠴᠠᠭ ᠲᠤ | ᠵᠠᠶᠠᠭᠠᠬᠰᠠᠠ ᠣᠮᠪᠣᠯᠣ ᠮᠢᠨᠢ ᠠᠵᠠ ᠶᠢᠨ ᠲᠡᠭᠷᠢ ᠳᠤ ᠢᠪᠡᠭᠡᠭᠳᠡᠭᠰᠠᠠ ᠪᠣᠶᠠᠠ ᠲᠠᠢ ᠴᠠᠭ ᠢᠶᠠᠨ ᠨᠠᠠᠳᠢᠩᠨᠡᠵᠣ ᠮᠣᠩᠭᠤᠯ | ᠬᠦᠮᠣᠠ ᠵᠣᠠ ᠢᠶᠠᠨ ᠬᠠᠶᠢᠷᠠᠯᠠᠵᠣ᠂ ᠮᠣᠩᠭᠤᠯ ᠦᠭᠡ ᠭᠡᠯ᠎ᠠ ᠦᠰᠣᠭ᠌ ᠪᠢᠴᠢᠭ ᠢᠶᠠᠨ ᠰᠦ ᠰᠢᠭ ᠴᠠᠭᠠᠠ ᠢᠶᠠᠷ ᠨᠢ | ᠬᠤᠯᠢᠴᠠ ᠦᠭᠡᠢ ᠬᠠᠮᠠᠭᠠᠯᠠᠠ ᠬᠦᠭᠵᠢᠬᠦᠯᠬᠦ ᠭᠡᠷᠩᠳᠠᠢ ᠰᠢᠣ︕︾ ᠭᠡᠵᠣ ᠵᠣᠯᠠᠢ ᠶᠢ ᠮᠢᠨᠢ ᠢᠯᠪᠢᠠ ᠬᠠᠶᠢᠷᠠᠯᠠᠬᠰᠠᠠ | ᠨᠠᠠᠳᠢᠠ ᠰᠣᠷᠭᠠᠯ ᠨᠢ ᠬᠦᠷᠬᠦ ᠢᠷᠠᠭᠡᠳᠣᠢ ᠶᠢᠨ ᠠᠯᠣᠰ ᠤᠨ ᠠᠶᠠᠠ ᠳᠤ ᠴᠠᠮᠬᠠᠭ ᠪᠣᠯᠣᠠ ᠭᠡᠷᠠᠯᠳᠣᠭ᠍ᠰᠠᠠ ᠪᠢᠯᠠ᠃ | ᠬᠦᠷᠣᠰᠣᠳᠣ ᠠᠯᠳᠠᠠ ᠲᠡᠯᠡᠭᠡᠢ ᠶᠢᠨ ᠣᠷᠤᠭ᠎ᠠ ᠪᠣᠰᠬᠠᠭ᠎ᠠ ᠵᠢᠯ ᠤᠳ ᠲᠤ ᠰᠠᠯᠬᠢᠠ ᠪᠣᠷᠣᠭᠠᠠ ᠳᠤ | ᠴᠣᠬᠢᠭᠤᠯᠵᠣ ᠶᠠᠪᠣᠬᠰᠠᠠ ᠡᠪᠦᠭᠡ ᠮᠢᠨᠢ ᠠᠮᠢᠳᠣᠷᠠᠯ ᠤᠨ ᠡᠷᠬᠡᠠ ᠳᠤ ᠨᠢᠷᠣᠭᠤ ᠨᠢ ᠪᠦᠭᠳᠣᠶᠢᠵᠣ᠂ ᠦᠰᠣ ᠨᠢ | ᠪᠣᠭᠤᠷᠣᠯᠳᠣᠬᠰᠠᠠ ᠴᠦ ᠮᠣᠩᠭᠤᠯ ᠷᠠᠳᠢᠣ᠋ ᠪᠠᠨ ᠰᠣᠨᠣᠰᠳᠠᠭ᠂ ᠮᠣᠩᠭᠤᠯ ᠰᠣᠶᠣᠯ ᠳᠤ ᠪᠠᠨ ᠬᠠᠶᠢᠷᠠᠳᠠᠢ ᠪᠠᠶᠢᠬᠤ | ᠰᠡᠳᠬᠢᠯᠭᠡ ᠨᠢ ᠡᠬᠦᠷᠢᠳᠠ ᠬᠤᠪᠢᠷᠠᠭ᠎ᠠ ᠦᠭᠡᠢ ᠬᠠᠷᠢᠠ ᠣᠷᠭᠤᠬᠤ ᠨᠠᠷᠠ ᠲᠠᠢ ᠣᠷᠣᠯᠳᠣᠠ ᠪᠣᠶᠢᠵᠢᠭ᠎ᠠ ᠢᠷᠠᠭᠡᠳᠣᠢ | ᠶᠢᠨ ᠴᠣᠮᠣᠷᠯᠢᠭ ᠨᠠᠳᠠ ᠳᠤ ᠪᠠᠨ ᠣᠮᠳᠠᠯᠠᠭᠤᠠ ᠪᠠᠷᠠᠰᠢ ᠦᠭᠡᠢ ᠲᠡᠯᠭᠡᠷ ᠮᠣᠩᠭᠤᠯ ᠰᠣᠶᠣᠯ ᠤᠨ ᠲᠠᠷᠬᠠᠠ ᠦᠪ ᠢ | ᠬᠦᠷᠳᠡᠭᠡᠭᠰᠠᠠ ᠰᠠᠠ᠃ | ᠡᠭᠡ ᠬᠡᠯᠡᠨ ᠤ ᠪᠠᠨ ᠢᠷᠠᠭᠤ ᠪᠠᠶᠠᠯᠢᠭ ᠢ ᠭᠠᠶᠢᠬᠠᠠ ᠪᠠᠶᠠᠰᠳᠠᠭ ᠡᠪᠦᠭᠡ ᠮᠢᠨᠢ᠂ ᠠᠭᠠᠷ ᠤᠨ ᠴᠡᠩᠭᠡᠷ | ᠲᠣᠯᠬᠢᠶᠠᠠ ᠢᠶᠠᠷ ᠠᠷᠪᠠᠠ ᠵᠦᠭ ᠤᠨ ᠮᠣᠩᠭᠤᠯᠴᠣᠣᠠ ᠲᠤ ᠪᠠᠨ ᠰᠣᠨᠣᠷ ᠤᠨ ᠪᠡᠯᠩ ᠪᠠᠷᠢᠠ᠂ ᠪᠣᠰᠤᠭ᠎ᠠ ᠪᠠᠷ | ᠪᠢᠴᠢᠭᠳᠡᠭᠰᠠᠠ ᠮᠣᠩᠭᠤᠯ ᠰᠣᠶᠣᠯ ᠤᠨ ᠢᠶᠠᠨ ᠠᠯᠳᠠᠠ ᠭᠤᠯᠣᠮᠳᠠ ᠳᠤ ᠣᠴᠢ ᠶᠤᠭᠠᠨ ᠨᠡᠮᠠᠠ ᠲᠦᠷᠡᠯᠵᠢᠬᠦᠯᠵᠤ | ᠪᠠᠶᠢᠭ᠎ᠠ ᠮᠣᠩᠭᠤᠯ ᠷᠠᠳᠢᠣ᠋ ᠶᠢᠨ ᠢᠶᠠᠨ ᠣᠶᠠᠬᠠᠠ ᠡᠭᠡᠰᠢᠭ ᠲᠤ ᠦᠨᠢᠳᠠ ᠮᠦᠩᠭᠡᠷᠠᠭᠡᠰᠢ︕ | ᠡᠪᠦᠭᠡ ᠮᠢᠨᠢ ᠷᠠᠳᠢᠣ᠋ ᠲᠠᠢ ᠪᠠᠨ ᠂᠂᠂᠂ | ※ ᠲᠤᠰ ᠵᠤᠬᠢᠶᠠᠯ ᠲᠠᠪᠤᠲᠤᠭᠠᠷ ᠤᠲᠠᠭᠠᠨ ᠤ ᠨᠠᠢᠮᠠᠨ ᠰᠢᠷᠭ᠎ᠠ ᠵᠤᠬᠢᠶᠠᠯ ᠤᠨ | ᠣᠷᠣᠯᠲᠤᠭᠠᠨ ᠳᠤ ᠬᠤᠶᠠᠲᠤᠭᠠᠷ ᠲᠡᠰ ᠤᠨ ᠱᠠᠩᠨᠠᠯ ᠬᠦᠷᠲᠡᠪᠡ᠃ | ᠵᠢᠯᠤᠭᠤᠳᠤᠭᠰᠠᠨ ᠪᠠᠭᠰᠢ — ᠰᠤᠪᠤᠳᠭᠡᠷᠡᠯ |