ᠬᠦᠳᠡᠭᠡ ᠶᠢᠨ ᠬᠦᠦ ᠶᠢᠨ ᠬᠤᠪᠢᠷᠠᠯᠳᠠ
ᠨᠡᠶᠢᠲᠡᠯᠡᠭᠰᠡᠨ ᠴᠠᠭ᠄
2020/7/22
                      ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ  ᠪᠠᠶᠠᠰᠬᠤᠯᠠᠩ            ᠴᠡᠯᠮᠡᠭ ᠤᠭᠳᠠᠷᠭᠤᠢ ᠡᠭᠦᠯᠡ ᠦᠭᠡᠢ ᠲᠤᠩᠭᠠᠯᠠᠭ᠂ ᠴᠡᠯᠡᠭᠡᠷ ᠲᠠᠯ᠎ᠠ ᠰᠠᠯᠬᠢ ᠦᠭᠡᠢ ᠨᠠᠶᠢᠷᠰᠠᠭ᠃        ᠪᠦᠭᠡ ᠶᠢᠨ ᠬᠢᠨ ᠮᠠᠷᠭᠠᠰᠢ ᠬᠦᠦ ᠪᠠᠨ ᠬᠤᠰᠢᠭᠤᠨ ᠲᠦᠪ ᠤᠨ ᠰᠤᠷᠭᠠᠭᠤᠯᠢ ᠳᠤ ᠬᠦᠷᠭᠡᠬᠦ ᠭᠡᠵᠤ ᠶᠡᠭᠡ ᠯᠠ ᠬᠦᠯ ᠪᠤᠯᠵᠦ ᠪᠤᠵᠢᠭᠢᠨᠠᠯᠳᠤᠨ᠎ᠠ᠃ ᠡᠵᠢ ᠨᠢ ᠬᠤᠪᠴᠠᠰᠤ ᠬᠤᠨᠠᠷ ᠡᠨᠡ ᠲᠡᠷᠡ ᠤᠬᠢᠶᠠᠯᠭ᠎ᠠ ᠶᠢᠨ ᠠᠵᠢᠯ ᠬᠢᠳᠡᠯ᠎ᠠ ᠠᠪᠤ ᠨᠢ ᠵᠠᠷᠤᠳᠠᠯ ᠰᠦᠢᠳᠭᠡᠯ ᠢ ᠨᠢ ᠪᠡᠯᠡᠳᠭᠡᠵᠦ ᠶᠠᠭᠠᠷᠠᠨ᠎ᠠ᠃        ᠠᠶᠢᠯ ᠠᠶᠢᠯ ᠤᠨ ᠠᠮᠢᠳᠤᠷᠠᠯ ᠠᠳᠠᠯᠢ ᠪᠤᠰᠤ ᠲᠤᠯᠠ ᠬᠦᠦ ᠪᠠᠨ ᠬᠦᠮᠦᠨ ᠠᠴᠠ ᠲᠤᠤᠷ᠎ᠠ ᠦᠭᠡᠢ ᠶᠠᠪᠤᠭᠤᠯᠬᠤ ᠶᠢ ᠬᠦᠰᠡᠵᠦ ᠠᠶᠢᠯ ᠤᠨ ᠠᠬ᠎ᠠ ᠵᠢᠷᠭᠠᠯ ᠠᠴᠠ ᠵᠤᠭᠤᠰ ᠵᠢᠭᠡᠯᠡᠬᠦ ᠶᠢ ᠪᠤᠳᠤᠪᠠ᠃ ᠲᠡᠭᠡᠭᠰᠡᠨ ᠢᠶᠠᠨ ᠪᠦᠭᠡ ᠪᠠᠯᠪᠠᠷᠬᠠᠢ ᠮᠤᠲ᠋ᠤᠷ ᠢᠶᠠᠨ ᠤᠨᠤᠭᠠᠳ ᠵᠢᠷᠭᠠᠯ ᠤᠨ ᠤᠷᠤᠭᠤ ᠵᠢᠷᠪᠢᠯᠵᠡᠭᠦᠯᠵᠦ ᠭᠠᠷᠴᠠᠢ᠃        ᠤᠳᠤᠭ᠎ᠠ ᠭᠠᠷᠤᠭᠰᠠᠨ ᠲᠤᠭᠤᠨᠤ ᠲᠠᠢ᠂ ᠤᠷᠤᠭᠰᠢ ᠪᠠᠨ ᠬᠠᠷᠠᠭᠰᠠᠨ ᠡᠭᠦᠳᠡ ᠲᠠᠢ᠂ ᠵᠢᠷᠭᠠᠯ ᠤᠨ ᠭᠠᠳᠠᠨ᠎ᠠ ᠬᠤᠨᠢ ᠮᠠᠯ ᠤᠨ ᠮᠠᠶᠢᠯᠠᠯᠳᠤᠭᠠᠨ ᠨᠢᠭᠡᠨ ᠨᠠᠶᠢᠷᠠᠯ ᠬᠦᠭᠵᠢᠮ ᠤᠨ ᠠᠩᠬᠢ ᠰᠢᠭ᠋ ᠴᠤᠤᠷᠢᠶ᠎ᠠ ᠲᠠᠳᠠᠵᠦ᠂ ᠮᠠᠨᠠᠭᠠᠴᠢ ᠨᠤᠬᠠᠢ ︽ᠬᠦᠪ ᠬᠦᠪ︾ ᠬᠤᠴᠠᠵᠦ ᠵᠤᠴᠢᠨ ᠢᠷᠡᠭᠰᠡᠨ ᠢ ᠮᠡᠳᠡᠭᠳᠡᠨ᠎ᠠ᠃        ︽ᠦ᠂ ᠪᠦᠬᠡ ᠭᠤᠸᠠᠢ ᠶᠤᠮ ᠦᠦ︖ ᠬᠠᠮᠢᠭᠠᠬᠢ ᠰᠠᠯᠬᠢᠨ ᠨᠢ ᠲᠠᠨ ᠢ ᠠᠳᠡ ᠦᠯᠢᠶᠡᠭᠡᠳ ᠠᠪᠴᠢᠷᠠᠴᠢᠬᠠᠪᠠ︖ ᠵᠠ᠂ ᠭᠡᠷ ᠲᠤ ᠤᠷᠤ︕︾ ᠭᠡᠪᠠ᠃        ᠪᠦᠭᠡ ᠭᠡᠷ ᠲᠤ ᠤᠷᠤᠨ ᠴᠠᠢ ᠴᠤᠤ ᠤᠤᠭᠤᠨ ᠰᠠᠭᠤᠭᠰᠠᠨ ᠢᠶᠠᠨ᠄ ︽ᠨᠤᠳᠤᠭ ᠢᠶᠠᠨ ᠬᠤᠳᠤᠶᠢᠳᠠᠯ᠎ᠠ ᠰᠠᠭᠤᠭᠰᠠᠨ ᠠᠬ᠎ᠠ ᠴᠢᠮ᠎ᠠ ᠠᠴᠠ ᠪᠠᠨ ᠲᠤᠰᠠᠯᠠᠮᠵᠢ ᠬᠦᠷᠳᠡᠬᠦ ᠪᠠᠷ ᠢᠷᠡᠯ᠎ᠠ︾ ᠭᠡᠵᠤ ᠠᠬ᠎ᠠ ᠲᠡᠭᠦᠦ ᠶᠢᠨ ᠵᠤᠭᠤᠭ  ᠢᠶᠠᠷ ᠢᠷᠡᠭᠰᠡᠨ ᠶᠠᠪᠤᠳᠠᠯ ᠢᠶᠠᠨ ᠴᠤᠬᠤᠶᠢᠯᠭᠠᠨ᠎ᠠ᠃        ︽ᠲᠠ ᠲᠡᠭᠡᠭᠡᠳ ᠬᠡᠳᠦᠢ ᠠᠪᠬᠤ ᠪᠤᠢ︖︾ ᠭᠡᠵᠤ ᠵᠢᠷᠭᠠᠯ ᠦᠴᠦᠭᠡᠨ ᠴᠦ ᠲᠠᠳᠠᠭᠠᠯᠵᠠᠯ ᠦᠭᠡᠢ ᠠᠰᠠᠭᠤᠪᠠ᠃        ︽ᠪᠠᠷᠤᠭ ᠮᠢᠩᠭ᠎ᠠ ᠪᠤᠯ ᠬᠦᠷᠴᠢᠭᠡᠨ᠎ᠠ︾ ᠭᠡᠵᠤ ᠪᠦᠭᠡ ᠵᠤᠪᠠᠭᠰᠠᠨ ᠶᠤᠮ  ᠰᠢᠭ᠋ ᠲᠤᠷᠤᠢ ᠲᠤᠤᠭᠠᠷᠤᠨ᠎ᠠ᠃        ᠵᠢᠷᠭᠠᠯ ᠪᠤᠷᠤ ᠠᠪᠳᠠᠷ᠎ᠠ ᠠᠴᠠ ᠪᠠᠨ ᠵᠤᠭᠤᠰ ᠭᠠᠷᠭᠠᠨ ᠲᠤᠯᠢᠶᠠᠪᠤᠷ ᠬᠤᠷᠤᠭᠤ ᠪᠠᠷ ᠢᠶᠠᠨ ᠱᠠᠷᠴᠢᠬᠢᠨᠠᠭᠤᠯᠤᠨ ᠲᠤᠭᠠᠯᠠᠵᠦ᠄ ︽ᠵᠠ︕ ᠬᠦᠦ ᠴᠢᠨᠢ ᠬᠤᠵᠢᠮ ᠨᠢᠭᠡᠨ ᠡᠳᠦᠷ ᠡᠷᠳᠡᠮ ᠤᠨ ᠨᠤᠮ ᠲᠠᠢ᠂ ᠤᠯᠤᠰ ᠤᠷᠤᠨ ᠳᠤ ᠪᠠᠨ ᠬᠡᠷᠡᠭᠴᠡᠭᠡ ᠲᠠᠢ ᠬᠦᠮᠦᠨ ᠪᠤᠯᠤᠭᠠᠰᠠᠢ᠂ ᠮᠠᠷᠭᠠᠰᠢ ᠪᠢ ᠪᠠᠰᠠ ᠬᠤᠰᠢᠭᠤ ᠤᠷᠤᠬᠤ ᠤᠴᠢᠷ ᠠᠴᠠ ᠬᠦᠦ ᠲᠠᠢ ᠪᠠᠨ ᠮᠢᠨᠤ ᠲᠡᠷᠭᠡᠨ ᠳᠤ ᠰᠠᠭᠤᠭᠠᠳ ᠶᠠᠪᠤᠴᠢᠬ᠎ᠠ︕︾ ᠭᠡᠯ᠎ᠠ᠃        ︽ᠰᠠᠶᠢᠨ ᠪᠤᠯᠤᠯ᠎ᠠ᠃ ᠲᠠᠨ ᠤ ᠰᠦ ᠰᠢᠭ ᠴᠠᠶᠢᠯᠭᠠᠨ ᠰᠡᠳᠬᠢᠯ ᠳᠤ ᠪᠠᠶᠠᠷᠯᠠᠭᠰᠠᠨ ᠰᠢᠦ᠂ ᠬᠦᠦ ᠮᠢᠨᠢ᠂ ᠬᠤᠵᠢᠮ ᠯᠠᠪ ᠴᠢᠳᠠᠪᠤᠷᠢᠳᠠᠨ ᠪᠤᠯᠵᠦ ᠲᠠᠨ ᠤ ᠠᠴᠢ ᠶᠢ ᠮᠡᠷᠳᠠᠬᠤ ᠦᠭᠡᠢ ᠶᠤᠮ ᠡ︾ ᠭᠡᠵᠤ ᠠᠬᠢᠨ ᠲᠠᠬᠢᠨ ᠲᠠᠯᠠᠷᠬᠠᠭᠰᠠᠭᠠᠷ ᠶᠠᠪᠤᠯ᠎ᠠ᠃        ᠵᠢᠷᠭᠠᠯ ᠨᠤᠬᠠᠢ ᠪᠠᠨ ᠬᠤᠷᠢᠵᠦ ᠵᠤᠴᠢᠨ ᠢᠶᠠᠨ ᠦᠳᠡᠪᠠ᠃ ︽ᠦᠷ᠎ᠡ ᠲᠠᠢ ᠬᠦᠮᠦᠨ ᠤ ᠠᠮᠢ ᠬᠤᠶᠠᠷ ᠲᠠᠰᠤᠷᠠᠨ᠎ᠠ︾ ᠭᠡᠵᠤ ᠡᠴᠢᠭᠡ ᠡᠭᠡ ᠪᠤᠯᠤᠭᠰᠠᠳ ᠦᠢᠯᠡ ᠪᠠᠨ ᠪᠠᠷᠠᠵᠦ ᠦᠰᠦ ᠪᠠᠨ ᠲᠡᠭᠦᠵᠦ ᠵᠢᠳᠭᠦᠳᠡᠭ ᠨᠢ ᠬᠦᠭᠡᠷᠦᠭᠦᠢ ᠳ᠋ᠠ᠂ ᠠᠢ ᠁︾ ᠭᠡᠵᠤ ᠵᠠᠬ᠎ᠠ ᠶᠢᠨ ᠮᠦᠴᠢᠷ ᠢ ᠨᠠᠮᠤᠰᠬᠢᠳᠠᠯ᠎ᠠ ᠰᠡᠭᠦᠷᠡᠰᠦᠯᠡᠪᠠ᠃        ᠪᠦᠭᠡ ᠭᠡᠷ ᠲᠤ ᠪᠠᠨ ᠢᠷᠡᠬᠦ ᠳᠤ ᠮᠦᠩᠭᠡ ᠬᠦᠦ ᠲᠤᠰᠴᠦ ᠤᠴᠢᠭᠠᠳ᠄ ︽ᠠᠪᠤ ᠡ︕ ᠶᠠᠭᠠᠬᠢᠪᠠ︖ ᠤᠯᠪᠠ ᠦᠦ︖︾ ᠭᠡᠵᠤ ᠡᠮᠦᠨ᠎ᠡ ᠨᠢ ᠬᠦᠯᠦᠭᠡ ᠰᠢᠭ ᠠᠭᠠᠰᠢᠯᠠᠭᠰᠠᠨ ᠢᠶᠠᠨ ᠫᠠᠷᠬᠢᠯ ᠰᠦᠭᠡᠩᠭᠡᠢ ᠬᠤᠭᠤᠯᠠᠢ ᠪᠠᠷ ᠠᠰᠠᠭᠤᠪᠠ᠃        ᠪᠦᠭᠡ᠄ ︽ᠢᠱᠢ᠂ ᠡᠨᠡ ᠬᠡᠦᠭᠡᠳ ᠤᠨ ᠵᠠᠩᠨᠠᠵᠤ ᠪᠠᠶᠢᠬᠤ ᠶᠢ ᠦᠵᠡ ᠯᠠ ᠳ᠋ᠠ᠂ ᠵᠠᠷᠤᠳᠠᠯ ᠰᠦᠢᠳᠭᠡᠯ ᠢ ᠴᠢᠨᠢ ᠤᠯᠤᠭᠰᠠᠨ ᠮᠦᠷᠳᠡᠭᠡᠨ ᠴᠢᠮ᠎ᠠ ᠶᠢ ᠪᠠᠰᠠ ᠲᠡᠷᠭᠡ ᠪᠠᠷ ᠢᠶᠠᠨ ᠰᠤᠷᠭᠠᠭᠤᠯᠢ ᠳᠤ ᠴᠢᠨᠢ ᠬᠦᠷᠭᠡᠨ᠎ᠠ ᠭᠡᠨ᠎ᠠ ᠰᠢᠦ︕︾ ᠭᠡᠵᠤ ᠮᠦᠩᠭᠡ ᠶᠢ ᠤᠯᠠᠮ ᠪᠠᠶᠠᠷᠯᠠᠭᠤᠯᠤᠯ᠎ᠠ᠃        ︽ᠸᠠ᠂ ᠭᠤᠶᠤ ᠰᠢᠳᠠ᠂ ᠬᠠᠰᠢᠯᠠ ᠠᠪᠤ ᠨᠠᠳᠠ ᠳᠤ ᠰᠠᠶᠢᠨ ᠡ᠂ ᠲᠡᠭᠡᠪᠠᠯ ᠪᠢ ᠬᠤᠰᠢᠭᠤᠨ ᠳᠤ ᠤᠴᠢᠪᠠᠯ ᠁︾ ᠭᠡᠵᠤ ᠡᠷᠡᠦ ᠪᠠᠨ ᠲᠤᠯᠤᠨ ᠡᠯᠳᠡᠪ ᠢ ᠪᠤᠳᠤᠯᠭᠠᠰᠢᠷᠠᠵᠦ ᠰᠠᠭᠤᠨ᠎ᠠ᠂ ᠮᠦᠩᠭᠡ ᠬᠦᠦ ᠡᠨᠡ ᠵᠢᠯ ᠲᠠᠪᠤᠳᠤᠭᠠᠷ ᠤᠨ ᠤ ᠰᠤᠷᠤᠭᠴᠢ᠂ ᠬᠦᠦ ᠶᠢᠨ ᠢᠶᠠᠨ ᠰᠤᠷᠤᠯᠭ᠎ᠠ ᠠᠮᠢᠳᠤᠷᠠᠯ ᠢ ᠤᠯᠠᠮ ᠰᠠᠶᠢᠵᠢᠷᠠᠭᠤᠯᠬᠤ ᠵᠤᠷᠢᠯᠭ᠎ᠠ  ᠠᠴᠠ ᠠᠪᠤ ᠡᠵᠢ ᠨᠢ ᠬᠦᠦ ᠪᠠᠨ ᠬᠤᠰᠢᠭᠤᠨ ᠳᠤ ᠬᠦᠷᠭᠡᠨ᠎ᠠ︾ ᠭᠡᠵᠤ ᠪᠠᠶᠢᠭ᠎ᠠ ᠨᠢ ᠡᠨᠡ᠃        ᠤᠷᠤᠢ ᠪᠦᠭᠡ ᠶᠢᠨ ᠬᠢᠨ ᠬᠦᠦ ᠪᠠᠨ ᠶᠠᠪᠤᠭᠤᠯᠬᠤ ᠰᠢᠷᠡᠭᠡ ᠵᠠᠰᠠᠪᠠ᠃ ᠲᠦᠭᠦᠷᠢᠭᠭᠡᠨ ᠰᠢᠷᠡᠭᠡ ᠶᠢ ᠲᠦᠭᠦᠷᠳᠠᠯ᠎ᠠ ᠮᠦᠩᠭᠡ ᠶᠢᠨ ᠠᠯᠢ ᠲᠤᠷᠠᠳᠠᠢ ᠲᠤᠰᠤᠨ ᠳᠤ ᠪᠤᠴᠠᠯᠭᠠᠭᠰᠠᠨ ᠵᠢᠭᠠᠰᠤ᠂ ᠬᠠᠭᠠᠷᠢᠭᠰᠠᠨ ᠦᠨᠳᠡᠭᠡ᠂ ᠬᠠᠯᠠᠭᠤᠨ ᠲᠤᠭᠤᠭ᠎ᠠ ᠁ ᠵᠡᠷᠭᠡ ᠶᠢ ᠬᠤᠪᠳᠤᠭ ᠬᠦᠷᠦᠭᠦᠯᠵᠦ ᠰᠢᠯᠦᠰᠦ ᠬᠤᠷᠠᠭᠤᠯᠤᠮᠠᠷ ᠦᠷᠦᠵᠦ ᠲᠠᠯᠪᠢᠵᠠᠢ᠃ ᠮᠦᠩᠭᠡ ᠤᠮᠳᠠᠭᠠᠨ ᠤᠤᠭᠤᠬᠤ ᠶᠢᠨ ᠲᠠᠭᠠᠤ ᠠᠪᠤ ᠡᠵᠢ ᠳᠤ ᠪᠠᠨ ᠪᠠᠶᠠᠷ ᠤᠨ ᠰᠠᠷᠬᠤᠳ ᠬᠡᠮᠨᠠᠪᠠ᠃        ᠪᠠᠶᠠᠷ ᠪᠠᠶᠠᠰᠤᠯᠳᠤ ᠡᠨᠡ ᠮᠦᠴᠡ ᠨᠢᠳᠦ ᠠᠨᠢᠬᠤ ᠶᠢᠨ ᠵᠠᠭᠤᠷ᠎ᠠ ᠦᠩᠭᠡᠷᠡᠨ ᠮᠠᠷᠭᠠᠰᠢ ᠨᠢ ᠮᠦᠩᠭᠡ ᠬᠦᠦ ᠠᠪᠤ ᠲᠠᠢ ᠪᠠᠨ ᠰᠤᠷᠭᠠᠭᠤᠯᠢ ᠳᠤ ᠪᠠᠨ ᠶᠠᠪᠤᠪᠠ᠃ ᠡᠵᠢ ᠨᠢ ᠠᠯᠢᠪᠠ ᠰᠠᠶᠢᠨ ᠰᠠᠶᠢᠬᠠᠨ ᠪᠦᠬᠦᠨ ᠬᠦᠦ ᠳᠤ ᠮᠢᠨᠢ ᠤᠷᠤᠰᠢᠬᠤ ᠪᠤᠯᠳᠤᠭᠠᠢ ᠭᠡᠵᠤ ᠠᠷᠢᠭᠤᠨ ᠰᠦᠨ ᠤ ᠰᠠᠴᠤᠯᠢ ᠪᠠᠨ ᠡᠷᠭᠦᠯ᠎ᠡ᠃ ᠲᠡᠷᠭᠡ ᠠᠭᠤᠳᠠᠮ ᠲᠠᠯ᠎ᠠ ᠶᠢ ᠵᠦᠰᠦᠨ ᠠᠭᠠᠵᠢᠮ ᠠᠭᠠᠵᠢᠮ ᠢᠶᠠᠷ ᠬᠤᠯᠠᠳᠠᠭᠰᠠᠭᠠᠷ ᠶᠠᠪᠤᠯ᠎ᠠ᠃        ᠮᠦᠩᠭᠡ ᠲᠡᠷᠭᠡᠨ ᠴᠤᠩᠬᠤ ᠪᠠᠷ ᠦᠵᠡᠵᠦ ᠬᠠᠴᠢᠷᠬᠠᠨ ᠶᠠᠪᠤᠭᠰᠠᠭᠠᠷ ᠤᠳᠠᠭᠰᠠᠨ ᠴᠦ ᠦᠭᠡᠢ ᠬᠦᠮᠦᠨ ᠤ ᠲᠠᠯᠠᠢ ᠪᠤᠯᠤᠭᠰᠠᠨ ᠬᠤᠰᠢᠭᠤᠨ ᠳᠤ ᠢᠷᠡᠵᠡᠢ᠃ ᠪᠦᠬᠡ᠂ ᠬᠦᠦ ᠪᠠᠨ ᠰᠤᠷᠭᠠᠭᠤᠯᠢ ᠳᠤ ᠨᠢ ᠠᠪᠴᠢᠷᠠᠵᠦ ᠦᠭᠬᠦ ᠳᠤ ᠬᠡᠳᠦᠨ ᠲᠠᠪᠬᠤᠷ ᠦᠨᠳᠦᠷ ᠠᠰᠠᠷ ᠰᠦᠨᠳᠡᠷᠯᠠᠨ ᠪᠤᠰᠴᠦ ᠲᠡᠭᠦᠨ ᠤ ᠲᠤᠤᠭᠤᠷ ᠰᠢᠬᠠᠯᠴᠠᠭᠰᠠᠨ ᠬᠦᠮᠦᠨ ᠤ ᠤᠷᠤᠰᠬᠠᠯ ᠤᠪᠤᠭᠠᠷᠠᠯᠳᠤᠨ᠎ᠠ᠃ ᠰᠢᠨ᠎ᠠ ᠰᠤᠷᠤᠯᠭ᠎ᠠ ᠶᠢᠨ ᠬᠤᠭᠤᠴᠠᠭ᠎ᠠ ᠡᠬᠢᠯᠡᠵᠦ ᠭᠠᠵᠠᠷ ᠭᠠᠵᠠᠷ ᠠᠴᠠ ᠤᠯᠠᠨ ᠰᠤᠷᠤᠭᠴᠢᠳ ᠢᠷᠡᠵᠦ ᠪᠠᠶᠢᠭ᠎ᠠ ᠨᠢ ᠶᠠᠷᠢᠶᠠᠨ ᠦᠭᠡᠢ᠂ ᠪᠦᠭᠡ᠂ ᠬᠦᠦ ᠶᠢᠨ ᠢᠶᠠᠨ ᠠᠩᠬᠢ ᠶᠢᠨ ᠪᠠᠭᠰᠢ ᠳᠤ ᠨᠢ ᠤᠴᠢᠵᠦ ᠵᠠᠷᠤᠳᠠᠯ ᠰᠦᠢᠳᠬᠡᠯ ᠤᠨ ᠵᠤᠭᠤᠰ ᠢ ᠪᠤᠰᠤᠳ ᠠᠴᠠ ᠵᠢᠭᠡᠯᠡᠭᠰᠡᠨ ᠪᠠ ᠦᠪᠡᠷ ᠤᠨ ᠢᠶᠠᠨ ᠬᠠᠳᠠᠭᠠᠯᠠᠮᠵᠢ  ᠲᠠᠢ ᠨᠡᠶᠢᠯᠡᠭᠦᠯᠦᠭᠡᠳ ᠬᠤᠶᠠᠷ ᠮᠢᠩᠭᠠᠨ ᠲᠦᠭᠦᠷᠢᠭ ᠢ ᠲᠤᠰᠢᠶᠠᠪᠠ᠃ ᠲᠡᠭᠡᠭᠰᠡᠨ ᠢᠶᠠᠨ ᠡᠨᠡ ᠲᠡᠷᠡ ᠶᠠᠪᠤᠳᠠᠯ ᠢ ᠨᠢ ᠲᠦᠪᠬᠢᠨᠡᠭᠦᠯᠦᠴᠢᠭᠡᠭᠡᠳ ᠶᠠᠪᠤᠬᠤ ᠳᠤ ᠪᠠᠨ᠄ ︽ᠡᠶᠢᠮᠤ ᠰᠠᠶᠢᠬᠠᠨ ᠰᠤᠷᠭᠠᠭᠤᠯᠢ ᠶᠢᠨ ᠤᠷᠴᠢᠨ ᠳᠤ ᠰᠠᠶᠢᠨ ᠰᠤᠷᠤᠯᠴᠠᠵᠦ ᠪᠡᠶ᠎ᠡ ᠪᠠᠨ ᠲᠠᠭᠠᠭᠠᠨ ᠰᠤᠷ︕ ᠵᠤᠭᠤᠰ ᠵᠤᠭ᠎ᠠ ᠪᠠᠨ ᠠᠷᠪᠢᠯᠠ︕ ᠠᠪᠤ ᠡᠵᠢ ᠶᠢᠨ ᠢᠶᠠᠨ ᠬᠦᠰᠡᠯ ᠢ ᠪᠢᠳᠡᠭᠡᠢ ᠬᠦᠰᠡᠷᠳᠡᠭᠦᠯ ᠡ︕ ᠬᠦᠦ ᠮᠢᠨᠢ︾ ᠭᠡᠵᠤ ᠮᠠᠩᠨᠠᠢ ᠶᠢ ᠨᠢ ᠲᠠᠭᠠᠯᠠᠨ ᠦᠨᠦᠰᠦᠭᠰᠡᠨ ᠢᠶᠠᠨ ︽ᠪᠠᠶᠠᠷᠳᠠᠢ︾ ᠭᠡᠰᠡᠨ ᠰᠢᠭ ᠬᠤᠶᠠᠭᠤᠯᠠ ᠭᠠᠷ ᠡᠷᠭᠦᠪᠡ᠃        ᠠᠳᠡ ᠠᠴᠠ ᠡᠬᠢᠯᠡᠭᠡᠳ ᠬᠡᠦᠭᠡᠳ ᠤᠨ ᠵᠢᠭᠦᠷ ᠰᠦᠳᠦ ᠬᠠᠳᠠᠭᠤᠷᠠᠵᠦ ᠶᠠᠪᠤᠬᠤ ᠲᠤᠳᠤᠮ ᠦᠨᠳᠦᠷ ᠬᠤᠯᠠ ᠨᠢᠰᠦᠨ᠎ᠠ᠃ ᠴᠠᠭ ᠮᠦᠴᠡ᠂ ᠡᠳᠦᠷ ᠬᠤᠨᠤᠭ᠂ ᠤᠨ ᠵᠢᠯ ᠶᠡᠭᠡᠴᠦᠦᠯ ᠬᠡᠦᠭᠡᠳ ᠬᠤᠶᠠᠷ ᠦᠶ᠎ᠡ ᠶᠢᠨ ᠬᠦᠮᠦᠰ ᠤᠨ ᠵᠠᠢ ᠲᠠᠯᠡᠵᠦ ᠬᠤᠯᠠ ᠶᠢᠨ ᠠᠭᠤᠯᠠᠨ ᠤ ᠤᠷᠤᠢ ᠶᠢ ᠴᠠᠰᠤ ᠲᠠᠷᠤᠬᠤ ᠳᠤ ᠬᠠᠪᠤᠷ ᠤᠷᠭᠤᠭᠰᠠᠨ ᠨᠤᠭᠤᠭᠠᠨ ᠤ ᠰᠦᠯ ᠬᠠᠳᠠᠭᠤᠷᠠᠨ᠎ᠠ᠃        ᠮᠦᠩᠭᠡ ᠰᠢᠨ᠎ᠠ ᠨᠠᠶᠢᠵᠠ ᠨᠦᠭᠦᠳ᠂ ᠰᠢᠨ᠎ᠠ ᠤᠷᠴᠢᠨ ᠲᠤᠭᠤᠷᠢᠨ ᠳᠤ ᠲᠠᠪᠳᠠᠭᠳᠠᠵᠦ ᠬᠢᠴᠢᠶᠡᠯ ᠰᠤᠷᠤᠯᠭ᠎ᠠ ᠶᠤᠰᠤ ᠮᠤᠷᠠᠯ ᠡᠯ᠎ᠠ ᠲᠠᠯ᠎ᠠ ᠪᠠᠷ ᠴᠢᠷᠮᠠᠶᠢᠵᠦ ᠤᠭ ᠠᠴᠠ ᠪᠠᠨ ᠤᠯᠠᠮ ᠢᠯᠡᠭᠦᠦ ᠲᠠᠪᠰᠢᠵᠠᠢ᠃ ᠤᠯᠠᠨ ᠰᠤᠷᠤᠭᠴᠢᠳ ᠪᠦᠮᠪᠦᠭᠡ ᠢᠰᠭᠦᠯᠵᠦ ᠬᠦᠶᠦᠬᠦ ᠳᠤ ᠲᠡᠷᠡ ᠬᠠᠷᠢᠨ ᠨᠤᠮ ᠤᠨ ᠰᠠᠩ ᠠᠴᠠ ᠨᠤᠮ ᠵᠢᠭᠡᠯᠡᠵᠦ ᠬᠢᠴᠢᠶᠡᠯ  ᠤᠨ ᠭᠠᠳᠠᠭᠤᠷᠬᠢ ᠮᠡᠳᠡᠯᠭᠡ ᠪᠠᠨ ᠪᠠᠶᠠᠯᠢᠭᠵᠢᠭᠤᠯᠳᠠᠭ᠃ ᠰᠤᠷᠭᠠᠭᠤᠯᠢ ᠠᠴᠠ ᠡᠷᠬᠢᠯᠡᠭᠰᠡᠨ ᠵᠦᠢᠯ ᠪᠦᠷᠢ ᠶᠢᠨ ᠬᠦᠳᠡᠯᠭᠡᠭᠡᠨ ᠳᠤ ᠢᠳᠡᠪᠬᠢᠳᠡᠢ ᠤᠷᠤᠯᠴᠠᠵᠦ ᠠᠩᠬᠢ ᠳᠤ ᠪᠠᠨ ᠰᠠᠶᠢᠨ ᠬᠢᠷᠢ ᠪᠦᠲᠦᠮᠵᠢ ᠠᠪᠴᠢᠷᠠᠵᠦ᠂ ᠨᠦᠭᠦᠳ  ᠲᠤ ᠪᠠᠨ ᠲᠠᠭᠤᠷᠢᠶᠠᠯ ᠪᠤᠯᠵᠦ ᠪᠠᠶᠢᠯ᠎ᠠ᠃ ᠨᠢᠭᠡᠨ ᠤᠳᠠᠭᠠᠨ ᠤ ᠰᠠᠷ᠎ᠠ ᠶᠢᠨ ᠰᠢᠯᠭᠠᠯᠳᠠ ᠳᠤ ᠤᠨ ᠳᠤ ᠪᠠᠨ ᠠᠷᠪᠠᠳᠤᠭᠠᠷ ᠲᠤ ᠤᠷᠤᠭᠰᠠᠨ ᠰᠠᠶᠢᠨ ᠴᠢᠮᠡᠭᠡ ᠪᠠᠨ ᠭᠡᠷ ᠲᠤ ᠪᠠᠨ ᠰᠤᠨᠤᠰᠬᠠᠬᠤ ᠳᠤ ᠠᠴᠢᠳᠤ ᠬᠤᠶᠠᠷ ᠠᠪᠤ ᠡᠵᠢ  ᠨᠢ ᠪᠦᠭᠡᠮ ᠪᠠᠶᠠᠷᠯᠠᠵᠦ ᠠᠵᠠ ᠶᠢᠨ ᠪᠤᠷᠬᠠᠨ ᠳᠤ ᠪᠠᠨ ᠲᠠᠭᠠᠳᠬᠠᠨ ᠵᠠᠯᠪᠠᠷᠢᠵᠦ ᠤᠯᠠᠮ ᠢᠯᠡᠭᠦᠦ ᠴᠢᠷᠮᠠᠶᠢᠨ ᠠᠵᠢᠯᠯᠠᠬᠤ ᠢᠳᠡᠭᠡᠯ ᠵᠤᠷᠢᠭ ᠨᠡᠮᠡᠭᠳᠡᠵᠠᠢ᠃        ᠬᠡᠪᠡᠴᠦ ᠤᠶᠢᠷ᠎ᠠ ᠳᠤ ᠮᠦᠩᠭᠡ ᠲᠤᠷ᠎ᠠ ᠪᠠᠷ ᠢᠶᠠᠨ ᠲᠤᠭᠯᠠᠵᠦ ᠲᠠᠪᠠ ᠪᠠᠷ ᠢᠶᠠᠨ ᠰᠠᠪᠠᠵᠦ ᠠᠪᠤ ᠡᠵᠢ ᠶᠢᠨ  ᠢᠶᠠᠨ ᠴᠢᠰᠦ ᠮᠢᠬ᠎ᠠ ᠪᠠᠷ ᠢᠶᠠᠨ ᠰᠤᠯᠢᠵᠦ ᠢᠷᠡᠭᠰᠡᠨ ᠵᠤᠭᠤᠰ ᠢ ᠨᠢᠳᠦᠨ ᠳᠤ ᠪᠠᠨ ᠬᠠᠪᠴᠢᠬᠤ ᠦᠭᠡᠢ ᠤᠰᠤ ᠴᠠᠰᠤ ᠰᠢᠭ᠋ ᠵᠠᠷᠤᠬᠤ ᠨᠢ ᠤᠯᠠᠰᠢᠷᠠᠵᠠᠢ᠃ ᠮᠦᠩᠭᠡ ᠲᠠᠢ ᠰᠠᠶᠢᠨ ᠲᠠᠭᠠᠷᠠᠳᠠᠭ ᠪᠠᠭᠠᠨ᠎ᠠ ᠭᠡᠳᠡᠭ ᠨᠠᠶᠢᠵᠠ ᠲᠠᠢ᠂ ᠲᠡᠷᠡ ᠬᠤᠰᠢᠭᠤᠨ ᠲᠦᠪ ᠲᠤ ᠰᠠᠭᠤᠳᠠᠭ᠂ ᠠᠪᠤ ᠡᠵᠢ ᠨᠢ ᠪᠦᠷ ᠰᠠᠷ᠎ᠠ ᠳᠤ ᠪᠠᠨ ᠲᠤᠭᠳᠠᠭᠰᠠᠨ ᠴᠠᠯᠢᠩ ᠲᠠᠢ ᠤᠴᠢᠷ ᠲᠤᠷᠭᠠᠨ ᠲᠡᠭᠡᠷ᠎ᠡ ᠲᠤᠭᠯᠠᠵᠦ ᠲᠤᠰᠤᠨ ᠲᠡᠭᠡᠷ᠎ᠡ ᠪᠦᠮᠪᠦᠷᠢᠵᠦ ᠦᠰᠦᠭᠰᠡᠨ ᠪᠢᠯᠠ᠃        ᠨᠢᠭᠡᠨ ᠭᠠᠷᠠᠭ ᠤᠨ ᠡᠳᠦᠷ ᠮᠦᠩᠭᠡ ᠲᠡᠭᠦᠨ ᠲᠠᠢ ᠲᠤᠭᠤᠷᠢᠬᠤ ᠳᠤ ᠪᠠᠨ ︽ᠦᠷᠭᠡᠨ ᠪᠦᠰᠡᠲᠦ ᠰᠦᠯᠵᠢᠶ᠎ᠡ ︾ ᠬᠡᠬᠦ ᠭᠠᠵᠠᠷ ᠲᠤ ᠤᠷᠤᠯ᠎ᠠ᠃ ᠮᠦᠩᠭᠡ ᠡᠭᠦᠨ ᠢ ᠰᠤᠨᠤᠰᠴᠦ ᠪᠠᠶᠢᠭᠰᠠᠨ ᠠᠴᠠ ᠪᠢᠰᠢ ᠨᠢᠭᠡ ᠴᠦ ᠨᠠᠭᠠᠳᠴᠦ ᠪᠠᠶᠢᠭᠰᠠᠨ ᠦᠭᠡᠢ᠂ ᠪᠠᠭᠠᠨ᠎ᠠ ᠬᠠᠷᠢᠨ ᠬᠠᠰᠢᠷ ᠬᠦᠮᠦᠨ ᠪᠤᠯᠴᠢᠬᠠᠭᠰᠠᠨ ᠠᠴᠠ ᠬᠡᠳᠦᠶᠢᠨ ᠺᠤᠮᠫᠢᠦ᠋ᠲ᠋ᠧᠷ ᠤᠨ ᠡᠮᠦᠨ᠎ᠠ ᠰᠠᠭᠤᠨ ᠬᠤᠯᠤᠭᠠᠨᠴᠢᠷ ᠢᠶᠠᠷ ᠲᠤᠶ᠋ᠢᠮᠠᠭᠭᠴᠠ ᠨᠠᠭᠠᠳᠬᠤ ᠨᠠᠭᠠᠳᠤᠮ ᠢᠶᠠᠨ ᠤᠯᠴᠢᠬᠠᠵᠠᠢ᠃ ᠴᠡᠭᠡᠨ ᠲᠡᠯᠭᠡᠴᠡ ᠲᠡᠭᠡᠷ᠎ᠡ ᠮᠦᠩᠭᠡ ᠶᠢᠨ ᠰᠠᠭᠤᠵᠦ ᠢᠷᠡᠭᠰᠡᠨ ᠲᠡᠷᠭᠡ ᠠᠳᠠᠯᠢ ᠦᠨᠡᠨ ᠪᠤᠳᠠᠳᠠᠢ ᠲᠡᠷᠭᠡ ᠢᠯᠡᠷᠡᠭᠰᠡᠨ ᠢᠶᠠᠨ ᠪᠠᠭᠠᠨ᠎ᠠ ᠲᠠᠷᠤᠪᠴᠢ  ᠶᠢ ᠲᠤᠯᠢᠶᠠᠪᠤᠷ ᠬᠤᠷᠤᠭᠤ ᠪᠠᠷ ᠢᠶᠠᠨ ᠲᠠᠷᠤᠳᠠᠯ᠎ᠠ ᠦᠨᠦᠬᠢ ᠮᠠᠰᠢᠨ ᠲᠠᠪᠬᠢᠭᠤᠯᠤᠨ ᠪᠠᠰᠠ ᠶᠡᠭᠡ ᠲᠠᠭᠤᠨ ᠢᠶᠠᠷ ᠱᠤᠤᠬᠢᠨ ᠲᠤᠤᠭᠠᠷᠪᠠ᠃ ᠡᠭᠦᠨ ᠢ ᠬᠠᠷᠠᠵᠦ ᠰᠠᠭᠤᠭᠰᠠᠨ ᠮᠦᠩᠭᠡ ᠳᠤ ᠦᠪᠡᠷ ᠢᠶᠠᠨ ᠨᠠᠭᠠᠳᠬᠤ ᠦᠭᠡᠢ ᠪᠤᠯᠪᠠᠴᠦ ᠶᠠᠭ ᠲᠡᠷᠭᠡᠨ ᠵᠢᠯᠤᠭᠤᠴᠢ ᠪᠤᠯᠴᠢᠬᠠᠭᠰᠠᠨ ᠰᠢᠭ᠋ ᠲᠡᠯᠭᠡᠴᠡ ᠪᠠᠨ ᠨᠢᠳᠦ ᠰᠠᠯᠭᠠᠯ ᠦᠭᠡᠢ ᠰᠢᠷᠳᠡᠨ᠎ᠠ᠃ ᠪᠠᠭᠠᠨ᠎ᠠ ᠬᠡᠨᠡᠳᠳᠡ ᠴᠠᠭ ᠢ ᠦᠵᠡᠬᠦ ᠳᠤ ᠬᠠᠷᠠᠯᠠ︕ ᠲᠤᠯᠤᠭᠠᠨ ᠴᠠᠭ ᠬᠠᠭᠠᠰ ᠪᠤᠯᠵᠦ ᠲᠠᠪᠳᠠᠯᠭ᠎ᠠ ᠡᠷᠳᠡ ᠤᠷᠤᠴᠢᠬᠠᠭᠰᠠᠨ ᠪᠠᠶᠢᠵᠠᠢ᠃ ᠪᠠᠭᠠᠨ᠎ᠠ ᠶᠠᠭᠠᠷᠠᠨ ︽ᠲᠠᠬᠢᠭᠠᠳ ᠨᠠᠭᠠᠳᠬᠤ ᠦᠭᠡᠢ ᠶᠤᠮ ᠦᠦ︾ ᠭᠡᠵᠤ ᠪᠠᠶᠢᠭᠰᠠᠨ ᠮᠦᠩᠭᠡ ᠶᠢᠨ ᠭᠠᠷ  ᠠᠴᠠ ᠰᠤᠭᠤ ᠲᠠᠳᠠᠨ ᠬᠦᠶᠦᠵᠦ ᠰᠤᠷᠭᠠᠭᠤᠯᠢ ᠤᠷᠤᠭᠤ ᠪᠠᠨ ᠴᠢᠭᠯᠡᠪᠠ᠃ ᠰᠦᠨᠢ ᠶᠢᠨ ᠨᠠᠮᠤᠭᠤᠬᠠᠨ ᠴᠢᠯᠦᠭᠡᠨ ᠳᠤ ᠮᠦᠩᠭᠡ ᠪᠠᠭᠠᠨ᠎ᠠ ᠬᠤᠶᠠᠷ ᠶᠠᠭ ᠯᠠ ᠬᠦᠯ ᠳᠤ ᠪᠠᠨ ᠴᠠᠬᠢᠯᠭᠠᠨ ᠬᠦᠷᠳᠦ ᠣᠭᠯᠠᠴᠢᠬᠠᠭᠰᠠᠨ ᠰᠢᠭ᠋ ᠵᠠᠰᠠᠮᠠᠯ ᠵᠠᠮ ᠢᠶᠠᠷ ᠬᠦᠶᠦᠵᠦ ᠠᠩᠬᠢ ᠶᠢᠨ ᠡᠭᠦᠳᠡᠨ ᠲᠡᠭᠡᠷ᠎ᠡ ᠪᠠᠨ ᠵᠤᠭ ᠲᠤᠰᠤᠨ ᠠᠮᠢᠰᠬᠤᠭᠠᠳᠠᠨ ︽ᠮᠡ᠊ ᠁ᠳ᠋ᠡᠭᠦᠯ︾ ᠭᠡᠯ᠎ᠠ᠃ ᠡᠷᠪᠡᠭᠡᠢ ᠨᠢᠰᠴᠢᠭᠡᠭᠰᠡᠨ ᠴᠦ ᠰᠤᠨᠤᠰᠴᠢᠬᠠᠮᠠᠷ ᠨᠠᠮ ᠵᠢᠮᠭᠡᠨ ᠲᠠᠪᠳᠠᠯᠭ᠎ᠠ ᠲᠡᠭᠡᠷ᠎ᠡ ᠡᠨᠡᠭᠡᠨ ᠦᠭᠡ ᠠᠴᠠ ᠲᠦᠴᠢᠨ ᠨᠢᠳᠦ ᠲᠡᠷᠡ ᠬᠤᠶᠠᠷ ᠢ ᠴᠤᠭᠤᠷᠠᠳᠠᠯ᠎ᠠ ᠰᠢᠷᠳᠡᠪᠠ᠃ ᠨᠢᠳᠦᠨ ᠰᠢᠯ ᠲᠠᠢ ᠠᠩᠬᠢ ᠶᠢᠨ ᠡᠷᠬᠢᠯᠡᠭᠴᠢ ᠲᠡᠷᠡ ᠬᠤᠶᠠᠷ ᠢ ᠪᠦᠳᠦᠭᠦᠨ ᠨᠢᠳᠦ ᠪᠠᠷ ᠢᠶᠠᠨ ᠬᠠᠷᠠᠭᠰᠠᠨ ᠢᠶᠠᠨ᠄ ︽ᠶᠠᠭᠤ ᠬᠢᠵᠦ ᠡᠳᠦᠢ ᠤᠳᠠᠭᠠᠨ ᠲᠠᠪᠳᠠᠯᠭ᠎ᠠ ᠠᠴᠠ ᠬᠤᠴᠤᠷᠤᠭᠰᠠᠨ ᠪᠤᠢ︖︾ ᠬᠡᠬᠦ ᠳᠤ ᠦᠳᠭᠡᠨ ᠬᠠᠷ᠎ᠠ ᠬᠦᠮᠦᠰᠭᠡ ᠨᠢ ᠮᠦᠷᠭᠦᠯᠳᠦᠮᠡᠷ ᠮᠦᠷᠭᠦᠯᠳᠦᠮᠡᠷ ᠠᠳᠬᠤᠷᠠᠨ᠎ᠠ᠃ ᠮᠦᠩᠭᠡ ᠲᠤᠳᠤᠷ᠎ᠠ ᠪᠠᠨ ︽ᠤᠳᠤ ᠴᠦ ᠪᠠᠷᠠᠵᠠᠢ᠂ ᠬᠠᠰᠢᠯᠠ ᠬᠡᠯᠡᠴᠢᠭᠡᠶ᠎ᠡ ᠁︾ ᠭᠡᠵᠤ ᠵᠢᠷᠦᠭᠡ ᠨᠢ ᠠᠮᠠ ᠪᠠᠷ ᠭᠠᠷᠤᠮᠠᠷ ᠠᠶᠤᠴᠢᠬᠠᠵᠠᠢ᠃ ︽ᠰᠦᠯᠵᠢᠶᠡᠨ ᠳᠤ ᠤᠷᠤᠵᠠᠢ︾ ᠭᠡᠵᠤ ᠬᠡᠯᠡᠬᠦ ᠶᠢ ᠪᠠᠵᠠᠭᠠᠳᠠᠯ᠎ᠠ ᠪᠠᠭᠠᠨ᠎ᠠ ᠭᠠᠷ ᠢᠶᠠᠷ ᠢᠶᠠᠨ ᠬᠦᠩᠭᠡᠭᠡᠨ ᠭᠡᠭᠴᠢ ᠲᠦᠯᠬᠢᠭᠰᠡᠨ ᠳᠤ ᠮᠦᠩᠭᠡ ᠶᠢᠨ ᠬᠡᠯᠡᠬᠦ ᠬᠡᠰᠡᠨ ᠦᠭᠡ ᠨᠢ ᠬᠤᠭᠤᠯᠠᠢ ᠲᠡᠭᠡᠷ᠎ᠡ ᠨᠢ ᠲᠡᠭᠡᠭᠯᠡᠪᠠ᠃ ᠡᠭᠦᠨ ᠢ ᠴᠠᠭᠠᠨ᠎ᠠ ᠨᠢ ᠭᠠᠷᠳᠠᠯ᠎ᠠ ᠮᠡᠳᠡᠭᠰᠡᠨ ᠪᠠᠭᠰᠢ᠄ ︽ᠲᠠ ᠬᠤᠶᠠᠷ ᠬᠡᠯᠡᠬᠦ ᠦᠭᠡᠢ ᠴᠦ ᠭᠡᠰᠡᠨ ᠪᠢ ᠬᠠᠮᠢᠭ᠎ᠠ ᠤᠴᠢᠭᠰᠠᠨ ᠢ ᠴᠢᠨᠢ ᠮᠡᠳᠡᠨ᠎ᠠ᠂ ᠰᠡᠭᠦᠯᠡᠷ ᠲᠤᠳᠠᠭᠤ ᠰᠢᠭ᠋ ᠤᠴᠢᠵᠦ ᠪᠠᠢ᠂ ᠨᠠᠳᠠ ᠳᠤ ᠪᠠᠷᠢᠭᠳᠠᠭᠰᠠᠨ ᠤ ᠰᠡᠭᠦᠯᠡᠷ ᠭᠡᠷ ᠤᠨ ᠠᠬᠠᠮᠠᠳ ᠢ ᠴᠢᠨᠢ ᠲᠠᠭᠤᠳᠠᠨ᠎ᠠ ᠭᠡᠯ᠎ᠠ᠃        ᠮᠦᠩᠭᠡ ᠶᠢᠨ ᠠᠶᠤᠵᠦ ᠪᠠᠶᠢᠭᠰᠠᠨ ᠰᠡᠳᠬᠢᠯ ᠵᠢᠭᠠᠬᠠᠨ ᠲᠠᠷᠤᠭᠳᠠᠬᠤ ᠰᠢᠭ᠋ ᠪᠤᠯᠵᠦ ᠲᠠᠪᠳᠠᠬᠤ ᠰᠠᠨᠠᠭ᠎ᠠ ᠤᠭᠳᠤ ᠦᠭᠡᠢ ᠡᠳᠦᠷ ᠤᠨ ᠨᠠᠭᠠᠳᠤᠭᠰᠠᠨ ᠲᠤᠭᠯᠠᠭᠠᠮ ᠢᠶᠠᠨ ᠪᠤᠳᠤᠵᠦ ᠰᠠᠭᠤᠯ᠎ᠠ᠃ ᠦᠨᠦ ᠨᠠᠭᠠᠳᠤᠮ ᠲᠡᠷᠢᠬᠢᠨ ᠳᠤ  ᠨᠢ ᠵᠠᠭᠤ ᠨᠠᠶᠠᠨ ᠭᠷᠡᠳᠦ᠋ᠰ ᠡᠷᠬᠢᠯᠳᠦᠵᠦ ᠲᠦᠢᠯ ᠤᠨ ᠰᠤᠨᠢᠷᠬᠠᠯᠳᠠᠢ ᠰᠠᠨᠠᠭᠳᠠᠨ᠎ᠠ᠃ ᠮᠦᠩᠭᠡ ᠡᠨᠡ ᠮᠡᠲᠦ ᠪᠠᠷ ᠬᠢᠴᠢᠶᠡᠯ ᠤᠨ ᠴᠠᠭ ᠲᠤ ᠠᠩᠬᠠᠷᠤᠯ ᠨᠢ ᠲᠦᠪᠯᠡᠷᠡᠬᠦ ᠦᠭᠡᠢ ᠦᠨᠦ ᠲᠤᠭᠯᠠᠭᠠᠮ ᠢᠶᠠᠨ ᠪᠤᠳᠤᠭᠰᠠᠭᠠᠷ ᠪᠠᠶᠢᠵᠦ ᠬᠢᠴᠢᠶᠡᠯ ᠰᠤᠷᠤᠯᠭ᠎ᠠ ᠨᠢ ᠮᠡᠳᠡᠭᠳᠡᠮ᠎ᠡ ᠲᠤᠷᠤᠭᠰᠢᠯᠠᠵᠦ ᠬᠤᠭᠤᠴᠠᠭᠠᠨ ᠲᠤᠮᠳᠠᠬᠢ ᠰᠢᠯᠭᠠᠯᠳᠠ ᠳᠤ ᠪᠠᠨ ᠵᠢᠷᠠᠨ ᠬᠤᠪᠢ  ᠪᠠᠷ ᠲᠡᠭᠰᠢᠳᠬᠡᠪᠠ᠃        ︽ᠮᠦᠩᠭᠡ ᠴᠤᠬᠤᠮ ᠶᠠᠭᠠᠬᠢᠴᠢᠬᠠᠪᠠ︖︾        ︽ᠠᠢ︕ ᠲᠠ ᠲᠡᠭᠦᠨ ᠢ ᠮᠡᠳᠡᠬᠦ ᠦᠭᠡᠢ ᠪᠠᠶᠢᠨ᠎ᠠ᠂ ᠲᠡᠭᠦᠨ ᠤ ᠡᠮᠦᠰᠴᠦ ᠪᠠᠶᠢᠭ᠎ᠠ ᠶᠢ ᠦᠵᠡ ᠳ᠋ᠠ᠃ ᠪᠦᠷ ᠨᠡᠷᠡᠲᠦ ᠲᠡᠮᠳᠡᠭᠲᠦ ᠬᠤᠪᠴᠠᠰᠤ ᠬᠤᠨᠠᠷ ᠰᠠᠶ᠋ᠢ ᠢᠷᠡᠬᠦ ᠦᠶᠡᠰ ᠲᠤ ᠪᠠᠨ ᠶᠡᠷᠦ ᠢᠩᠭᠢᠵᠦ ᠡᠮᠦᠰᠦᠭᠡ ᠦᠭᠡᠢ ᠰᠢᠳᠠ︾        ︽ᠲᠡᠷᠡ ᠦᠷᠭᠦᠯᠵᠢ ᠪᠠᠭᠠᠨ᠎ᠠ ᠲᠠᠢ ᠶᠠᠪᠤᠳᠠᠭ ᠠᠴᠠ ᠲᠡᠭᠦᠨ ᠤ ᠡᠮᠦᠰᠴᠦ ᠵᠡᠭᠦᠬᠦ ᠶᠢ ᠲᠠᠭᠤᠷᠢᠶᠠᠨ ᠪᠠᠰᠠ ᠭᠠᠷ ᠤᠳᠠᠰᠤ ᠠᠪᠬᠤ ᠭᠡᠵᠦ ᠪᠠᠶᠢᠨ᠎ᠠ ᠰᠢᠦ᠃︾        ︽ᠠ ᠁ ᠤᠤᠯ ᠨᠢ ᠡᠶᠢᠮᠤ ᠪᠠᠶᠢᠭᠰᠠᠨ ᠪᠠᠶᠢᠵᠠᠢ ᠳ᠋ᠠ︕︾ ᠭᠡᠵᠤ ᠨᠦᠭᠦᠳ ᠨᠢ ᠢᠪᠡᠷ ᠰᠢᠪᠡᠷ ᠶᠠᠷᠢᠯᠴᠠᠨ᠎ᠠ᠃        ᠮᠦᠩᠭᠡ᠂ ᠪᠠᠭᠠᠨ᠎ᠠ ᠶᠢᠨ ᠵᠠᠷᠤᠵᠦ ᠪᠠᠶᠢᠭᠰᠠᠨ ᠭᠠᠷ ᠤᠳᠠᠰᠤ ᠶᠢ ᠶᠡᠭᠡᠯᠠ ᠱᠤᠬᠤᠷᠬᠠᠨ ᠲᠤᠮᠤ ᠮᠦᠷᠳᠡᠭᠡᠨ ᠨᠠᠷᠢᠯᠢᠭ ᠬᠢᠴᠡᠳᠡᠢ ᠪᠠᠰᠠ ᠡᠯ᠎ᠠ ᠵᠦᠢᠯ ᠤᠨ ᠨᠠᠭᠠᠳᠤᠮ ᠲᠤᠭᠯᠠᠭᠠᠮ ᠲᠤᠭᠯᠠᠵᠦ ᠪᠤᠯᠤᠨ᠎ᠠ ᠭᠡᠳ ᠮᠢᠩᠭᠠᠨ ᠲᠦᠭᠦᠷᠢᠭ  ᠤᠨ ᠢᠶᠠᠨ ᠬᠠᠭᠠᠰ ᠢ ᠦᠷᠦᠵᠦ ᠭᠠᠷ ᠤᠳᠠᠰᠤ ᠠᠪᠤᠭᠰᠠᠨ ᠨᠢ ᠡᠨᠡ ᠪᠠᠶᠢᠨ᠎ᠠ᠃        ᠮᠦᠩᠭᠡ ᠭᠠᠷᠠᠭ ᠤᠨ ᠡᠳᠦᠷ ᠯᠠ ᠪᠤᠯᠪᠠᠯ ᠰᠦᠯᠵᠢᠶᠡᠨ ᠳᠤ ᠤᠷᠤᠬᠤ ᠪᠢᠰᠢ ᠪᠤᠯ ᠬᠤᠷᠰᠢᠶ᠎ᠠ ᠲᠡᠯᠭᠡᠭᠦᠷ ᠬᠡᠰᠦᠵᠦ ᠬᠤᠪᠴᠠᠰᠤ ᠠᠪᠤᠭᠠᠳ ᠦᠯᠡᠳᠡᠭᠰᠡᠨ ᠵᠤᠭᠤᠰ ᠢᠶᠠᠨ ᠪᠦᠬᠦᠨ ᠢ ᠦᠷᠡᠵᠦ ᠲᠠᠭᠤᠰᠬᠠᠵᠠᠢ᠃ ᠲᠡᠭᠡᠭᠡᠳ ᠡᠳᠦᠷ ᠪᠤᠯᠭᠠᠨ ᠠᠪᠤ ᠡᠵᠢ ᠳᠤ ᠪᠠᠨ ᠤᠳᠠᠰᠤ ᠶᠠᠪᠤᠭᠤᠯᠵᠦ᠄ ︽ᠵᠤᠭᠤᠰ ᠡ᠂ ᠵᠤᠭᠤᠰ ᠪᠠᠷᠠᠵᠠᠢ᠂ ᠵᠤᠭᠤᠰ ᠠᠪᠴᠢᠷᠠᠵᠦ ᠦᠭ ᠡ︾ ᠭᠡᠨ᠎ᠠ᠃ ᠠᠪᠤ ᠡᠵᠢ ᠨᠢ᠄ ︽ᠬᠦᠦ ᠮᠢᠨᠢ᠂ ᠪᠤᠤ ᠵᠤᠪᠠᠵᠦ ᠪᠠᠢ︕ ᠤᠳᠠᠬᠤ ᠦᠭᠡᠢ ᠵᠤᠭᠤᠰ ᠢ ᠴᠢᠨᠢ ᠦᠭᠴᠦ ᠶᠠᠪᠤᠭᠤᠯᠤᠨ᠎ᠠ︾ ᠭᠡᠵᠤ ᠢᠳᠬᠠᠨ᠎ᠠ᠃        ᠵᠤᠭᠤᠰ ᠭᠡᠵᠤ ᠬᠤᠪᠳᠤᠭ ᠬᠦᠮᠦᠨ ᠢ ᠬᠠᠭ᠎ᠠ ᠪᠠᠶᠠᠷᠯᠠᠭᠤᠯᠬᠤ ᠬᠡᠶᠢᠰᠪᠤᠷᠢ ᠦᠪ ᠬᠦᠷᠦᠩᠭᠡ ᠪᠠᠶᠢᠭ᠎ᠠ ᠶᠤᠮ ᠃ ᠲᠡᠶᠢᠮᠤ ᠳᠡᠭᠡᠨ  ︽ᠪᠠᠶᠠᠨ ᠬᠦᠮᠦᠨ ᠤ ᠪᠤᠷᠬᠠᠨ᠂ ᠪᠠᠲᠢᠷᠴᠢ ᠬᠦᠮᠦᠨ ᠤ ᠴᠢᠳᠬᠦᠷ︾ ᠭᠡᠭᠳᠡᠳᠡᠭ᠃        ᠮᠦᠩᠭᠡ ᠶᠢᠨ ᠠᠪᠤ ᠡᠵᠢ ᠨᠢ ᠬᠦᠭᠡᠷᠦᠭᠦᠢ︕ ︽ᠬᠦᠦ ᠮᠢᠨᠢ ᠰᠠᠶᠢᠨ ᠰᠤᠷᠴᠦ ᠯᠠ ᠪᠠᠶᠢᠭ᠎ᠠ ᠶᠤᠮ ᠪᠤᠯ ᠪᠤᠯᠴᠢᠬᠠᠨ᠎ᠠ︾ ᠭᠡᠵᠤ ᠮᠠᠷᠭᠠᠰᠢ ᠵᠤᠭᠤᠰ ᠢ ᠨᠢ ᠠᠪᠴᠢᠷᠠᠵᠦ ᠦᠭᠭᠦ ᠬᠡᠮᠡᠨ ᠵᠤᠨ ᠤ ᠬᠠᠯᠠᠭᠤᠨ ᠳᠤ ᠵᠤᠯᠠᠢ ᠨᠢ ᠪᠤᠴᠠᠯᠵᠦ᠂ ᠡᠪᠦᠯ ᠤᠨ ᠬᠦᠢᠳᠡᠨ ᠳᠤ ᠴᠢᠮᠦᠭᠡ ᠨᠢ ᠴᠠᠷᠴᠠᠳᠠᠯ᠎ᠠ ᠵᠢᠳᠭᠦᠨ ᠤᠯᠤᠭᠰᠠᠨ ᠵᠤᠭᠤᠰ ᠢᠶᠠᠨ ᠲᠤᠭᠠᠯᠠᠨ ᠬᠡᠯᠡᠨ᠎ᠠ᠃        ᠮᠦᠩᠭᠡ ᠬᠤᠶᠠᠷ ᠰᠠᠷ᠎ᠠ ᠭᠡᠷ ᠠᠴᠠ ᠪᠠᠨ ᠵᠤᠭᠤᠰ ᠭᠡᠵᠤ ᠨᠡᠭᠡᠭᠡᠳ ᠢᠷᠡᠭᠡ ᠦᠭᠡᠢ ᠪᠠᠶᠢᠬᠤ ᠳᠤ ᠪᠠᠭᠠᠨ᠎ᠠ ᠨᠠᠶᠢᠵᠠ ᠠᠴᠠ ᠪᠠᠨ ᠬᠤᠶᠠᠷ ᠮᠢᠩᠭᠠᠨ ᠲᠦᠭᠦᠷᠢᠭ ᠵᠢᠭᠡᠯᠡᠭᠰᠡᠨ ᠪᠠᠶᠢᠵᠠᠢ᠃ ᠦᠨᠦᠳᠦᠷ ᠠᠪᠤ ᠨᠢ ᠮᠦᠩᠭᠡ ᠳᠤ ᠪᠠᠨ ᠵᠤᠭᠤᠰ ᠠᠪᠠᠴᠢᠵᠦ ᠦᠭᠭᠦᠶ᠎ᠡ ᠭᠡᠮᠡᠨ ᠮᠤᠲ᠋ᠤᠷ ᠢᠶᠠᠨ ᠤᠨᠤᠨ ᠬᠤᠰᠢᠭᠤᠨ ᠳᠤ ᠶᠠᠪᠤᠪᠠ᠃ ᠪᠦᠭᠡ ᠬᠦᠦ ᠶᠢᠨ ᠢᠶᠠᠨ ᠰᠤᠷᠭᠠᠭᠤᠯᠢ ᠶᠢᠨ ᠭᠠᠳᠠᠨ᠎ᠠ ᠤᠴᠢᠵᠦ ᠦᠵᠡᠬᠦ ᠳᠤ ᠤᠯᠠᠨ ᠰᠤᠷᠤᠭᠴᠢᠳ ᠬᠦᠷᠢᠶᠡᠨ ᠳᠤ ᠪᠠᠨ ᠲᠤᠭᠯᠠᠨ ᠪᠠᠶᠢᠪᠠ᠃ ᠪᠤᠳᠤᠬᠤ ᠳᠤ ᠦᠳᠡ ᠶᠢᠨ ᠠᠮᠠᠷᠠᠯᠳᠠ ᠪᠤᠯᠤᠯᠳᠠᠢ᠃ ᠮᠦᠩᠭᠡ ᠫᠢᠩᠫᠠᠩ ᠪᠦᠮᠪᠦᠭᠡ ᠨᠠᠭᠠᠳᠴᠤ ᠪᠠᠶᠢᠭᠰᠠᠨ ᠢᠶᠠᠨ ᠠᠪᠤ  ᠪᠠᠨ ᠤᠯᠵᠤ ᠦᠵᠡᠮᠡᠭᠴᠡ ᠲᠦᠭᠦᠵᠦ ᠤᠴᠢᠭᠠᠳ᠄ ︽ᠠᠪᠤ ᠡ᠂ ᠲᠠ ᠶᠠᠭᠤᠨ ᠳᠤ ᠢᠷᠡᠭᠰᠡᠨ ᠶᠤᠮ ᠪᠤᠢ︖ ᠵᠤᠭᠤᠰ︖︾ ᠭᠡᠵᠤ ᠭᠠᠷ ᠰᠠᠷᠪᠠᠶᠢᠪᠠ᠃ ᠪᠦᠭᠡ ᠬᠦᠦ ᠶᠢᠨ ᠢᠶᠠᠨ ᠡᠮᠦᠰᠴᠦ ᠵᠡᠭᠦᠵᠦ ᠪᠠᠶᠢᠭ᠎ᠠ ᠶᠢ ᠦᠵᠡᠭᠡᠳ ᠭᠠᠶᠢᠬᠠᠭᠰᠠᠨ ᠪᠤᠯᠪᠠᠴᠦ ᠲᠤᠤᠭᠠᠷᠤᠭᠰᠠᠨ ᠦᠭᠡᠢ᠂ ᠬᠤᠳᠠ ᠭᠠᠵᠠᠷ ᠰᠠᠶᠢᠬᠠᠨ ᠡᠮᠦᠰᠬᠦ ᠨᠢ ᠲᠠᠭᠠᠷᠠᠨ᠎ᠠ ᠰᠢᠳᠠ ᠭᠡᠵᠦ ᠪᠤᠳᠤᠭᠠᠳ ᠶᠠᠭᠤ ᠴᠦ ᠲᠤᠤᠭᠠᠷᠤᠭᠰᠠᠨ ᠦᠭᠡᠢ ᠬᠠᠷᠮᠠᠨ ᠠᠴᠠ ᠪᠠᠨ ᠪᠠᠭᠯᠠᠭ᠎ᠠ ᠲᠠᠢ ᠶᠠᠭᠤᠮ᠎ᠠ ᠭᠠᠷᠭᠠᠨ ᠲᠠᠪᠬᠤᠷ ᠲᠠᠪᠬᠤᠷ ᠬᠢᠭᠰᠡᠨ ᠢᠶᠠᠨ ᠮᠢᠩᠭᠠᠨ ᠲᠦᠭᠦᠷᠢᠭ ᠢᠶᠠᠷ ᠦᠭᠪᠠ᠃ ᠲᠡᠭᠡᠭᠰᠡᠨ ᠢᠶᠠᠨ᠄ ︽ᠬᠦᠦ ᠮᠢᠨᠢ᠂ ᠰᠤᠷᠤᠯᠭ᠎ᠠ ᠠᠮᠢᠳᠤᠷᠠᠯ ᠴᠢᠨᠢ ᠶᠠᠮᠠᠷ ᠵᠡᠷᠭᠡ ᠪᠠᠶᠢᠨ᠎ᠠ᠂ ᠠᠳᠡ ᠰᠠᠭᠤᠭᠠᠳ ᠲᠠᠳᠴᠦ ᠪᠠᠶᠢᠨ᠎ᠠ ᠦᠦ︖︾ ᠬᠡᠯ᠎ᠠ᠃        ︽ᠠᠢ᠂ ᠠᠪᠤ ᠡ᠂ ᠪᠦᠷ ᠰᠠᠶᠢᠨ ᠪᠠᠶᠢᠨ᠎ᠠ᠂ ᠲᠠ ᠤᠳᠤ ᠶᠠᠪᠤᠴᠢᠬ᠎ᠠ︾        ︽ᠦᠭᠡᠢ᠂ ᠪᠢ ᠪᠠᠭᠰᠢ ᠲᠠᠢ ᠴᠢᠨᠢ ᠠᠭᠤᠯᠵᠠᠬᠤ ᠦᠭᠡᠢ ᠶᠤᠮ ᠦᠦ︖︾        ︽ᠬᠠᠢ︕ ᠲᠠᠨ ᠤ ᠡᠨᠡ ᠡᠮᠰᠦᠴᠦ ᠵᠡᠭᠦᠭᠰᠡᠨ ᠮᠠᠶ᠋ᠢᠭ ᠢᠶᠠᠷ ᠶᠠᠭᠠᠬᠢᠵᠦ ᠪᠠᠭᠰᠢ ᠲᠠᠢ ᠠᠭᠤᠯᠵᠠᠬᠤ ᠶᠤᠮ᠃ ᠬᠠᠰᠢᠯᠠ ᠬᠤᠷᠳᠤᠨ ᠶᠠᠪᠤᠴᠢᠬ᠎ᠠ︾ ᠭᠡᠯ᠎ᠠ᠃        ᠮᠦᠩᠭᠡ ᠠᠩᠬᠢ ᠳᠤ ᠪᠠᠨ ᠪᠤᠴᠠᠵᠤ ᠤᠷᠤᠵᠦ ᠢᠷᠡᠬᠦ ᠳᠤ ᠠᠩᠬᠢ ᠶᠢᠨ ᠨᠦᠭᠦᠳ ᠨᠢ᠄ ︽ᠭᠠᠳᠠᠨ᠎ᠠ ᠵᠤᠭᠰᠤᠵᠦ ᠪᠠᠶᠢᠭᠰᠠᠨ ᠨᠢ ᠴᠢᠨᠤ ᠠᠪᠤ ᠴᠢᠨᠢ ᠦᠦ︖︾ ᠭᠡᠪᠠ᠃        ᠮᠦᠩᠭᠡ ᠬᠡᠰᠡᠭ ᠲᠠᠳᠠᠭᠠᠯᠵᠠᠭᠰᠠᠨ ᠢᠶᠠᠨ᠄ ︽ᠪᠢᠰᠢ ᠡ᠂ ᠮᠠᠨ ᠤ ᠨᠢᠭᠡᠨ ᠠᠶᠢᠯ ᠤᠨ ᠬᠦᠮᠦᠨ︾ ᠭᠡᠵᠤ ᠠᠭᠤᠷᠳᠠᠶᠢᠬᠠᠨ ᠬᠡᠯᠡᠪᠠ᠃ ᠪᠠᠭᠠᠨ᠎ᠠ ᠬᠠᠵᠠᠭᠤ ᠳᠤ ᠨᠢ ᠪᠠᠶᠢᠭᠰᠠᠨ ᠢᠶᠠᠨ᠄ ︽ᠬᠦᠶ᠋ᠢ᠂ ᠠᠶᠢᠯ ᠤᠨ ᠬᠦᠮᠦᠨ ᠴᠢᠨᠢ ᠵᠤᠭᠤᠰ ᠠᠪᠴᠢᠷᠠᠵᠦ ᠦᠭᠭᠦᠭᠰᠡᠨ ᠪᠤᠯ ᠮᠢᠨᠤ ᠵᠤᠭᠤᠰ ᠢ ᠪᠤᠴᠠᠭᠠᠵᠦ ᠪᠤᠯᠤᠨ᠎ᠠ ᠪᠠ︾ ᠬᠡᠬᠦ ᠳᠤ ︽ᠮᠠ᠂ ᠮᠢᠩᠭᠠᠨ ᠲᠦᠭᠦᠷᠢᠭ︾        ︽ᠬᠦᠶ᠋ᠢ︕ ᠴᠢ ᠨᠠᠳᠠ ᠠᠴᠠ ᠬᠤᠶᠠᠷ ᠮᠢᠩᠭ᠎ᠠ ᠵᠢᠭᠡᠯᠡᠭᠰᠡᠨ ᠰᠢᠦ︕ ᠨᠦᠭᠦᠭᠡ ᠮᠢᠩᠭᠠᠨ ᠲᠦᠭᠦᠷᠢᠭ  ᠨᠢ︖︾        ︽ᠨᠢᠭᠡ ᠮᠢᠩᠭᠠᠨ ᠲᠦᠭᠦᠷᠢᠭ ᠢ ᠨᠢ ᠪᠤᠴᠠᠭᠠᠯ᠎ᠠ ᠪᠤᠯᠤᠯ᠎ᠠ ᠰᠢᠳᠠ︕︾ ᠭᠡᠵᠤ ᠠᠭᠤᠷᠯᠠᠬᠤ ᠳᠤ ᠪᠠᠨ ᠠᠭᠰᠤᠷᠴᠦ ᠬᠡᠯᠡᠪᠠ᠃        ︽ᠴᠢ ᠬᠦᠯᠢᠶᠡᠵᠦ ᠪᠠᠢ᠂ ᠪᠢ ᠪᠠᠭᠰᠢ ᠳᠤ ᠤᠴᠢᠵᠦ ᠬᠡᠯᠡᠨ᠎ᠠ︾ ᠭᠡᠳ ᠠᠯᠪᠠᠨ ᠭᠡᠷ ᠢ ᠴᠢᠭᠯᠡᠵᠡᠢ᠃        ᠪᠠᠭᠰᠢ ᠨᠢ ᠡᠨᠡ ᠤᠴᠢᠷ ᠢ ᠮᠡᠳᠡᠭᠰᠡᠨ ᠢᠶᠠᠨ ᠰᠢᠭᠤᠳ ᠭᠡᠷ ᠲᠤ ᠨᠢ ᠤᠳᠠᠰᠤᠳᠠᠵᠦ ᠤᠳᠤ ᠪᠠᠷ ᠢᠶᠠᠨ ᠢᠷᠡᠭᠡᠷᠡᠢ ᠭᠡᠪᠠ᠃ ᠬᠠᠭᠠᠰ ᠵᠠᠮ ᠢ ᠨᠢ ᠶᠠᠪᠤᠭᠠᠳ ᠪᠠᠶᠢᠭᠰᠠᠨ ᠠᠪᠤ ᠨᠢ ᠶᠡᠭᠡᠳᠡ ᠭᠠᠶᠢᠬᠠᠵᠦ ᠪᠠᠭᠰᠢ ᠠᠴᠠ ᠨᠢ ᠤᠳᠠᠰᠤ ᠢᠷᠡᠭᠦᠯᠵᠦ ᠪᠠᠶᠢᠬᠤ ᠪᠠᠷ ᠯᠠᠪᠳᠠᠢ ᠴᠢᠬᠤᠯᠠ ᠤᠴᠢᠷ ᠪᠤᠢ᠃ ︽ᠪᠤᠰᠤᠳ ᠲᠠᠢ ᠬᠡᠷᠡᠯᠳᠤᠭ᠍ᠰᠡᠨ ᠦᠦ︖ ᠡᠰᠡᠭᠦᠯ᠎ᠠ ᠁︾ ᠭᠡᠵᠤ ᠵᠠᠮ ᠠᠴᠠ ᠪᠠᠨ ᠡᠷᠬᠢᠵᠦ ᠰᠤᠷᠭᠠᠭᠤᠯᠢ ᠳᠤ ᠬᠦᠷᠦᠭᠰᠡᠨ ᠢᠶᠠᠨ ᠪᠦᠭᠡ ᠰᠢᠭᠤᠳ ᠠᠩᠬᠢ  ᠶᠢᠨ ᠪᠠᠭᠰᠢ ᠶᠢᠨ ᠠᠯᠪᠠᠨ ᠭᠡᠷ ᠲᠤ ᠤᠴᠢᠪᠠ᠃        ︽ᠪᠢ ᠮᠦᠩᠭᠡ ᠶᠢᠨ ᠲᠤᠬᠠᠢ ᠲᠠᠨ ᠲᠠᠢ ᠶᠠᠷᠢᠯᠴᠠᠬᠤ ᠬᠡᠰᠡᠨ ᠶᠤᠮ ᠡ︕ ᠮᠦᠩᠭᠡ ᠲᠡᠭᠡᠷ᠎ᠡ ᠬᠤᠶᠠᠷ ᠰᠠᠷ᠎ᠠ ᠪᠤᠰᠤᠳ ᠠᠴᠠ ᠬᠤᠶᠠᠷ ᠮᠢᠩᠭᠠᠨ ᠲᠦᠭᠦᠷᠢᠭ ᠵᠢᠭᠡᠯᠡᠭᠰᠡᠨ ᠪᠠᠶᠢᠨ᠎ᠠ᠃ ᠮᠢᠩᠭᠠᠨ ᠲᠦᠭᠦᠷᠢᠭ ᠢ ᠨᠢ ᠦᠭᠭᠦᠭᠡᠳ ᠤᠳᠤ ᠪᠠᠰᠠ ᠮᠢᠩᠭᠠᠨ ᠲᠦᠭᠦᠷᠢᠭ ᠲᠤᠳᠠᠵᠦ ᠪᠠᠶᠢᠨ᠎ᠠ ᠁︾ ᠭᠡᠵᠤ ᠫᠢᠯᠠ ᠲᠠᠢ ᠴᠠᠷ᠎ᠠ ᠲᠠᠢ ᠨᠢ ᠲᠤᠭᠠᠴᠢᠵᠠᠢ᠃        ︽ᠠ ᠁︾        ᠮᠦᠩᠭᠡ ᠲᠠᠭᠤ ᠦᠭᠡᠢ ᠲᠤᠯᠤᠭᠠᠢ ᠭᠤᠬᠢᠢᠵᠦ ᠵᠤᠭᠰᠤᠨ᠎ᠠ᠃        ᠠᠪᠤ ᠨᠢ ᠴᠢᠷᠠᠢ ᠪᠠᠷᠤᠶᠢᠵᠦ ᠠᠭᠤᠷ ᠲᠠᠢ ᠬᠡᠭᠴᠢ᠄ ︽ᠴᠢ ᠵᠤᠭᠤᠰ ᠢᠶᠠᠷ ᠢᠶᠠᠨ ᠶᠠᠭᠤ ᠶᠠᠭᠤ ᠠᠪᠤᠪᠠ︖ ︾ ᠭᠡᠵᠤ ᠲᠤᠯᠭᠠᠪᠠ᠃ ᠮᠦᠩᠭᠡ ᠨᠢᠭᠡᠨᠳᠠ ᠠᠪᠤ ᠮᠢᠨᠢ ᠶᠠᠭᠤ ᠬᠢᠭᠰᠡᠨ ᠢ ᠮᠡᠳᠡᠭᠰᠡᠨ ᠶᠤᠮ ᠴᠢᠨᠢ ᠪᠢ ᠴᠦ ᠢᠯᠡᠨ ᠲᠠᠯᠠᠨ ᠦᠭᠡᠢ ᠬᠡᠯᠡᠴᠢᠬᠡᠶ᠎ᠡ ᠭᠡᠵᠤ ᠵᠤᠷᠢᠭ ᠰᠢᠭᠤᠳᠴᠠᠢ᠃        ᠦᠨᠡᠨ ᠭᠡᠳᠡᠭ ᠬᠢᠳᠤᠭ᠎ᠠ ᠰᠢᠭ᠋ ᠬᠤᠷᠴᠠ ᠪᠠᠶᠢᠳᠠᠭ᠃ ᠬᠦᠦ ᠪᠠᠨ ᠰᠠᠶᠢᠨ ᠴᠢᠷᠮᠠᠶᠢᠵᠦ ᠪᠠᠶᠢᠬᠤ ᠶᠤᠮ ᠡ ᠭᠡᠵᠤ ᠲᠡᠨᠡᠭᠳᠡᠵᠦ ᠶᠠᠪᠤᠭᠰᠠᠨ ᠪᠦᠭᠡ᠄ ︽ᠠᠪᠤ ᠡᠵᠢ ᠪᠢᠳᠠ ᠬᠤᠶᠠᠷ ᠴᠢᠨᠢ ᠴᠢᠨᠤ ᠰᠠᠶ᠋ᠢ ᠡᠬᠢᠯᠡᠵᠦ ᠠᠳᠡ ᠢᠷᠡᠭᠡᠳ ᠰᠤᠷᠤᠯᠭ᠎ᠠ ᠶᠤᠰᠤ ᠮᠤᠷᠠᠯ ᠴᠢᠨᠢ ᠲᠡᠭᠡᠭᠰᠢᠯᠡᠵᠦ ᠪᠠᠶᠢᠬᠤ ᠶᠢ ᠰᠤᠨᠤᠰᠤᠭᠠᠳ ᠦᠷ᠎ᠡ ᠶᠢᠨ ᠢᠶᠠᠨ ᠲᠦᠯᠦᠭᠡ ᠲᠠᠯᠠᠭᠠᠷ ᠴᠢᠷᠮᠠᠶᠢᠭᠰᠠᠨ ᠦᠭᠡᠢ ᠭᠡᠵᠤ ᠪᠠᠶᠠᠷᠯᠠᠭᠰᠠᠨ᠃ ᠬᠡᠳᠡᠯ᠎ᠠ ᠬᠠᠷᠢᠨ ᠬᠤᠳᠠ ᠶᠢᠨ ᠮᠠᠭᠤ ᠶᠢ ᠰᠤᠷᠴᠦ᠂ ᠵᠠᠰᠠᠷᠠᠬᠤ ᠠᠴᠠ ᠦᠩᠭᠡᠷᠡᠴᠢᠭᠡᠭᠰᠡᠨ ᠨᠠᠭᠠᠳᠤᠮ ᠤᠨ ᠦᠨᠳᠦᠰᠦ ᠪᠤᠯᠴᠢᠬᠠᠵᠠᠢ᠃ ᠪᠤᠰᠤᠳ ᠲᠠᠢ ᠠᠳᠠᠭᠠᠷᠬᠠᠵᠦ ᠬᠤᠪᠴᠠᠰᠤ ᠬᠤᠨᠠᠷ᠂ ᠭᠠᠷ ᠤᠳᠠᠰᠤ ᠠᠪᠴᠦ ᠵᠤᠭᠤᠰ ᠢᠶᠠᠨ ᠦᠷᠡᠨ᠎ᠠ ᠭᠡᠵᠤ ᠰᠠᠨᠠᠵᠦ ᠤᠯᠤᠭᠰᠠᠨ ᠦᠭᠡᠢ᠃︾ ᠭᠡᠵᠤ ᠬᠡᠯᠡᠬᠦ ᠳᠤ ᠬᠤᠭᠤᠯᠠᠢ ᠨᠢ ᠵᠠᠩᠬᠢᠷᠠᠵᠦ ᠪᠠᠶᠢᠯ᠎ᠠ᠃        ︽ᠦᠷ᠎ᠡ ᠶᠢᠨ ᠲᠦᠯᠦᠭᠡ ᠦᠭᠦᠵᠦ᠂ ᠵᠤᠯᠵᠠᠭᠠᠨ ᠤ ᠲᠦᠯᠦᠭᠡ ᠵᠤᠳᠠᠳᠠᠭ︾ ᠭᠡᠵᠤ ᠠᠪᠤ ᠡᠵᠢ ᠴᠢᠨᠢ ᠶᠠᠭᠠᠬᠢᠵᠦ ᠵᠤᠭᠤᠰ ᠤᠯᠵᠤ ᠪᠠᠶᠢᠬᠤ ᠶᠢ ᠮᠡᠳᠡᠨ᠎ᠠ ᠦᠦ︖ ᠪᠠᠭ᠎ᠠ ᠬᠡᠭᠰᠡᠭᠡᠷ ᠵᠤᠭᠤᠰ ᠭᠡᠵᠤ ᠭᠠᠷ ᠰᠠᠷᠪᠠᠶᠢᠵᠦ ᠪᠤᠰᠤᠳ ᠤᠨ ᠶᠠᠳᠠᠷᠠᠯ ᠵᠦᠳᠡᠷᠠᠯ ᠢ ᠮᠡᠳᠡᠬᠦ ᠦᠭᠡᠢ᠂ ᠬᠦᠦ ᠮᠢᠨᠢ︾ ᠬᠡᠮᠡᠨ ᠬᠦᠦ ᠶᠢᠨ ᠢᠶᠠᠨ ᠲᠦᠯᠦᠭᠡ ᠡᠷᠭᠡ ᠦᠭᠡᠢ ᠵᠤᠪᠠᠵᠦ ᠬᠡᠯᠡᠨ᠎ᠠ᠃        ᠠᠪᠤ ᠶᠢᠨ ᠬᠢᠨᠢ ᠦᠭᠡ ᠮᠦᠩᠭᠡ ᠶᠢᠨ ᠴᠢᠬᠢᠨ ᠳᠤ ᠤᠴᠢᠷ ᠦᠭᠡᠢ ᠬᠠᠯᠠᠭᠤᠬᠠᠨ ᠰᠠᠨᠠᠭᠳᠠᠭᠠᠳ ᠲᠡᠷᠡ ᠱᠤᠷᠬᠢᠷᠠᠳᠠᠯ᠎ᠠ ᠤᠬᠢᠯᠠᠪᠠ᠃        ᠮᠦᠩᠭᠡ᠂ ᠠᠪᠤ ᠡᠵᠢ ᠶᠢᠨ ᠢᠶᠠᠨ ᠴᠢᠰᠤ ᠬᠦᠯᠦᠰᠦ ᠪᠠᠨ ᠰᠢᠪᠬᠠᠨ ᠤᠯᠤᠭᠰᠠᠨ ᠵᠤᠭᠤᠰ ᠢ ᠡᠳᠦᠷᠵᠢᠨ ᠤᠰᠤ ᠴᠠᠰᠤ ᠰᠢᠭ᠋ ᠵᠠᠷᠤᠵᠦ᠂ ᠨᠠᠭᠠᠳᠤᠨ ᠨᠠᠷᠬᠢᠵᠦ ᠪᠠᠶᠢᠭᠰᠠᠨ ᠢᠶᠠᠨ ᠡᠷᠬᠢᠴᠡᠭᠦᠯᠵᠦ ︽ᠠᠪᠤ ᠡ︾ ᠭᠡᠵᠤ ᠬᠦᠵᠦᠭᠦᠳᠡᠨ ᠲᠡᠪᠡᠷᠢᠯ᠎ᠠ᠃        ᠬᠠᠷᠠᠮᠰᠠᠯ ᠬᠡᠮᠰᠢᠯ ᠤᠨ ᠰᠡᠳᠬᠢᠯ ᠳᠤ ᠬᠦᠯᠢᠶᠡᠰᠦᠯᠡᠭᠳᠡᠭᠰᠡᠨ ᠠᠪᠤ ᠬᠦᠦ ᠬᠤᠶᠠᠷ ᠤᠨ ᠨᠢᠯᠪᠤᠰᠤᠨ ᠳᠤ ᠭᠠᠰᠢᠭᠤᠨ᠂ ᠡᠭᠡᠬᠦᠨ᠂ ᠨᠢᠰᠤᠭᠤᠨ᠂ ᠨᠢᠯᠦᠭᠤᠨ ᠡᠯᠳᠡᠪ ᠤᠨ ᠠᠮᠳᠠ ᠬᠤᠯᠢᠯᠳᠤᠨ᠎ᠠ ᠁                       ※ ᠲᠤᠰ ᠵᠤᠬᠢᠶᠠᠯ ᠲᠦᠷᠪᠡᠲᠦᠬᠡᠷ ᠤᠲᠠᠭᠠᠨ ᠤ ᠨᠠᠢᠮᠠᠨ ᠰᠢᠷᠭ᠎ᠠ ᠵᠤᠬᠢᠶᠠᠯ ᠤᠨ                              ᠣᠷᠣᠯᠲᠤᠭᠠᠨ ᠳᠤ ᠬᠤᠶᠠᠲᠤᠭᠠᠷ ᠲᠡᠰ ᠤᠨ ᠱᠠᠩᠨᠠᠯ ᠬᠦᠷᠲᠡᠪᠡ᠃                                                   ᠵᠢᠯᠤᠭᠤᠳᠤᠭᠰᠠᠨ ᠪᠠᠭᠰᠢ—ᠲᠤᠶᠠᠭ᠎ᠠ                  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号