ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠨᠠᠷᠠᠳᠠᠢ | ᠠᠩᠬ᠎ᠠ ᠲᠣᠮᠳᠠᠳᠣ ᠳᠤ ᠳᠡᠪᠰᠢᠨᠠ ᠭᠡᠵᠦ ᠪᠠᠶᠠᠷᠯᠠᠭᠰᠠᠨ ᠬᠦᠷ ᠪᠠᠶᠠᠷ ᠤᠨ ᠴᠠᠭᠠᠨ᠎ᠠ ᠪᠠᠰᠠ ᠠᠯᠢ ᠬᠡᠵᠢᠶᠡᠨ | ᠤ ᠲᠣᠷᠠᠯᠠᠵᠤ ᠪᠠᠶᠢᠭᠰᠠᠨ ᠭᠠᠷ ᠣᠲᠠᠰᠤ ᠴᠦ ᠪᠠᠭᠳᠠᠵᠦ ᠪᠠᠶᠢᠭᠰᠠᠨ ᠶᠣᠮ᠃ ᠠᠩᠬ᠎ᠠ ᠳᠣᠮᠳᠠᠳᠣ ᠳᠤ ᠣᠷᠣᠪᠠᠯ | ᠪᠠᠶᠢᠷᠢ ᠳᠤ ᠰᠠᠭᠤᠨ᠎ᠠ᠂ ᠰᠠᠷ᠎ᠠ ᠬᠤᠷᠢ ᠬᠤᠨᠤᠭ ᠲᠤ ᠨᠢᠭᠡ ᠣᠳᠠᠭ᠎ᠠ ᠭᠡᠷ ᠲᠤ ᠪᠠᠨ ᠣᠯᠵᠦ ᠬᠠᠷᠢᠬᠤ ᠣᠴᠢᠷ ᠠᠪᠤ | ᠡᠵᠢ ᠮᠢᠨᠢ ᠯᠡᠪᠲᠠᠢ ᠭᠠᠷ ᠣᠲᠠᠰᠣ ᠠᠪᠴᠣ ᠦᠭᠭᠦᠨ᠎ᠡ ᠭᠡᠳᠡᠭ ᠢ ᠪᠢ ᠬᠦᠰᠡᠭᠡᠳ ᠣᠲᠠᠭᠰᠠᠨ ᠶᠣᠮ᠃ | ᠲᠡᠭᠡᠭᠡᠳ ᠯᠡ ᠰᠠᠨᠠᠭᠰᠠᠨ ᠶᠠᠭᠤᠮ᠎ᠠ ᠰᠠᠨᠠᠭ᠎ᠠ ᠪᠠᠷ ᠪᠦᠲᠦᠵᠦ᠂ ᠬᠦᠭᠡᠷᠦᠬᠦᠨ ᠭᠡᠭᠴᠢ ᠭᠠᠷ ᠣᠲᠠᠰᠣ ᠲᠠᠢ | ᠪᠣᠯᠣᠯ᠎ᠠ᠃ ᠬᠠᠮᠲᠦ ᠰᠣᠷᠣᠯᠭᠠᠲᠠᠳ ᠲᠤ ᠪᠠᠨ ᠨᠢᠭᠡ ᠮᠦᠷ ᠣᠲᠠᠰᠣᠳᠠᠵᠦ᠂ ᠭᠠᠷ ᠣᠲᠠᠰᠤ ᠲᠠᠢ ᠪᠣᠯᠣᠭᠰᠠᠨ ᠢᠶᠠᠨ | ᠲᠣᠩᠬᠠᠭᠯᠠᠭᠠᠳ ᠴᠢᠨᠠᠭᠰᠢ ᠣᠬᠤᠷ ᠹᠢᠯᠢᠮ᠂ ᠪᠢᠴᠢᠯ ᠲᠣᠭᠯᠠᠭᠠᠮ ᠁ ᠭᠡᠳ ᠪᠦᠬᠦ ᠬᠡᠷᠡᠭᠴᠡᠭᠡ ᠶᠢ ᠨᠢ | ᠰᠣᠳᠣᠯᠵᠦ ᠭᠠᠷᠪᠠ᠂ ᠰᠣᠷᠮᠠᠭᠠᠢ ᠴᠦ ᠪᠣᠯᠣᠯ᠎ᠠ᠃ | ᠲᠡᠭᠡᠲᠡᠯ᠎ᠡ ︽ᠭᠠᠢ ᠭᠠᠵᠠᠷ ᠲᠣᠣᠷ᠎ᠠ ᠠᠴᠠ︾ ᠭᠡᠳᠡᠭ ᠢᠶᠠᠷ ᠰᠢᠨ᠎ᠡ ᠰᠣᠷᠭᠠᠭᠤᠯᠢ ᠳᠤ ᠣᠴᠢᠭᠰᠠᠨ ᠨᠢᠭᠡᠳᠦᠭᠡᠷ ᠡᠳᠦᠷ | ᠠᠴᠠ ᠡᠨᠡ ᠰᠣᠷᠭᠠᠭᠤᠯᠢ ᠶᠢᠨ ︽ᠰᠣᠷᠭᠠᠭᠤᠯᠢ ᠶᠢᠨ ᠬᠦᠷᠢᠶᠡᠨ ᠳᠤ ᠭᠠᠷ ᠣᠲᠠᠰᠣ ᠵᠠᠷᠣᠵᠦ ᠪᠣᠯᠬᠤ ᠦᠭᠡᠢ︾ | ᠭᠡᠳᠡᠭ ᠬᠠᠲᠠᠭᠤ ᠲᠣᠭᠲᠠᠭᠠᠯ ᠲᠠᠢ ᠣᠴᠠᠷᠠᠨ᠎ᠠ ᠭᠡᠵᠦ ᠬᠡᠨ ᠮᠡᠳᠡᠯ᠎ᠡ ᠳ᠋ᠠ ᠁ | ᠨᠢᠭᠡ | ᠡᠨᠡ ᠣᠷᠣᠢ ᠪᠣᠯ ᠭᠠᠷ ᠣᠲᠠᠰᠣ ᠦᠭᠡᠢ ᠨᠢᠭᠡᠳᠦᠭᠡᠷ ᠣᠷᠣᠢ ︐ ᠶᠠᠭ ᠨᠢᠭᠡ ᠶᠠᠭᠤᠮ᠎ᠠ ᠲᠣᠳᠠᠭᠰᠠᠨ ᠰᠢᠭ᠋᠂ | ᠠᠪᠤ ᠪᠠᠨ ᠲᠣᠩ ᠰᠠᠨᠠᠯ᠎ᠠ᠂ ᠣᠲᠠᠰᠣᠳᠠᠶᠠ ᠭᠡᠵᠦ ᠲᠦᠢᠯ ᠢᠶᠠᠷ ᠪᠣᠳᠣᠭᠰᠠᠨ︔ ᠨᠦᠭᠦᠭᠡ ᠲᠠᠯ᠎ᠠ ᠪᠠᠷ ᠪᠣᠳᠣᠬᠤ ᠳᠤ | ᠪᠠᠰᠠ ᠴᠦ ᠲᠣᠩ ᠠᠮᠠᠷᠬᠠᠨ ᠶᠣᠮ ᠰᠢᠭ᠋᠂ ᠨᠢᠭᠡ ᠠᠵᠢᠯ ᠲᠣᠳᠠᠭᠤ ᠬᠢᠬᠦ ᠪᠣᠯᠵᠠᠢ᠃ ᠡᠨᠡ ᠲᠡᠷᠡ ᠶᠠᠪᠣᠳᠠᠯ ᠳᠤ | ᠰᠠᠨᠠᠭ᠎ᠠ ᠪᠣᠯᠬᠤ ᠪᠠᠨ ᠪᠣᠯᠢᠵᠦ᠂ ᠣᠨᠲᠠᠯᠭᠠ ᠠᠴᠠ ᠡᠮᠦᠨᠡᠬᠢ ᠠᠷᠪᠠᠨ ᠮᠢᠨᠦ᠋ᠲ ᠲᠤ ᠦᠪᠡᠷ ᠤᠨ ᠲᠣᠷᠠᠲᠠᠢ ᠨᠣᠮ | ᠢᠶᠠᠨ ᠦᠵᠡᠵᠦ᠂ ᠲᠣᠷᠠᠲᠠᠢ ᠠᠵᠢᠯ ᠢᠶᠠᠨ ᠬᠢᠵᠦ᠂ ᠲᠣᠩ ᠡᠷᠬᠡ ᠴᠢᠯᠦᠭᠡᠲᠡᠢ ᠰᠠᠨᠠᠭᠳᠠᠯ᠎ᠠ᠃ | ᠬᠤᠶᠠᠷ | ᠨᠢᠭᠡᠨᠲᠡ ᠬᠤᠶᠠᠳᠣᠭᠠᠷ ᠣᠷᠣᠢ ᠪᠣᠯᠣᠭᠰᠠᠨ ᠴᠦ ᠲᠠᠰᠤᠭᠠ ᠦᠭᠡᠢ᠂ ᠡᠮᠦᠨ᠎ᠡ ᠨᠢ ᠪᠠᠶᠢᠷᠢ ᠳᠤ ᠪᠠᠨ | ᠢᠷᠡᠭᠰᠡᠭᠡᠷ ᠯᠡ ᠡᠵᠢ ᠳᠤ ᠪᠠᠨ ᠭᠠᠷ ᠣᠲᠠᠰᠣ ᠪᠠᠷ ᠣᠬᠤᠷ ᠴᠢᠮᠡᠭᠡ ᠶᠠᠪᠣᠭᠤᠯᠵᠦ ᠯᠡ ᠪᠠᠶᠢᠵᠠᠢ᠃ ᠡᠵᠢ ᠪᠠᠨ | ᠰᠠᠨᠠᠭᠰᠠᠨ ᠰᠡᠳᠬᠢᠯᠭᠡ ᠪᠠᠨ ᠵᠦᠪᠬᠡᠨ᠄ ︽ᠪᠢ ᠴᠢᠮ᠎ᠠ ᠶᠢ ᠰᠠᠨᠠᠵᠦ ᠪᠠᠶᠢᠨ᠎ᠠ᠂ ᠡᠵᠢ ᠡ︾ ᠭᠡᠵᠦ ᠢᠯᠡᠳᠬᠡᠳᠡᠭ | ᠪᠠᠶᠢᠭᠰᠠᠨ᠃ ᠭᠡᠪᠡᠴᠦ ᠣᠳᠣ ᠬᠠᠷᠢᠨ ᠣᠨᠳᠣᠣ ᠪᠣᠯᠴᠢᠬᠠᠭᠰᠠᠨ ᠰᠢᠦ᠂ ᠪᠠᠶᠢᠷᠢ ᠳᠤ ᠪᠠᠨ ᠬᠠᠷᠢᠭᠠᠳ ᠣᠷᠣ ᠳᠡᠭᠡᠷ᠎ᠡ | ᠪᠠᠨ ᠬᠡᠪᠲᠡᠭᠡᠳ ᠰᠡᠳᠬᠢᠯ ᠳᠤ ᠪᠠᠨ ᠪᠣᠳᠣᠳᠠᠭ᠃ ᠬᠦᠮᠦᠨ ᠬᠦᠮᠦᠨ ᠤ ᠬᠤᠭᠤᠷᠣᠨᠳᠣᠬᠢ ᠬᠠᠶᠢᠷ᠎ᠠ ᠨᠢ ᠭᠠᠷ ᠣᠲᠠᠰᠣ | ᠶᠢᠨ ᠠᠭᠠᠷ ᠤᠨ ᠲᠣᠯᠭᠢᠶᠠᠨ ᠦᠭᠡᠢ ᠴᠦ ᠭᠡᠰᠡᠨ ᠰᠡᠳᠬᠢᠯ ᠤᠨ ᠭᠦᠨ ᠳᠠᠬᠢ ᠴᠢᠩ ᠦᠨᠡᠨᠴᠢ ᠪᠣᠳᠣᠯ ᠢᠶᠠᠷ ᠰᠡᠮᠬᠡᠨ | ᠲᠠᠷᠬᠠᠵᠦ ᠲᠡᠶᠢᠯᠳᠡᠭ ᠢ ᠮᠡᠳᠡᠯ᠎ᠡ᠃ ᠬᠡᠳᠦᠶᠢᠪᠡᠷ ᠡᠨᠡ ᠦᠶ᠎ᠡ ᠳᠤ ᠪᠢ ᠲᠡᠳᠡᠨ ᠲᠠᠢ ᠬᠠᠷᠢᠯᠴᠠᠵᠦ ᠴᠢᠳᠠᠬᠤ ᠦᠭᠡᠢ | ᠪᠣᠯᠪᠠᠴᠤ ᠲᠡᠳᠡ ᠯᠡᠪᠲᠡᠢ ᠨᠠᠮ᠎ᠠ ᠶᠢ ᠰᠠᠨᠠᠵᠦ ᠪᠠᠶᠢᠨ᠎ᠠ ᠭᠡᠰᠡᠨ ᠢ ᠪᠢ ᠢᠲᠡᠭᠡᠨ᠎ᠡ᠃ | ᠵᠠᠷᠢᠮ ᠦᠶ᠎ᠡ ᠳᠤ ᠪᠢ ᠨᠠᠶᠢᠵᠠ ᠨᠦᠭᠦᠳ ᠤᠨ ᠬᠤᠭᠤᠷᠣᠨᠳᠣᠬᠢ ᠪᠠᠭᠠᠬᠠᠨ ᠶᠠᠪᠣᠳᠠᠯ ᠢ ᠴᠦ | ᠰᠢᠢᠳᠪᠣᠷᠢᠯᠠᠵᠦ ᠲᠡᠶᠢᠯᠬᠦ ᠦᠭᠡᠢ᠂ ᠡᠵᠢ ᠠᠴᠠ ᠪᠠᠨ ᠬᠠᠪᠰᠣᠷᠣᠯᠭ᠎ᠠ ᠬᠦᠰᠡᠶ᠎ᠡ ᠭᠡᠵᠦ ᠰᠠᠨᠠᠳᠠᠭ ᠴᠦ ᠲᠡᠳᠡᠨ ᠲᠠᠢ | ᠬᠠᠷᠢᠯᠴᠠᠵᠦ ᠲᠡᠶᠢᠯᠬᠦ ᠦᠭᠡᠢ ᠣᠴᠢᠷ ᠠᠴᠠ ᠪᠡᠶ᠎ᠡ ᠪᠠᠨ ᠲᠠᠭᠠᠭᠠᠵᠦ ᠦᠪᠡᠷᠲᠡᠭᠡᠨ ᠰᠢᠢᠳᠪᠦᠷᠢᠯᠡᠴᠢᠬᠡᠳᠡᠭ ᠪᠣᠯᠵᠡᠢ᠃ | ᠭᠠᠷ ᠣᠲᠠᠰᠤ ᠦᠭᠡᠢ ᠨᠢ ᠪᠠᠰᠠ ᠰᠠᠶᠢᠨ ᠲᠠᠢ ᠴᠦ ᠶᠣᠮ ᠦᠦ︖ ᠪᠢ ᠠᠭᠠᠵᠢᠮ ᠢᠶᠠᠷ ᠲᠡᠭᠡᠵᠦ ᠪᠣᠳᠣᠬᠤ ᠪᠣᠯᠵᠡᠢ᠃ | | ᠭᠤᠷᠪᠠ | ᠮᠠᠨ ᠤ ᠪᠠᠶᠢᠷᠢ ᠶᠢᠨ ᠬᠢᠨ ᠪᠦᠷ ᠭᠠᠷ ᠣᠲᠠᠰᠤ ᠦᠭᠡᠢ᠂ ᠡᠬᠢᠨ ᠳᠤ ᠪᠠᠨ ᠣᠨᠲᠠᠯᠭᠠ ᠠᠴᠠ ᠡᠮᠦᠨᠡᠬᠢ | ᠠᠷᠪᠠᠨ ᠮᠢᠨᠦ᠋ᠲ ᠲᠤ ᠪᠦᠷ ᠦᠪᠡᠷ ᠤᠨ ᠭᠡᠷ ᠤᠨ ᠠᠬᠠᠮᠠᠳ ᠲᠠᠢ ᠪᠠᠨ ᠵᠣᠭᠤᠭᠳᠠᠵᠦ᠂ ᠬᠤᠭᠤᠷᠣᠨᠲᠦ ᠳᠤ ᠪᠠᠨ | ᠲᠡᠮᠡᠢ ᠶᠠᠷᠢᠯᠴᠠᠬᠤ ᠦᠭᠡᠢ ᠪᠠᠶᠢᠭᠰᠠᠨ᠃ ᠭᠡᠪᠡᠴᠦ ᠣᠳᠣ ᠲᠠᠶᠢᠮᠦ ᠪᠢᠰᠢ ᠪᠣᠯᠣᠭᠰᠠᠨ ᠰᠢᠦ᠃ ᠪᠢᠳᠠ ᠣᠨᠲᠠᠬᠤ ᠠᠴᠠ | ᠪᠠᠨ ᠡᠮᠦᠨ᠎ᠡ ᠪᠠᠶᠠᠷᠲᠠᠢ ᠪᠠᠷ ᠵᠤᠭᠤᠭ ᠢᠶᠠᠨ ᠲᠡᠯᠭᠡᠵᠦ᠂ ᠪᠠᠭᠰᠢ ᠶᠢᠨ ᠰᠢᠮ᠎ᠡ ᠲᠠᠢ ᠶᠠᠷᠢᠭᠰᠠᠨ ᠬᠢᠴᠢᠶᠡᠯ ᠠᠴᠠ | ᠡᠬᠢᠯᠡᠨ᠂ ᠬᠦᠦ ᠰᠤᠷᠤᠭᠴᠢ ᠶᠢᠨ ᠭᠠᠷᠭᠠᠭᠰᠠᠨ ᠡᠯᠳᠡᠪ ᠶᠠᠩᠵᠦ ᠶᠢᠨ ᠱᠤᠭ ᠢ ᠶᠠᠷᠢᠯᠴᠠᠨ ᠬᠦᠭᠡᠷᠦᠯᠳᠦᠳᠡᠭ᠃ | ᠭᠡᠪᠡᠴᠦ ᠲᠡᠷᠡ ᠨᠢ ᠣᠨᠲᠠᠯᠭᠠ ᠶᠢᠨ ᠴᠠᠭ ᠢ ᠣᠭᠳᠣᠬᠠᠨ ᠴᠦ ᠨᠦᠯᠦᠭᠡᠯᠡᠭᠦ ᠦᠭᠡᠢ᠂ ᠣᠨᠲᠠᠬᠤ ᠴᠠᠭ ᠪᠣᠯᠣᠭᠰᠠᠭᠠᠷ | ᠪᠦᠷ ᠠᠮᠲᠠᠲᠦ ᠨᠣᠶᠢᠷ ᠲᠤ ᠪᠠᠨ ᠣᠷᠣᠴᠢᠬᠠᠳᠠᠭ᠃ | ᠭᠠᠷ ᠣᠲᠠᠰᠤ ᠦᠭᠡᠢ ᠪᠣᠯᠣᠭᠰᠠᠨ ᠴᠢᠨᠢ ᠪᠢ ᠦᠪᠡᠷ ᠤᠨ ᠰᠣᠷᠣᠭᠴᠢ ᠠᠮᠢᠳᠣᠷᠠᠯ ᠳᠤ ᠪᠠᠨ ᠪᠦᠷ ᠴᠦ | ᠠᠭᠤᠰᠣᠨ ᠣᠷᠣᠯ᠎ᠠ᠃ | ᠲᠦᠷᠪᠡ | ᠡᠨᠡ ᠬᠡᠳᠦᠨ ᠡᠳᠦᠷ ᠢᠶᠠᠷ ᠲᠠᠮᠵᠢᠨ ᠪᠢ ᠬᠦᠮᠦᠨ ᠪᠤᠯᠭᠠᠨ ᠳᠤ ᠴᠦᠮ ᠦᠪᠡᠷ ᠤᠨ ᠭᠡᠰᠡᠨ ᠣᠷᠣᠨ ᠵᠠᠢ | ᠪᠠᠶᠢᠬᠤ ᠬᠡᠷᠡᠭᠲᠡᠢ ᠭᠡᠰᠡᠨ ᠢ ᠮᠡᠳᠡᠵᠡᠢ᠃ | ᠣᠨᠲᠠᠯᠭᠠ ᠠᠴᠠ ᠡᠮᠦᠨᠡᠬᠢ ᠠᠷᠪᠠᠨ ᠮᠢᠨᠦ᠋ᠲ ᠭᠠᠷ ᠣᠲᠠᠰᠤ ᠪᠠᠶᠢᠬᠤ ᠦᠶ᠎ᠡ ᠳᠤ ᠪᠠᠨ ᠪᠣᠰᠣᠳ ᠤᠨ | ᠣᠲᠠᠰᠤ ᠶᠢ ᠲᠣᠰᠬᠤ ᠪᠣᠶᠣ ᠭᠡᠷ ᠲᠤ ᠪᠠᠨ ᠪᠠᠶᠢᠨ ᠪᠠᠶᠢᠨ ᠣᠲᠠᠰᠣᠳᠠᠵᠦ ᠠᠷᠦ ᠭᠡᠷ ᠤᠨ ᠶᠠᠪᠣᠳᠠᠯ ᠳᠤ ᠰᠠᠨᠠᠭ᠎ᠠ | ᠪᠣᠯᠣᠨ ᠦᠪᠡᠷ ᠤᠨ ᠬᠢᠬᠦ ᠴᠢᠬᠤᠯᠠ ᠲᠠᠢ ᠵᠦᠢᠯ ᠢᠶᠠᠨ ᠣᠯᠵᠦ ᠬᠢᠬᠦ ᠦᠭᠡᠢ ᠪᠠᠶᠢᠵᠡᠢ᠃ ᠣᠳᠣ ᠭᠠᠷ ᠣᠲᠠᠰᠣ | ᠦᠭᠡᠢ ᠪᠣᠯᠣᠭᠰᠠᠨ ᠴᠢᠨᠢ ᠡᠨᠡᠬᠦ ᠣᠬᠤᠷᠬᠠᠨ ᠠᠷᠪᠠᠨ ᠮᠢᠨᠦ᠋ᠲ ᠨᠢ ᠦᠨᠡᠨ ᠬᠦ ᠮᠢᠨᠦᠬᠢ ᠪᠣᠯᠴᠢᠬᠠᠵᠠᠢ᠃ ᠬᠦᠮᠦᠨ | ᠪᠣᠯᠭᠠᠨ ᠳᠤ ᠴᠦᠮ ᠦᠪᠡᠷ ᠤᠨ ᠬᠡᠰᠡᠨ ᠣᠷᠣᠨ ᠵᠠᠢ ᠪᠠᠶᠢᠬᠤ ᠬᠡᠷᠡᠭᠲᠡᠢ᠂ ᠣᠴᠢᠷ ᠨᠢ ᠪᠢᠳᠡ ᠦᠪᠡᠷ ᠤᠨ ᠣᠷᠣᠨ | ᠵᠠᠢ ᠠᠴᠠ ᠪᠠᠨ ᠵᠢᠩᠬᠢᠨᠢ ᠪᠠᠶᠠᠷ ᠴᠡᠩᠭᠡᠯ ᠢ ᠣᠯᠵᠣ ᠡᠳ᠋ᠯᠡᠵᠦ ᠲᠡᠶᠢᠯᠦᠨ᠎ᠡ᠃ ᠪᠢ ᠡᠭᠦᠨ ᠠᠴᠠ ᠰᠡᠭᠦᠯᠡᠷ ᠨᠡᠩ | ᠴᠢᠷᠮᠠᠶᠢᠵᠦ᠂ ᠡᠨᠡᠬᠦ ᠣᠷᠣᠨ ᠵᠠᠢ ᠪᠠᠨ ᠣᠯᠠᠮ ᠦᠷᠭᠡᠳᠬᠡᠨ᠂ ᠲᠡᠭᠦᠨ ᠢᠶᠠᠷ ᠢᠶᠠᠨ ᠪᠣᠰᠣᠳ ᠢ ᠴᠦ ᠨᠦᠯᠦᠭᠡᠯᠡᠵᠦ | ᠲᠡᠶᠢᠯᠬᠦ ᠪᠠᠷ ᠴᠢᠷᠮᠠᠶᠢᠨ᠎ᠠ᠃ | ᠪᠢ ᠭᠠᠷ ᠣᠲᠠᠰᠤ ᠦᠭᠡᠢ ᠡᠳᠦᠷ ᠤᠳ ᠲᠤ ᠲᠠᠯᠠᠷᠬᠠᠬᠤ ᠶᠣᠰᠣᠲᠠᠢ᠃ ᠣᠴᠢᠷ ᠨᠢ ᠪᠢ ᠡᠨᠡ | ᠬᠤᠭᠤᠷᠣᠨᠳᠦ ᠪᠡᠶ᠎ᠡ ᠳᠡᠭᠡᠨ ᠨᠡᠩ ᠢᠳᠡᠬᠡᠯ ᠲᠠᠢ ᠪᠣᠯᠵᠤ᠂ ᠪᠡᠶ᠎ᠡ ᠪᠠᠨ ᠲᠠᠭᠠᠭᠠᠵᠦ ᠣᠯᠠᠨ ᠣᠴᠢᠷ ᠢ ᠰᠢᠢᠳᠪᠦᠷᠢᠯᠡᠵᠦ | ᠲᠡᠶᠢᠯᠬᠦ ᠪᠣᠯᠵᠡᠢ᠂ ᠨᠡᠩ ᠣᠨᠴᠠᠭᠠᠶᠢᠯᠠᠨ ᠨᠠᠳᠠ ᠣᠬᠤᠷᠬᠠᠨ ᠴᠦ ᠭᠡᠰᠡᠨ ᠦᠪᠡᠷ ᠲᠤ ᠮᠢᠨᠢ ᠬᠠᠷᠢᠶᠠᠯᠠᠭᠳᠠᠬᠤ ᠴᠠᠭ | ᠮᠦᠴᠡ᠂ ᠣᠷᠣᠨ ᠵᠠᠢ ᠲᠠᠢ ᠪᠣᠯᠵᠡᠢ᠃ | ※ ᠲᠤᠰ ᠵᠤᠬᠢᠶᠠᠯ ᠲᠦᠷᠪᠡᠳᠦᠬᠡᠷ ᠣᠲᠠᠭᠠᠨ ᠤ ᠨᠠᠢᠮᠠᠨ ᠰᠢᠷᠭ᠎ᠠ ᠵᠤᠬᠢᠶᠠᠯ ᠤᠨ | ᠣᠷᠣᠯᠲᠤᠭᠠᠨ ᠳᠤ ᠭᠤᠷᠪᠠᠲᠤᠭᠠᠷ ᠲᠡᠰ ᠤᠨ ᠱᠠᠩᠨᠠᠯ ᠬᠦᠷᠲᠡᠪᠡ᠃ | ᠵᠢᠯᠤᠭᠤᠳᠤᠭᠰᠠᠨ ᠪᠠᠭᠰᠢ — ᠲᠤᠶᠠᠭ᠎ᠠ | | |