ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠵᠠᠮᠴᠠᠭᠠᠨ | | ᠮᠠᠩᠨᠠᠢ ᠳᠤ ᠡᠯᠭᠦᠭᠰᠡᠨ ᠨᠠᠷᠠᠨ ᠤ ᠬᠤᠷᠴᠠ ᠬᠡᠷᠡᠯ ᠳᠤ ᠬᠠᠪᠤᠷ ᠤᠨ ᠬᠤᠩᠭᠠᠷᠯᠠᠭᠰᠠᠨ ᠴᠠᠰᠤ ᠬᠠᠶᠢᠯᠵᠦ᠂ | ᠦᠰᠬᠦ ᠲᠦᠯᠵᠢᠭᠦ ᠨᠤᠭᠤᠭᠠᠨ ᠳᠤ ᠰᠢᠮ᠎ᠡ ᠦᠭᠭᠦ ᠨᠢ ᠰᠠᠶᠢᠰᠢᠶᠠᠯᠳᠠᠢ ᠪᠤᠯᠪᠠᠴᠤ ᠡᠨᠡ ᠪᠦᠬᠦᠨ ᠳᠤ ᠰᠤᠭᠳᠤᠭᠤᠷᠠᠬᠤ | ᠴᠢᠯᠦᠭᠡ ᠲᠠᠢ ᠬᠦᠮᠦᠨ ᠨᠢᠭᠡ ᠴᠦ ᠪᠠᠶᠢᠭᠰᠠᠨ ᠦᠭᠡᠢ᠃ ᠬᠦᠪᠬᠦ ᠡᠭᠦᠯᠡ ᠶᠢᠨ ᠲᠤᠤᠭᠤᠷ᠂ ᠵᠤᠭᠰᠤᠭ᠎ᠠ ᠮᠤᠳᠤᠨ ᠤ | ᠲᠡᠭᠡᠭᠦᠷ ᠨᠢᠰᠦᠨ ᠦᠩᠭᠡᠷᠡᠬᠦ ᠭᠠᠯᠠᠭᠤᠳ ᠤᠨ ᠲᠠᠭᠤᠨ ᠪᠠ ᠡᠭᠡ ᠨᠤᠳᠤᠭ ᠤᠨ ᠦᠨᠴᠦᠭ ᠪᠤᠯᠤᠩ ᠠᠴᠠ | ᠴᠤᠬᠤᠶᠢᠬᠤ ᠨᠠᠬᠢᠶ᠎ᠠ ᠭᠠᠵᠠᠷ ᠪᠤᠯᠢᠶᠠᠯᠳᠤᠨ ᠤᠷᠭᠤᠵᠦ ᠠᠯᠠᠭ ᠲᠡᠯᠡᠭᠡᠢ ᠠᠮᠢᠯᠠᠯ ᠤᠨ ᠬᠦᠴᠦᠨ ᠢᠶᠠᠷ ᠪᠢᠯᠬᠠᠨ᠎ᠠ᠃ | ᠠᠭᠤᠯᠠᠨ ᠠᠴᠠ ᠰᠤᠭᠤᠷᠠᠬᠤ ᠨᠠᠷᠠ ᠲᠠᠢ ᠤᠷᠤᠯᠳᠤᠨ ᠪᠠᠳᠤᠨᠠᠰᠤᠨ ᠨᠠᠷᠢᠨ ᠬᠦᠷᠳᠦᠳᠦ ᠮᠤᠲ᠋ᠤᠷ ᠤᠨ ᠢᠶᠠᠨ | ᠬᠤᠷᠳᠤᠴᠠ ᠶᠢ ᠨᠡᠮᠡᠨ ᠲᠠᠪᠬᠢᠬᠤ ᠨᠢ ᠠᠶᠢᠯ ᠤᠨ ᠨᠤᠬᠠᠳ ᠢ ᠦᠢᠮᠡᠭᠦᠯᠵᠦ᠂ ᠤᠷᠤᠨ ᠳᠤ ᠪᠠᠨ ᠰᠢᠷᠭᠤᠭᠰᠠᠨ | ᠬᠦᠮᠦᠰ ᠤᠨ ᠠᠳᠠ ᠶᠢ ᠬᠦᠷᠭᠡᠬᠦ ᠪᠤᠯᠪᠠᠴᠦ ᠠᠵᠢᠯ ᠤᠨ ᠦᠵᠦᠭᠦᠷ ᠢ ᠦᠵᠡᠬᠦ ᠭᠡᠵᠤ ᠰᠤᠭᠤ ᠦᠰᠦᠷᠦᠨ | ᠪᠤᠰᠴᠠᠭᠠᠪᠠ᠃ ᠲᠦᠳᠡᠯ ᠦᠭᠡᠢ ᠠᠶᠢᠯ ᠤᠨ ᠬᠦᠪᠡᠭᠡ ᠵᠠᠬ᠎ᠠ ᠠᠴᠠ ᠲᠷᠠᠺᠲ᠋ᠤᠷ ᠮᠠᠰᠢᠨ ᠫᠠᠷᠴᠢᠬᠢᠨᠠᠵᠤ ᠡᠬᠢᠯᠡᠭᠡᠳ | ᠠᠶᠢᠯ ᠢᠶᠠᠷ ᠢᠶᠠᠨ ᠰᠡᠷᠢᠭᠰᠡᠨ ᠲᠦᠯᠦᠪ ᠲᠠᠢ ᠪᠤᠯᠪᠠ᠃ | ᠬᠤᠳᠤᠭᠤᠷ ᠤᠨ ᠬᠦᠮᠦᠰ ᠪᠤᠷᠳᠤᠭᠠᠨ ᠭᠠᠵᠠᠷ ᠵᠦᠭ ᠢᠶᠠᠨ ᠬᠦᠷᠵᠡ ᠭᠤᠤᠲᠤᠤ ᠡᠷᠬᠢᠭᠦᠯᠵᠦ ᠬᠦᠶᠦᠯᠳᠦᠨ | ᠪᠠᠳᠤᠨᠠᠰᠤᠨ ᠠᠴᠠ ᠴᠦ ᠲᠤᠳᠠᠭᠤ ᠦᠭᠡᠢ ᠶᠠᠭᠠᠷᠠᠵᠦ ᠪᠠᠶᠢᠯ᠎ᠠ᠃ ᠴᠠᠰᠤ ᠮᠦᠰᠦ ᠬᠡᠰᠴᠦ ᠡᠳᠦᠷ ᠢᠷᠡᠭᠦᠶ᠎ᠡ | ᠲᠤᠯᠠᠭᠠᠷᠠᠬᠤ ᠲᠤᠯᠠ ᠠᠳᠡᠬᠢ ᠬᠦᠮᠦᠰ ᠪᠤᠷᠳᠤᠭᠠᠨ ᠭᠠᠵᠠᠷ ᠤᠨ ᠬᠦᠷᠦᠰᠦ ᠶᠢ ᠨᠣᠷᠭᠠᠬᠤ ᠭᠡᠵᠤ ᠦᠢᠮᠡᠯᠳᠤᠭ᠍ᠰᠡᠨ ᠨᠢ | ᠡᠨᠡ᠃ ᠰᠢᠪᠡᠷ ᠰᠢᠷᠦᠢ ᠨᠠᠭᠠᠯᠳᠤᠭᠰᠠᠨ ᠬᠠᠯᠳᠠᠷ ᠮᠠᠯᠠᠭᠠᠢ ᠪᠠᠨ ᠬᠠᠵᠠᠭᠠᠢ ᠲᠠᠷᠤᠵᠦ᠂ ᠶᠠᠩᠵᠤᠤᠷ ᠵᠠᠭᠤᠭᠰᠠᠨ ᠨᠢᠭᠡ | ᠬᠦᠮᠦᠨ ᠮᠤᠲ᠋ᠤᠷ ᠠᠴᠠ ᠪᠠᠨ ᠪᠠᠭᠤᠵᠦ ᠪᠠᠳᠤᠨᠠᠰᠤᠨ ᠵᠦᠭ ᠰᠠᠵᠢᠯᠠᠪᠠ᠃ ᠠᠵᠢᠯ ᠳᠤ ᠪᠠᠨ ᠲᠠᠷᠤᠭᠳᠠᠭᠰᠠᠨ | ᠪᠠᠳᠤᠨᠠᠰᠤᠨ ᠡᠨᠡ ᠪᠦᠬᠦᠨ ᠢ ᠁ ᠠᠩᠬᠠᠷᠬᠤ ᠵᠠᠪ ᠪᠠᠶᠢᠭᠰᠠᠨ ᠦᠭᠡᠢ᠃ ᠪᠣᠷᠳᠤᠭᠠᠨ ᠰᠠᠭᠤᠷᠢᠨ ᠭᠠᠵᠠᠷ ᠤᠨ | ᠤᠰᠤ ᠶᠢ ᠬᠠᠰᠢᠵᠦ ᠵᠠᠯᠠᠭᠰᠠᠭᠠᠷ ᠨᠢᠭᠡ ᠦᠨᠳᠡᠶᠢᠬᠦ ᠳᠤ ᠬᠡᠳᠦᠨ ᠠᠯᠴᠠᠮ ᠬᠤᠯᠠ ᠠᠴᠠ ︽ᠬᠦᠶ᠋ᠢ︾ ᠭᠡᠬᠦ | ᠠᠭᠰᠢᠭᠤᠨ ᠬᠤᠭᠤᠯᠠᠢ ᠰᠤᠨᠤᠰᠳᠠᠪᠠ᠃ ᠲᠡᠷᠡ ᠵᠦᠭ ᠬᠠᠷᠠᠬᠤ ᠳᠤ ᠠᠬ᠎ᠠ ᠦᠯᠵᠡᠶᠢᠬᠤᠲᠤᠭ ᠦᠭᠡᠳᠡ ᠠᠴᠠ ᠨᠢ | ᠨᠢᠭᠡ ᠭᠤᠲᠤᠯᠢ ᠶᠠᠩᠵᠤᠤᠷ ᠭᠠᠷᠭᠠᠨ ᠬᠠᠵᠠᠭᠤ ᠳᠤ ᠨᠢ ᠢᠷᠡᠵᠦ ᠰᠠᠭᠤᠪᠠ᠃ ᠬᠡᠳᠦᠨ ᠡᠳᠦᠷ ᠡᠨᠡ ᠶᠠᠭᠤᠮ᠎ᠠ ᠲᠠᠢ | ᠨᠤᠴᠤᠯᠳᠤᠭᠰᠠᠭᠠᠷ ᠪᠠᠶᠢᠵᠤ ᠶᠠᠰᠤ ᠰᠢᠷᠪᠤᠰᠤ ᠨᠢ ᠰᠤᠨᠤᠭᠰᠠᠨ ᠪᠠᠲᠤᠨᠠᠰᠤᠨ ︽ᠶᠤᠬᠤ︾ ᠭᠡᠵᠤ ᠲᠠᠭᠤ ᠠᠯᠳᠠᠭᠰᠠᠨ | ᠢᠶᠠᠨ ᠰᠠᠭᠤᠵᠤ᠂ ᠶᠠᠩᠵᠤᠤᠷ ᠢ ᠨᠢ ᠠᠰᠠᠭᠠᠵᠦ ᠰᠢᠨᠤᠯᠳᠠᠶᠢᠬᠠᠨ ᠰᠤᠷᠤᠭᠰᠠᠨ ᠢᠶᠠᠨ ᠬᠠᠮᠠᠷ ᠠᠮᠠ ᠠᠴᠠ ᠨᠢ ᠬᠦᠭᠡ | ᠤᠳᠤᠭ᠎ᠠ ᠪᠠᠭᠠᠬᠢᠭᠤᠯᠵᠦ ᠰᠠᠨᠠᠭ᠎ᠠ ᠨᠢ ᠠᠮᠤᠷᠠᠭᠰᠠᠨ ᠪᠤᠯᠤᠯᠳᠠᠢ᠂ ︽ᠪᠤᠷᠳᠤᠭᠠᠨ ᠰᠠᠭᠤᠷᠢᠨ ᠭᠠᠵᠠᠷ ᠴᠢᠨᠢ ᠶᠠᠭᠠᠬᠢᠵᠦ | ᠪᠠᠶᠢᠨ᠎ᠠ︖ ᠤᠰᠤᠯᠠᠭᠠᠳ ᠠᠶᠠᠳᠠᠪᠠ ᠦᠦ︖︾ ᠭᠡᠪᠠᠯ᠄ ︽ᠬᠠᠬᠢᠷ ᠤᠨ ᠤᠰᠤ ᠢᠷᠡᠬᠦ ᠶᠢ ᠨᠢ ᠵᠠᠪᠳᠤᠵᠦ ᠬᠡᠳᠦᠨ | ᠬᠦᠮᠦᠨ ᠢᠶᠠᠷ ᠬᠠᠪᠰᠤᠷᠤᠭᠤᠯᠵᠦ ᠪᠠᠶᠢᠭᠠᠳ ᠦᠵᠦᠭᠦᠷᠯᠡᠴᠢᠭᠡᠭᠰᠡᠨ ᠶᠤᠮ ᠡ︕ ᠴᠢᠨᠤᠬᠢ ᠴᠢᠨᠢ ᠶᠠᠭᠠᠬᠢᠪᠠ︖︾ | ᠭᠡᠳ ᠦᠯᠵᠡᠶᠢᠬᠤᠲᠤᠭ ᠶᠠᠩᠵᠤᠤᠷ ᠢᠶᠠᠨ ᠰᠤᠷᠤᠳᠠᠯᠠ᠄ ︽ᠤᠳᠤ ᠡᠨᠡ ᠬᠡᠰᠡᠭ ᠢ ᠨᠢ ᠤᠰᠤᠯᠠᠪᠠᠯ | ᠦᠵᠦᠭᠦᠷᠯᠡᠴᠢᠭᠡᠨᠠ︾ ᠬᠡᠳ ᠠᠯᠤᠰ ᠢ ᠰᠢᠷᠳᠡᠪᠠ᠃ | ᠦᠯᠵᠡᠶᠢᠬᠤᠲᠤᠭ ᠰᠤᠷᠤᠵᠦ ᠲᠠᠭᠤᠰᠤᠭᠰᠠᠨ ᠶᠠᠩᠵᠤᠤᠷ ᠤᠨ ᠢᠶᠠᠨ ᠭᠠᠯ ᠢ ᠲᠠᠷᠦᠵᠦ ᠲᠠᠯᠪᠢᠭᠰᠠᠨ ᠢᠶᠠᠨ᠄ | ︽ᠤᠶᠢᠷ᠎ᠠ ᠳᠤ ᠦᠷᠦᠭᠡᠰᠦᠨ ᠡᠪᠡᠷ ᠲᠠᠢ ᠬᠦᠷᠡᠩ ᠱᠠᠷ ᠦᠵᠡᠭᠰᠡᠨ ᠦᠭᠡᠢ ᠦᠦ︖ ᠰᠦᠷᠦᠭ ᠠᠴᠠ ᠪᠠᠨ | ᠰᠠᠯᠤᠭᠠᠳ ᠬᠠᠮᠢᠭ᠎ᠠ ᠲᠤᠨᠢᠯᠴᠢᠬᠠᠭᠰᠠᠨ ᠪᠤᠯ︖ ᠬᠡᠳᠦᠨ ᠡᠳᠦᠷ ᠰᠤᠷᠠᠭ ᠦᠭᠡᠢ ᠰᠠᠭᠤᠵᠦ ᠪᠠᠶᠢᠨ᠎ᠠ᠃ ᠵᠠ᠂ | ᠶᠠᠪᠤᠶ᠎ᠠ᠂ ᠦᠵᠡᠪᠠᠯ ᠬᠡᠯᠡᠭᠡᠳ ᠦᠭ︕︾ ᠭᠡᠵᠤ ᠬᠦᠨᠳᠦ ᠪᠦᠭᠰᠡ ᠪᠠᠨ ᠲᠠᠭᠠᠭᠠᠵᠦ ᠶᠠᠳᠠᠮ᠎ᠠ ᠡᠷᠭᠦᠭᠰᠡᠭᠡᠷ ᠮᠤᠲ᠋ᠤᠷ | ᠵᠦᠭ ᠢᠶᠠᠨ ᠰᠠᠵᠢᠯᠠᠪᠠ᠃ ᠠᠷᠤ ᠳᠤ ᠨᠢ ᠬᠤᠴᠤᠷᠤᠭᠰᠠᠨ ᠪᠠᠳᠤᠨᠠᠰᠤᠨ ᠤ ᠭᠠᠷ ᠤᠳᠠᠰᠤ ᠨᠢ ᠲᠤᠤᠭᠠᠷᠬᠤ ᠳᠤ ᠠᠯᠢ | ᠪᠠᠶᠢᠳᠠᠭ ᠬᠠᠷᠮᠠᠨ ᠢᠶᠠᠨ ᠤᠬᠤᠴᠢᠯᠠᠭᠰᠠᠭᠠᠷ ᠡᠷᠢᠵᠦ ᠤᠯᠤᠭᠠᠳ ᠤᠳᠠᠰᠤ ᠪᠠᠨ ᠲᠤᠰᠪᠠᠯ ᠴᠠᠭᠠᠳᠤᠬᠢ ᠨᠢ᠄ ︽ᠬᠦᠶ᠋ᠢ | ᠂ ᠠᠶᠢᠯ ᠳᠤ ᠰᠢᠨ᠎ᠠ ᠮᠠᠶ᠋ᠢᠭ ᠤᠨ ᠴᠠᠬᠢᠯᠭᠠᠨ ᠤᠰᠤ ᠲᠠᠳᠠᠬᠤ ᠮᠠᠰᠢᠨ ᠭᠡᠵᠤ ᠬᠡᠯᠡᠯᠴᠡᠭᠡᠨ ᠪᠤᠯᠵᠤ ᠪᠠᠶᠢᠨ᠎ᠠ᠃ ᠴᠠᠭ | ᠲᠤ ᠭᠤᠴᠢᠭᠠᠳ ᠮᠤ᠋ ᠪᠤᠷᠳᠤᠭᠠᠨ ᠭᠠᠵᠠᠷ ᠤᠰᠤᠯᠠᠴᠢᠬᠠᠳᠠᠭ ᠶᠤᠮ ᠭᠡᠨ᠎ᠠ︾ ᠬᠡᠳᠡᠭ ᠨᠢ ᠪᠦᠰᠡᠭᠦᠢ ᠶᠢᠨ ᠬᠢᠨᠢ ᠳᠠᠭᠤ | ᠪᠠᠶᠢᠯ᠎ᠠ᠃ ᠶᠠᠩᠵᠤᠤᠷ ᠰᠤᠷᠤᠭᠰᠠᠨ ᠪᠠᠲᠤᠨᠠᠰᠤᠨ ᠡᠭᠦᠨ ᠢ ᠨᠢ ᠴᠢᠩᠨᠠᠭᠠᠳ᠄ ︽ᠲᠡᠭᠡᠪᠠᠯ ᠴᠦ ᠡᠨᠡ ᠮᠠᠭᠤ ᠨᠤᠪᠰᠢ | ᠠᠴᠠ ᠵᠠᠶᠢᠳᠠᠬᠤ ᠨᠢ ᠪᠠᠶᠢᠨ᠎ᠠ᠃ ᠡᠷᠳᠡᠭᠡᠨ ᠲᠡᠷᠡ ᠶᠠᠭᠤᠮ᠎ᠠ ᠶᠢ ᠠᠪᠴᠦ ᠲᠠᠯᠪᠢᠶ᠎ᠠ᠂ ᠤᠷᠴᠢᠮ ᠰᠤᠷᠠᠭᠯᠠᠵᠦ ᠪᠠᠢ︕ | ᠬᠦᠶ᠋ᠢ᠂ ᠠᠬ᠎ᠠ ᠨᠢᠭᠡ ᠦᠷᠦᠭᠡᠰᠦᠨ ᠡᠪᠡᠷ ᠲᠠᠢ ᠬᠦᠷᠡᠩ ᠱᠠᠷ ᠢᠶᠠᠨ ᠬᠡᠭᠡᠴᠢᠭᠡᠭᠰᠡᠨ ᠭᠡᠨ᠎ᠠ᠂ ᠠᠵᠢᠭᠯᠠᠵᠦ ᠪᠠᠢ︕︾ | ᠭᠡᠳ ᠤᠳᠠᠰᠤ ᠪᠠᠨ ᠲᠠᠷᠤᠮᠠᠭᠴᠠ ᠤᠰᠤ ᠵᠦᠭ ᠢᠶᠠᠨ ᠣᠴᠢᠨ ᠬᠠᠰᠢᠵᠦ ᠵᠠᠯᠠᠵᠦ ᠡᠬᠢᠯᠡᠪᠠ᠃ | ᠨᠠᠷᠠᠨ ᠵᠢᠷᠭᠠᠬᠤ ᠠᠴᠠ ᠵᠠᠪᠳᠤᠵᠦ ᠡᠨᠡ ᠠᠵᠢᠯ ᠢᠶᠠᠨ ᠦᠵᠦᠭᠦᠷᠯᠡᠴᠢᠭᠡᠭᠡᠳ ᠤᠰᠤᠨ ᠬᠤᠭᠤᠯᠠᠢ ᠪᠠᠨ | ᠡᠪᠭᠡᠵᠦ ᠶᠠᠩᠵᠤᠤᠷ ᠠᠰᠠᠭᠠᠨ ᠠᠮᠠᠷᠠᠪᠠ᠃ ᠪᠠᠷᠠᠭᠤᠨ ᠬᠤᠶᠢᠨᠠᠬᠢ ᠡᠭᠦᠯᠡ ᠤᠯᠠᠶᠢᠨ ᠬᠠᠷᠠᠭᠳᠠᠵᠦ ᠬᠡᠷ ᠵᠦᠭ ᠢᠶᠠᠨ | ᠪᠤᠴᠠᠬᠤ ᠮᠠᠰᠢᠳ ᠤᠨ ᠲᠠᠭᠤᠨ ᠲᠤᠳᠤᠬᠠᠨ ᠰᠤᠨᠤᠰᠳᠠᠵᠦ ᠪᠠᠶᠢᠯ᠎ᠠ᠃ ᠰᠤᠷᠤᠵᠦ ᠲᠠᠭᠤᠰᠤᠭᠰᠠᠨ ᠶᠠᠩᠵᠤᠤᠷ ᠢᠶᠠᠨ | ᠤᠰᠤᠨ ᠳᠤ ᠴᠤᠬᠢᠵᠦ ᠤᠷᠤᠭᠤᠯᠤᠭᠠᠳ ᠠᠵᠢᠯ ᠳᠤ ᠪᠠᠨ ᠤᠷᠤᠶ᠎ᠠ ᠭᠡᠵᠤ ᠪᠤᠳᠤᠭᠰᠠᠨ ᠴᠦ ᠪᠡᠶ᠎ᠡ ᠰᠦᠷᠡᠬᠡᠢ | ᠶᠠᠳᠠᠷᠠᠭᠰᠠᠨ ᠲᠤᠯᠠ ᠮᠠᠷᠭᠠᠰᠢ ᠵᠠᠯᠭᠠᠵᠦ ᠬᠢᠬᠦ ᠪᠠᠷ ᠲᠦᠯᠦᠪᠯᠡᠵᠦ ᠮᠤᠲ᠋ᠤᠷ ᠢᠶᠠᠨ ᠭᠠᠯᠯᠠᠨ ᠭᠡᠷ ᠵᠦᠭ ᠢᠶᠠᠨ ᠴᠢᠭᠯᠡᠪᠠ᠃ | ᠨᠠᠷᠠ ᠵᠢᠷᠭᠠᠳᠠᠯᠠ ᠪᠠᠳᠤᠨᠠᠰᠤᠨ ᠶᠠᠭ ᠭᠡᠷ ᠤᠨ ᠭᠠᠳᠠᠨ᠎ᠠ ᠪᠠᠭᠤᠪᠠ᠃ | ᠰᠡᠭᠦᠯ ᠢᠶᠠᠨ ᠨᠢᠷᠤᠭᠤᠨ ᠳᠤ ᠪᠠᠨ ᠠᠴᠢᠭᠰᠠᠨ ᠬᠠᠯᠳᠠᠷ ᠬᠦᠯᠦᠭᠡ ᠡᠰᠡᠷᠭᠦ ᠠᠴᠠ ᠨᠢ ᠬᠦᠶᠦᠵᠦ ᠢᠷᠡᠮᠡᠭᠴᠡ | ᠮᠠᠭᠠᠵᠢᠵᠦ ᠮᠠᠯᠳᠠᠭᠠᠳ ᠰᠢᠪᠡᠷ ᠱᠠᠯᠴᠠᠭ ᠲᠠᠢ ᠬᠤᠪᠴᠠᠰᠤ ᠶᠢ ᠨᠢ ᠤᠷᠠᠮᠠᠷ ᠰᠢᠬᠠᠵᠦ ᠠᠯᠢᠶᠠᠷᠬᠠᠬᠤ ᠶᠢ ᠨᠢ | ᠪᠠᠳᠤᠨᠠᠰᠤᠨ ᠵᠠᠩᠨᠠᠵᠦ ᠨᠢᠭᠡ ᠲᠡᠶᠢᠰᠢ ᠨᠢ ᠶᠠᠪᠤᠭᠤᠯᠪᠠ᠃ ᠠᠷᠪᠠᠨ ᠠᠯᠴᠠᠮ ᠳᠤ ᠶᠠᠭᠤᠮ᠎ᠠ ᠬᠠᠷᠠᠭᠳᠠᠬᠤ ᠦᠭᠡᠢ | ᠪᠤᠯᠬᠤ ᠦᠶ᠎ᠡ ᠳᠤ ᠲᠧᠯᠸᠢᠰ ᠤᠨ ᠲᠠᠭᠤᠨ ᠠᠴᠠ ᠤᠨᠳᠤᠤ ᠶᠠᠭᠤᠮ᠎ᠠ ᠰᠤᠨᠤᠰᠳᠠᠬᠤ ᠦᠭᠡᠢ᠂ ᠡᠨᠡ ᠭᠡᠷ ᠤᠳᠠᠭᠰᠠᠨ | ᠦᠭᠡᠢ ᠲᠠᠭᠤ ᠴᠢᠮᠡᠭᠡ ᠲᠠᠰᠤᠷᠠᠵᠦ ᠳ᠋ᠧᠩ ᠴᠦ ᠤᠨᠳᠠᠷᠠᠪᠠ᠃ ᠪᠤᠷᠳᠤᠭᠠᠨ ᠰᠠᠭᠤᠷᠢᠨ ᠭᠠᠵᠠᠷ ᠦᠷ᠎ᠡ ᠤᠷᠤᠭᠤᠯᠬᠤ | ᠭᠡᠵᠤ ᠬᠡᠳᠦᠨ ᠡᠳᠦᠷ ᠶᠠᠭᠠᠷᠠᠯ᠎ᠠ᠂ ᠬᠡᠳᠦᠨ ᠭᠠᠷᠠᠭ ᠤᠨ ᠲᠠᠷᠠᠭ᠎ᠠ ᠲᠠᠷᠢᠭᠰᠠᠨ ᠠᠮᠤ ᠲᠦᠭᠡ ᠴᠤᠬᠤᠶᠢᠵᠤ ᠨᠢᠳᠦᠨ ᠳᠤ | ᠠᠶᠠᠳᠠᠢ ᠬᠠᠷᠠᠭᠳᠠᠪᠠ᠂ ᠲᠡᠭᠡᠷ᠎ᠡ ᠬᠡᠳᠦᠨ ᠭᠠᠷᠠᠭ ᠤᠨ ᠡᠮᠦᠨ᠎ᠠ ᠤᠰᠤᠯᠠᠭᠰᠠᠨ ᠪᠤᠷᠳᠤᠭᠠᠨ ᠰᠠᠭᠤᠷᠢᠨ ᠭᠠᠵᠠᠷ | ᠬᠠᠯᠠᠭᠤᠨ ᠨᠠᠷᠠᠨ ᠤ ᠲᠤᠤᠷ᠎ᠠ ᠬᠠᠳᠠᠵᠦ ᠬᠠᠭᠤᠷᠠᠶᠢᠰᠢᠭᠠᠳ ᠰᠦᠷᠡᠭᠡᠢ ᠲᠤᠭᠤᠰᠤ ᠲᠡᠭᠳᠡᠵᠦ ᠡᠨᠡ ᠬᠡᠳᠦᠨ ᠡᠳᠦᠷ | ᠶᠤᠰᠤᠳᠠᠢ ᠨᠢᠳᠦ ᠨᠡᠭᠡᠭᠡᠬᠦ ᠳᠤ ᠬᠦᠴᠢᠷᠳᠡᠪᠠ᠃ ᠠᠨᠵᠢᠰᠦᠨ ᠬᠤᠰᠢᠭᠤᠨ ᠤ ᠬᠢ ᠯᠠ ᠤᠴᠢᠷ ᠪᠢᠵᠠ︕ | ᠲᠡᠭᠷᠢ ᠭᠠᠵᠠᠷ ᠢ ᠬᠤᠯᠪᠤᠭᠰᠠᠨ ᠰᠢᠭᠤᠷᠭᠠᠨ ᠳᠤ ᠶᠢᠷᠲᠢᠨᠴᠦ ᠤᠷᠪᠠᠮᠠᠷ ᠪᠤᠯᠵᠦ ᠠᠷᠪᠠᠨ ᠠᠯᠴᠠᠮ ᠳᠤ | ᠠᠮᠢᠳᠤ ᠶᠠᠭᠤᠮ᠎ᠠ ᠬᠤᠪᠤᠷ ᠬᠠᠷᠠᠭᠳᠠᠵᠦ ᠨᠢᠳᠦ ᠨᠡᠭᠡᠭᠡᠬᠦ ᠳᠤ ᠬᠦᠴᠢᠷᠳᠠᠨᠠ᠃ ᠪᠠᠳᠤᠨᠠᠰᠤᠨ ᠬᠡᠳᠦᠨ ᠡᠳᠦᠷ ᠡᠪᠡᠰᠦ | ᠪᠤᠷᠳᠤᠭ᠎ᠠ ᠶᠢ ᠨᠢ ᠬᠠᠰᠤᠵᠦ᠂ ᠬᠡᠳᠡᠰᠦ ᠬᠦᠵᠡᠭᠡ ᠨᠢ ᠲᠤᠮᠳᠠᠷᠠᠭᠰᠠᠨ ᠰᠦᠷᠦᠭ ᠮᠠᠯ ᠤᠨ ᠢᠶᠠᠨ ᠪᠦᠭᠰᠡ ᠠᠴᠠ | ᠲᠠᠭᠠᠵᠦ ᠶᠠᠪᠤᠬᠤ ᠨᠢ ᠦᠨᠡᠨ ᠳᠤ ᠪᠠᠨ ᠨᠢᠭᠤᠵᠦ ᠬᠠᠪᠴᠢᠵᠦ ᠪᠠᠶᠢᠭ᠎ᠠ ᠨᠢ ᠡᠨᠡ ᠡ᠂ ᠡᠳᠦᠢ ᠶᠡᠭᠡ ᠰᠠᠯᠬᠢ ᠲᠠᠢ | ᠡᠳᠦᠷ ᠦᠨᠦ ︽ᠴᠢᠳᠭᠦᠷ︾ ᠤᠳ ᠡᠭᠦᠷ ᠲᠤ ᠪᠠᠨ ᠡᠷᠳᠡ ᠰᠢᠷᠭᠤᠴᠢᠬᠠᠭᠰᠠᠨ ᠲᠤᠯᠠ ᠠᠳᠤᠭᠤ ᠮᠠᠯ ᠢ ᠪᠠᠷᠢᠬᠤ | ᠪᠠᠷ ᠢᠷᠡᠬᠦ ᠠᠮᠢᠳᠠᠨ ᠠᠯᠠᠭ᠎ᠠ᠃ ᠲᠡᠷᠡ ᠮᠠᠩᠬ᠎ᠠ ᠪᠣᠯᠬᠤ ᠳᠠᠭᠠᠨ ᠠᠶᠠᠳᠠᠭᠰᠠᠨ ᠭᠠᠵᠠᠷ ᠲᠡᠭᠡᠭᠦᠷ ᠲᠤᠭᠤᠰᠤ | ᠪᠤᠳᠠᠷᠠᠭᠤᠯᠤᠨ ᠠᠯᠬᠤᠬᠤ ᠳᠤ ᠪᠠᠨ ᠪᠤᠯᠠᠭᠳᠠᠮᠠᠷ ᠪᠤᠯᠤᠭᠰᠠᠨ ᠡᠭᠡ ᠨᠤᠲᠤᠭ ᠢᠶᠠᠨ ᠬᠠᠷᠠᠭᠠᠳ ᠡᠯᠢᠭᠡ ᠵᠢᠷᠦᠭᠡ ᠨᠢ | ᠰᠢᠮᠰᠢᠷᠡᠨᠠ᠃ | ︽ᠴᠠᠭ ᠮᠦᠴᠡ ᠬᠦᠮᠦᠨ ᠢ ᠬᠦᠯᠢᠶᠡᠳᠡᠭ ᠦᠭᠡᠢ︾ ᠬᠡᠳᠡᠭ ᠮᠡᠷᠭᠡᠳ ᠤᠨ ᠦᠭᠡ ᠦᠨᠡᠨ ᠪᠠᠶᠢᠵᠦ ᠬᠡᠳᠦᠨ | ᠵᠢᠯ ᠦᠩᠭᠡᠷᠡᠴᠢᠭᠡᠯᠠ᠃ ᠡᠨᠡ ᠨᠤᠳᠤᠭ ᠴᠦ ᠴᠠᠭ ᠢᠶᠠᠨ ᠲᠠᠭᠠᠵᠦ ᠬᠤᠪᠢᠷᠠᠭᠰᠠᠭᠠᠷ ᠭᠤᠷᠪᠠᠨ ᠭᠠᠵᠠᠷ ᠲᠤ ᠵᠤᠭᠰᠤᠭ᠎ᠠ | ᠮᠤᠳᠤᠨ ᠤ ᠪᠠᠷ᠎ᠠ ᠴᠦᠭᠡᠷᠡᠵᠡᠢ᠃ | ᠠᠨᠵᠢᠰᠦᠨ ᠬᠤᠰᠢᠭᠤᠨ ᠲᠤᠤᠷᠠᠬᠢ ᠡᠭᠡ ᠨᠤᠳᠤᠭ ᠡᠳᠦᠷ ᠢᠷᠡᠭᠦᠶ᠎ᠡ ᠡᠯᠡᠰᠦᠨ ᠤ ᠴᠠᠭᠠᠨ᠎ᠠ ᠲᠠᠯᠳᠠᠷᠠᠨᠠ ᠁ | | ※ ᠲᠤᠰ ᠵᠤᠬᠢᠶᠠᠯ ᠲᠦᠷᠪᠡᠳᠦᠬᠡᠷ ᠣᠲᠠᠭᠠᠨ ᠤ ᠨᠠᠢᠮᠠᠨ ᠰᠢᠷᠭ᠎ᠠ ᠵᠤᠬᠢᠶᠠᠯ ᠤᠨ | ᠣᠷᠣᠯᠲᠤᠭᠠᠨ ᠳᠤ ᠭᠤᠷᠪᠠᠲᠤᠭᠠᠷ ᠲᠡᠰ ᠤᠨ ᠱᠠᠩᠨᠠᠯ ᠬᠦᠷᠲᠡᠪᠡ᠃ | ᠵᠢᠯᠤᠭᠤᠳᠤᠭᠰᠠᠨ ᠪᠠᠭᠰᠢ — ᠲᠤᠶᠠᠭ᠎ᠠ |