ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠬᠠᠶᠢᠷᠠᠬᠠᠨ | | ᠰᠡᠳᠬᠢᠯ ᠳᠤ ᠳᠠᠭᠠᠳᠠᠢ ᠳᠤᠩᠭᠠᠯᠠᠭ ᠰᠠᠶᠢᠬᠠᠨ ᠭᠠᠷᠠᠭ ᠤᠨ ᠡᠳᠦᠷ ᠶᠤᠮᠰᠠᠨ᠃ ᠪᠢ ᠳᠡᠪᠳᠡᠷ ᠨᠤᠮ ᠢᠶᠠᠨ | ᠤᠷᠪᠠᠭᠤᠯᠤᠨ ᠬᠦᠷᠪᠡᠬᠦᠯᠵᠤ ᠬᠡᠳᠦᠨ ᠵᠤᠬᠢᠶᠠᠯ ᠰᠤᠩᠭᠤᠨ ᠤᠩᠰᠢᠵᠤ ᠪᠠᠷᠠᠭᠠᠳ ᠵᠤᠷᠰᠢᠯ ᠶᠤᠰᠤᠭᠠᠷ ᠴᠤᠩᠬᠤ ᠪᠠᠨ | ᠨᠡᠬᠡᠬᠡᠵᠤ ᠠᠯᠤᠰ ᠢ ᠬᠠᠷᠠᠵᠤ ᠨᠢᠳᠤᠨ ᠤ ᠴᠢᠯᠡᠭᠡ ᠶᠢ ᠭᠠᠷᠭᠠᠵᠤ ᠵᠤᠭᠰᠤᠪᠠ᠃ ᠶᠤᠰᠤᠳᠠᠢ ᠰᠠᠶᠢᠬᠠᠨ ᠡᠳᠦᠷ ᠶᠤᠮ᠃ | ᠪᠢ ᠵᠠᠬᠡᠯᠢ ᠳᠤ ᠭᠠᠷᠴᠦ ᠮᠦᠰᠦᠮᠡᠯᠵᠢ ᠠᠪᠴᠦ ᠢᠳᠠᠶ᠎ᠠ ᠬᠡᠵᠤ ᠪᠤᠳᠤᠭᠰᠠᠨ ᠪᠤᠯᠪᠠᠴᠦ ᠵᠤᠭᠤᠰ ᠮᠦᠩᠬᠦ ᠪᠠᠨ | ᠠᠷᠪᠢᠯᠠᠬᠤ ᠡᠵᠢ ᠶᠢᠨ ︽ᠵᠠᠷᠯᠢᠭ︾ ᠢ ᠪᠤᠳᠤᠵᠤ ᠬᠤᠪᠳᠤᠭ ᠰᠡᠳᠬᠢᠯ ᠢᠶᠠᠨ ᠬᠤᠷᠢᠭᠯᠠᠵᠤ ᠰᠢᠷᠡᠭᠡᠨ ᠳᠡᠭᠡᠷ᠎ᠡ ᠪᠠᠨ | ᠰᠠᠭᠤᠵᠤ᠂ ᠭᠠᠷ ᠤᠨ ᠠᠶ᠎ᠠ ᠪᠠᠷ ᠰᠡᠬᠦᠳᠠᠷ ᠤᠨ ᠬᠠᠪᠢᠰᠦ ᠪᠠᠨ ᠤᠷᠪᠠᠭᠤᠯᠵᠤ ᠰᠠᠭᠤᠯ᠎ᠠ᠃ | ᠬᠠᠶᠢᠷᠠᠳᠦ ᠡᠪᠦᠭᠡ ᠡᠮᠡᠭᠡ᠂ ᠠᠪᠤ ᠡᠵᠢ ᠶᠢᠨ ᠡᠨᠡᠷᠢᠩᠬᠦᠢ ᠵᠦᠬᠡᠯᠠᠨ ᠳᠦᠷᠬᠦ ᠨᠢᠬᠡ ᠨᠢᠬᠡ ᠪᠠᠷ | ᠤᠷᠪᠠᠭᠤᠯᠤᠭᠳᠠᠨ ᠦᠩᠬᠡᠷᠡᠨ᠎ᠡ᠃ ᠪᠢ ᠬᠡᠴᠢᠨᠠᠨ ᠵᠢᠷᠭᠠᠯᠳᠠᠢ ᠪᠤᠢ︖ ᠬᠡᠵᠤ ᠦᠪᠡᠷ ᠤᠨ ᠡᠷᠬᠡ ᠦᠭᠡᠢ ᠰᠡᠮᠡᠬᠡᠨ | ᠪᠠᠶᠠᠷᠯᠠᠪᠠ᠃ ᠳᠡᠬᠢᠭᠠᠳ ᠮᠢᠨᠤ ᠬᠠᠶᠢᠷᠠᠳᠦ ᠬᠠᠮᠳᠦ ᠨᠦᠬᠦᠳ᠂ ᠰᠡᠳᠬᠢᠯ ᠤᠨ ᠨᠠᠶᠢᠵᠠ ᠨᠠᠷ ᠮᠦᠰᠢᠶᠠᠳᠦ | ᠳᠤᠳᠤᠷᠠᠭᠰᠠᠨ ᠬᠠᠷᠠᠴᠠ᠂ ᠠᠯᠢᠶ᠎ᠠ ᠳᠡᠭᠵᠢᠨ ᠴᠢᠷᠠᠢ ᠪᠠᠷ ᠨᠠᠳᠠ ᠶᠢ ᠰᠢᠷᠳᠡᠨ ᠦᠩᠬᠡᠷᠡᠨ ᠭᠠᠷᠤᠨ᠎ᠠ᠃ ᠨᠠᠳᠠ ᠳᠤ | ᠮᠠᠰᠢ ᠤᠯᠠᠨ ᠨᠠᠶᠢᠵᠠ ᠲᠠᠢ᠂ ᠪᠠᠭ᠎ᠠ ᠰᠤᠷᠭᠠᠭᠤᠯᠢ ᠶᠢᠨ ᠨᠠᠶᠢᠵᠠ᠂ ᠠᠩᠬ᠎ᠠ ᠳᠤᠮᠳᠠᠳᠦ ᠶᠢᠨ ᠨᠠᠶᠢᠵᠠ ᠳᠡᠷᠡᠴᠢᠯᠠᠨ | ᠴᠡᠴᠡᠷᠯᠢᠭ ᠤᠨ ᠤᠨᠠᠭᠠᠨ ᠨᠠᠶᠢᠵᠠ ᠴᠦ ᠪᠤᠢ᠃ | ᠳᠤᠷᠠᠰᠤᠨ ᠰᠠᠨᠠᠭᠠᠯᠵᠠᠬᠤ ᠰᠡᠳᠬᠢᠯ ᠤᠨ ᠠᠶᠢᠵᠠᠮ ᠢ ᠲᠠᠭᠠᠨ ᠠᠭᠠᠵᠢᠮ ᠦᠩᠭᠡᠷᠡᠬᠦ ᠵᠢᠷᠤᠭ ᠤᠨ ᠨᠢᠭᠤᠷ | ᠠᠶᠠᠷᠬᠠᠨ ᠵᠤᠭᠰᠤᠵᠤ᠂ ᠤᠨᠴᠠᠭᠠᠢ ᠨᠢᠬᠡᠨ ᠨᠠᠶᠢᠵᠠ ᠨᠢᠳᠦᠨ ᠳᠤ ᠳᠤᠳᠤᠷᠠᠯ᠎ᠠ᠃ ᠡᠨᠡ ᠨᠢ ᠨᠠᠳᠠ ᠳᠤ | ᠬᠠᠳᠠᠭᠠᠯᠠᠭᠳᠠᠭᠰᠠᠨ ᠳᠡᠬᠦᠨ ᠤ ᠴᠤᠷ ᠤᠨ ᠭᠠᠭᠴᠠ ᠳᠤᠷᠠᠳᠬᠠᠯ ᠪᠤᠯᠬᠤ ᠪᠢᠯᠡ᠃ ᠢᠨᠢᠶᠠᠵᠤ ᠪᠠᠶᠠᠷᠯᠠᠭᠰᠠᠨ ᠤᠯᠠᠨ | ᠨᠠᠶᠢᠵᠠ ᠶᠢᠨ ᠳᠤᠮᠳᠠ ᠭᠠᠭᠴᠠ ᠳᠡᠷᠡᠬᠦ ᠨᠠᠶᠢᠵᠠ ᠮᠢᠨᠢ ᠳᠦᠪᠯᠡᠬᠦᠨ ᠴᠢᠷᠠᠶᠢᠯᠠᠵᠤ ᠵᠤᠭᠰᠤᠨ᠎ᠠ᠃ ᠳᠦᠬᠦᠷᠢᠩᠬᠡᠨ | ᠴᠠᠭᠠᠨ ᠴᠢᠷᠠᠢ ᠲᠠᠢ᠂ ᠤᠯᠭᠠᠨ ᠳᠤᠷᠭᠠᠨ ᠮᠤᠩᠭᠤᠯ ᠳᠡᠪᠡᠯ ᠡᠮᠦᠰᠴᠦ ᠪᠤᠨᠳᠤᠭᠤᠷ ᠴᠢᠷᠠᠢ ᠶᠢ ᠨᠢ ᠳᠠᠪᠠᠭᠰᠠᠨ | ᠰᠤᠷᠤᠭᠴᠢ ᠮᠠᠶ᠋ᠢᠭ ᠤᠨ ᠬᠡᠵᠢᠬᠡ ᠨᠢ ᠰᠠᠯᠬᠢᠨ ᠤ ᠠᠶ᠎ᠠ ᠪᠠᠷ ᠠᠶᠠᠷᠬᠠᠨ ᠬᠡᠶᠢᠰᠦᠨ᠎ᠡ᠃ ᠰᠠᠯᠬᠢᠨ ᠤ ᠠᠶ᠎ᠠ ᠪᠠᠷ ᠬᠡᠶᠢᠰᠬᠦ | ᠬᠡᠵᠢᠬᠡ ᠪᠠᠨ ᠵᠦᠬᠡᠯᠡᠨ ᠭᠠᠷ ᠢᠶᠠᠷ ᠢᠶᠠᠨ ᠵᠠᠰᠠᠭᠰᠠᠨ ᠬᠡᠯᠪᠡᠷᠢ ᠪᠠᠷ ᠢᠶᠠᠨ ᠭᠡᠷᠡᠯ ᠵᠢᠷᠤᠭ ᠲᠤ ᠳᠤᠭᠳᠠᠵᠠᠢ᠃ | ᠳᠡᠬᠦᠨ ᠢ ᠨᠤᠮᠢᠨᠬᠠᠰ ᠬᠡᠳᠡᠭ᠃ ᠭᠤᠷᠪᠠᠳᠤᠭᠠᠷ ᠤᠨ ᠤ ᠳᠡᠭᠡᠳᠦ ᠬᠤᠭᠤᠴᠠᠭᠠᠨ ᠳᠤ ᠮᠠᠨ ᠤ ᠠᠩᠬᠢ ᠳᠤ | ᠢᠷᠡᠵᠤ ᠨᠠᠳᠠ ᠲᠠᠢ ᠰᠢᠷᠡᠭᠡ ᠨᠢᠬᠡᠳᠠᠨ ᠪᠤᠯᠤᠭᠰᠠᠨ ᠶᠤᠮ᠃ ᠳᠡᠷᠡ ᠦᠷᠬᠦᠯᠵᠢ ᠠᠩᠬᠢ ᠶᠢᠨ ᠨᠦᠬᠦᠳ ᠤᠨ | ᠳᠤᠤᠷᠠᠰᠢᠶᠠᠯ ᠢ ᠤᠯᠳᠠᠭ᠃ ᠢᠷᠡᠬᠡᠳ ᠳᠠᠮᠠᠢ ᠤᠳᠠᠭᠰᠠᠨ ᠦᠭᠡᠢ ᠤᠯᠠᠨ ᠬᠤᠴᠢ ᠨᠠᠷᠠ ᠬᠠᠶᠢᠷᠠᠯᠠᠭᠲᠠᠭᠰᠠᠨ ᠢᠶᠠᠷ | ᠪᠠᠷᠠᠬᠤ ᠦᠬᠡᠢ ᠪᠠᠰᠠ ᠠᠷᠤ ᠨᠢᠷᠤᠭᠤᠨ ᠳᠡᠭᠡᠷ᠎ᠡ ᠪᠠᠨ ᠪᠠᠶᠢᠩᠭᠤ ᠦᠰᠦᠭ ᠲᠠᠢ ᠴᠠᠭᠠᠰᠤ ᠨᠠᠭᠠᠯᠲᠤᠭᠤᠯᠤᠭᠲᠠᠨ | ᠰᠠᠨᠳᠠᠯᠢ ᠳᠡᠬᠡᠷ᠎ᠡ ᠨᠢ ᠴᠦ ᠬᠦᠬᠡᠰᠦᠨ ᠰᠢᠬᠢᠷ ᠨᠠᠭᠠᠯᠳᠤᠭᠤᠯᠳᠠᠭ ᠪᠠᠶᠢᠯ᠎ᠠ᠃ | ᠪᠢ ᠬᠡᠳᠦᠶᠢᠪᠡᠷ ᠳᠡᠬᠦᠨ ᠲᠠᠢ ᠰᠢᠷᠡᠭᠡ ᠨᠢᠬᠡᠳᠡᠨ ᠪᠤᠯᠪᠠᠴᠦ ︽ᠳᠤᠷᠤᠮᠵᠢᠯᠠᠬᠤ︾ ᠡᠳᠡᠭᠡᠳ ᠲᠤ ᠪᠠᠭᠳᠠᠵᠤ᠂ | ᠦᠷᠬᠦᠯᠵᠢ ᠪᠠᠭ᠎ᠠ ᠰᠠᠭ᠎ᠠ ᠬᠡᠷᠡᠭ ᠤᠴᠢᠷ ᠠᠴᠠ ᠪᠤᠯᠵᠤ ᠠᠭᠤᠷ ᠤᠴᠠᠭᠠᠷ ᠬᠦᠷᠳᠡᠭ᠃ ᠶᠠᠭᠠᠬᠢᠭᠠᠳ ᠢ ᠪᠤᠤ ᠮᠡᠳᠡ᠂ | ᠳᠡᠬᠦᠨ ᠲᠠᠢ ᠰᠢᠷᠡᠭᠡ ᠨᠢᠬᠡᠳᠡᠨ ᠰᠠᠭᠤᠭᠰᠠᠨ ᠠᠴᠠ ᠯᠠ ᠡᠬᠢᠯᠠᠵᠤ ᠳᠡᠬᠦᠨ ᠤ ᠠᠯᠢᠪᠠ ᠶᠠᠭᠤᠮ᠎ᠠ ᠮᠢᠨᠤ ︽ᠬᠢᠯᠢ︾ | ᠳᠤ ᠤᠶᠢᠷᠠᠳᠬᠤ ᠶᠢ ᠪᠢ ᠬᠦᠯᠢᠶᠠᠳᠡᠭ ᠦᠭᠡᠢ ᠶᠤᠮ᠃ ᠳᠡᠬᠡᠬᠡᠳ ᠤᠯᠠᠭᠠᠨ ᠦᠩᠬᠡ ᠶᠢᠨ ᠪᠢᠷ ᠢᠶᠠᠷ ᠰᠢᠷᠡᠬᠡᠨ ᠤ | ᠠᠰ ᠳᠤᠮᠳᠠᠭᠤᠷ ᠨᠢ ᠵᠢᠷᠤᠵᠤ ︽ᠭᠤᠴᠢᠨ ᠨᠠᠢᠮᠠᠳᠤᠭᠠᠷ ᠱᠤᠭᠤᠮ︾ ᠪᠤᠯᠭᠠᠨ ᠳᠤᠭᠳᠠᠭᠠᠪᠠ᠃ | ᠨᠢᠬᠡᠨ ᠤᠳᠠᠭ᠎ᠠ ᠳᠡᠬᠦᠨ ᠤ ᠭᠠᠷ ᠤᠨ ᠳᠤᠬᠤᠢ ᠨᠢ ᠮᠢᠨᠤ ︽ᠬᠢᠯᠢ︾ ᠳᠤ ᠤᠷᠤᠭᠰᠠᠨ ᠠᠴᠠ ᠪᠤᠯᠵᠤ᠂ | ᠳᠡᠬᠦᠨ ᠳᠤ ᠶᠡᠭᠡ ᠪᠠᠷ ᠠᠭᠤᠷᠯᠠᠵᠤ᠂ ᠬᠠᠳᠠᠭᠤ ᠰᠢᠷᠦᠬᠦᠨ ᠦᠬᠡ ᠶᠢ ᠤᠪᠤᠭ᠎ᠠ ᠬᠡᠯᠡᠭᠰᠡᠨ᠃ ᠬᠡᠪᠡᠴᠦ ᠳᠡᠷᠡ ᠨᠠᠳᠠ | ᠳᠤ ᠬᠡᠳᠡᠷᠯᠡᠭᠰᠡᠨ ᠦᠭᠡᠢ ᠮᠦᠷᠳᠡᠬᠡᠨ ᠳᠠᠬᠢᠨ ᠳᠠᠬᠢᠨ ᠪᠤᠷᠤᠭᠤ ᠬᠦᠯᠢᠶᠡᠵᠤ ᠪᠠᠶᠢᠯ᠎ᠠ᠃ | ᠪᠢ ᠶᠠᠭᠠᠬᠢᠭᠠᠳ ᠳᠡᠬᠦᠨ ᠳᠤ ᠡᠶᠢᠨ ᠬᠦ ᠳᠤᠷ᠎ᠠ ᠦᠬᠡᠶᠢᠴᠡᠳᠡᠭ ᠢᠶᠠᠨ ᠦᠪᠡᠷ ᠢᠶᠠᠨ ᠪᠠᠰᠠ ᠮᠡᠳᠡᠬᠦ ᠦᠭᠡᠢ᠃ | ᠪᠤᠳᠤᠪᠠᠯ ᠡᠮᠦᠰᠴᠦ ᠵᠡᠬᠦᠭᠰᠡᠨ ᠨᠢ ᠮᠠᠭᠤᠬᠠᠢ ᠠᠴᠠ ᠪᠤᠯᠪᠠᠤ᠂ ᠦᠬᠡ ᠳᠠᠭᠤᠨ ᠴᠦᠬᠡᠨ ᠠᠴᠠ ᠪᠤᠯᠪᠠᠣ᠂ ᠶᠠᠭᠤ ᠴᠦ | ᠬᠡᠰᠡᠨ ᠪᠢ ᠤᠯᠠᠨ ᠢ ᠳᠠᠭᠠᠵᠤ ᠳᠡᠷᠪᠡᠨ᠂ ᠳᠡᠬᠦᠨ ᠳᠤ ︽ᠨᠢᠭᠤᠷ︾ ᠦᠭᠳᠡᠭ ᠦᠭᠡᠢ ᠶᠤᠮ᠃ | ᠡᠶᠢᠮᠦᠷᠬᠦ ᠶᠠᠪᠤᠳᠠᠯ ᠤᠯᠠᠨ ᠡᠬᠦᠰᠳᠡᠭ ᠶᠤᠮ᠃ ᠬᠡᠪᠡᠴᠦ ᠳᠡᠷᠡ ᠮᠠᠨᠢ ᠶᠠᠭᠤ ᠴᠦ ᠳᠤᠤᠭᠠᠷᠳᠠᠭ ᠦᠭᠡᠢ᠃ | ᠶᠠᠮᠠᠷ ᠴᠦ ᠶᠠᠪᠤᠳᠠᠯ ᠪᠤᠯᠤᠭᠰᠠᠨ ᠦᠭᠡᠢ ᠰᠢᠭ ᠯᠠ ᠦᠩᠬᠡᠷᠡᠳᠡᠭ᠃ ᠬᠡᠪᠡᠴᠦ ᠳᠡᠷᠡ ᠨᠢᠬᠡᠨ ᠤᠳᠠᠭᠠᠨ ᠤ ︽ | ᠳᠠᠭᠠᠷᠢᠯᠳᠠ︾ ᠳᠡᠬᠦᠨ ᠢ ᠳᠡᠩᠳᠡᠬᠦᠯᠦᠭᠰᠡᠨ ᠶᠤᠮ ᠰᠢᠭ ᠰᠠᠨᠠᠭᠳᠠᠨ᠎ᠠ᠃ | ᠪᠢ ᠭᠠᠳᠠᠨ᠎ᠠ ᠠᠴᠠ ᠤᠷᠤᠵᠤ ᠢᠷᠡᠬᠦ ᠳᠤ ᠳᠡᠬᠦᠨ ᠤ ᠳᠡᠪᠳᠡᠷ ᠳᠠᠰᠬᠠᠯ ᠨᠢ ᠤᠨᠠᠵᠤ ᠮᠢᠨᠤ ᠡᠵᠡᠷᠬᠡᠵᠤ | ᠪᠠᠶᠢᠭᠰᠠᠨ ᠤᠷᠤᠨ ᠵᠠᠢ ᠳᠤ ᠨᠡᠯᠢᠶᠠᠳ ᠳᠦᠷᠢᠨ ᠤᠷᠤᠵᠤ ᠢᠷᠡᠪᠡ᠃ ᠬᠡᠳᠡᠯ᠎ᠡ ᠳᠡᠷᠡ ᠮᠦᠨ ᠢᠷᠡᠬᠡᠳᠦᠢ ᠪᠠᠶᠢᠭᠰᠠᠭᠠᠷ | ᠃ ᠪᠢ ᠶᠠᠭ ᠰᠠᠶᠢᠬᠠᠨ ᠰᠢᠯᠳᠠᠭ ᠡᠷᠢᠬᠡᠳ ᠤᠯᠬᠤ ᠦᠭᠡᠢ ᠪᠠᠶᠢᠭᠰᠠᠨ ᠠᠴᠠ ᠡᠨᠡᠬᠦ ᠤᠴᠢᠷ ᠢᠶᠠᠷ ᠰᠡᠳᠦᠪ ᠪᠤᠯᠭᠠᠨ | ᠳᠡᠬᠦᠨ ᠲᠠᠢ ︽ᠨᠢᠬᠡ ᠪᠠᠨ ᠦᠵᠡᠯᠴᠠᠨ ᠨᠠᠬᠡᠢ ᠪᠠᠨ ᠤᠷᠠᠯᠴᠬᠠᠤ︾ ᠪᠠᠷ ᠪᠡᠯᠡᠬᠡᠨ ᠪᠤᠯᠤᠭᠠᠳ ᠳᠡᠰᠴᠦ ᠶᠠᠳᠠᠨ | ᠬᠦᠯᠢᠶᠠᠪᠠ᠃ ᠳᠡᠷᠡ ᠤᠷᠤᠵᠤ ᠢᠷᠡᠯ᠎ᠡ᠃ ᠪᠢ ᠰᠦᠪᠡᠭᠡ ᠪᠠᠨ ᠳᠤᠯᠤᠨ ᠬᠤᠷᠤᠭᠤ ᠪᠠᠷ ᠢᠶᠠᠨ ᠵᠢᠭᠠᠨ ᠰᠢᠷᠦᠬᠦᠨ | ᠬᠠᠷᠠᠵᠤ᠂ ᠴᠤᠬᠤᠮ ᠤᠴᠢᠷ ᠢ ᠤᠯᠬᠤ ᠪᠠᠷ ᠬᠠᠨᠴᠦᠢ ᠰᠢᠮᠠᠯᠠᠯᠠ᠃ ᠨᠤᠮᠢᠨᠬᠠᠰ᠄ ︽ᠪᠢ ᠭᠠᠷᠬᠤ ᠦᠶᠡᠰ ᠰᠠᠪ | ᠰᠠᠶᠢᠬᠠᠨ ᠪᠠᠶᠢᠭᠰᠠᠨ᠂ ᠯᠠᠪᠳᠠᠢ ᠦᠬᠡᠷ᠎ᠡ ᠬᠦᠮᠦᠨ ᠵᠤᠷᠢᠭᠤᠳᠠ ᠦᠢᠯᠡᠳᠴᠡᠢ︾ ᠬᠡᠪᠡ᠃ ᠪᠢ ᠠᠭᠤᠷᠯᠠᠭᠰᠠᠨ | ᠬᠦᠴᠦᠨ ᠳᠡᠭᠡᠨ ᠳᠠᠪᠳᠡᠷ ᠳᠡᠰᠬᠠᠯ ᠢ ᠨᠢ ᠭᠠᠵᠠᠷ ᠳᠤᠤᠷ᠎ᠠ ᠳᠦᠯᠬᠢᠨ ᠤᠨᠠᠭᠠᠵᠤ᠂ ᠳᠡᠬᠦᠨ ᠤ ᠤᠯᠠᠶᠢᠭᠰᠠᠨ ᠴᠢᠷᠠᠢ᠂ | ᠵᠠᠶᠢᠷᠯᠠᠭᠰᠠᠨ ᠨᠢᠳᠦ ᠶᠢ ᠬᠠᠷᠠᠵᠤ ᠳᠤᠳᠤᠷ᠎ᠠ ᠠᠭᠤᠵᠢᠷᠠᠯ᠎ᠠ᠃ | ᠡᠨᠡ ᠶᠠᠪᠤᠳᠠᠯ ᠠᠴᠠ ᠪᠤᠯᠵᠤ᠂ ᠪᠢᠳᠠ ᠬᠤᠶᠠᠭᠤᠯᠠ ︽ᠬᠢᠯᠢ︾ ᠶᠢᠨ ᠵᠠᠭᠠᠭ ᠢᠶᠠᠨ ᠳᠡᠬᠢᠨ ᠳᠤᠭᠳᠠᠭᠠᠵᠤ᠂ | ᠦᠪᠡᠷ ᠤᠨ ᠤᠷᠤᠨ ᠵᠠᠢ ᠪᠠᠨ ᠢᠯᠡᠬᠦᠬᠡᠨ ᠦᠷᠬᠡᠳᠬᠡᠵᠤ᠂ ᠪᠦᠳᠦᠬᠦᠨ ᠤᠯᠠᠭᠠᠨ ᠪᠢᠷ ᠢᠶᠠᠷ ᠳᠤᠳᠤᠷᠬᠠᠢ ᠵᠢᠷᠤᠵᠤ᠂ | ︽ᠭᠤᠴᠢᠨ ᠨᠠᠢᠮᠠᠳᠤᠭᠠᠷ ᠱᠤᠭᠤᠮ︾ ᠢ ᠳᠤᠭᠳᠠᠭᠠᠪᠠ᠃ ᠮᠢᠨᠤ ᠭᠠᠶᠢᠬᠠᠳᠠᠭ ᠨᠢ ᠡᠳᠡᠭᠡᠷ ᠶᠠᠪᠤᠳᠠᠯ ᠳᠤ ᠳᠡᠬᠦᠨ ᠤ | ᠬᠤᠪᠢᠷᠠᠳᠠᠭ ᠦᠭᠡᠢ ᠨᠢ ᠢᠨᠢᠶᠡᠮᠰᠦᠩᠬᠦᠢ ᠳᠦᠪᠯᠡᠬᠦᠨ ᠴᠢᠷᠠᠢ᠃ | ᠬᠡᠪᠡᠴᠦ ᠵᠠᠷᠢᠮ ᠤᠴᠢᠷ ᠨᠠᠮ᠎ᠠ ᠶᠢ ᠶᠡᠭᠡ ᠭᠠᠶᠢᠬᠠᠰᠢ ᠠᠯᠳᠠᠭᠤᠯᠳᠠᠭ ᠶᠤᠮ᠃ ᠳᠡᠬᠦᠨ ᠤ ᠬᠡᠷ ᠠᠴᠠ ᠨᠢ | ᠦᠷᠬᠦᠯᠵᠢ ᠵᠠᠬᠢᠳᠠᠯ ᠢᠷᠡᠳᠡᠭ ᠪᠦᠬᠡᠳ ᠤᠳᠠᠭ᠎ᠠ ᠪᠤᠯᠭᠠᠨ ᠵᠠᠬᠢᠳᠠᠯ ᠢᠶᠠᠨ ᠦᠵᠡᠬᠦ ᠲᠠᠢ ᠵᠡᠷᠬᠡ ᠤᠷᠤᠨ ᠳᠠᠭᠠᠨ | ᠰᠠᠭᠤᠵᠤ ᠰᠡᠮᠡᠬᠡᠷ ᠤᠬᠢᠯᠠᠳᠠᠭ ᠶᠤᠮ᠃ | ᠨᠢᠬᠡᠨ ᠡᠳᠦᠷ ᠠᠩᠬᠢ ᠶᠢᠨ ᠪᠠᠭᠰᠢ ᠳᠡᠬᠦᠨ ᠢ ᠠᠵᠢᠯᠯᠠᠬᠤ ᠬᠡᠷ ᠲᠤ ᠪᠠᠨ ᠳᠠᠭᠤᠳᠠᠵᠤ ᠠᠪᠠᠴᠢᠪᠠ᠃ ᠪᠢ | ᠰᠤᠨᠢᠭᠤᠴᠢ ᠰᠡᠳᠬᠢᠯ ᠳᠤ ᠪᠠᠨ ᠬᠦᠳᠦᠯᠦᠭᠳᠡᠨ ᠳᠠᠰᠬᠠᠯ ᠳᠤᠰᠢᠶᠠᠬᠤ ᠪᠠᠷ ᠰᠢᠯᠳᠠᠭ ᠪᠤᠯᠭᠠᠨ ᠠᠷᠤ ᠠᠴᠠ ᠨᠢ ᠲᠠᠭᠠᠨ | ᠤᠴᠢᠪᠠ᠃ ᠡᠬᠦᠳᠡ ᠤᠶᠢᠷᠠᠳᠬᠤ ᠳᠤ ᠳᠡᠳᠡᠨ ᠤ ᠦᠬᠡ ᠶᠠᠷᠢᠯᠴᠠᠬᠤ ᠳᠠᠭᠤᠨ ᠰᠤᠨᠤᠰᠳᠠᠯ᠎ᠠ᠄ ︽ᠳᠡᠬᠡᠬᠡᠳ ᠴᠢ | ᠨᠡᠬᠡᠷᠡᠨ ᠰᠤᠷᠭᠠᠭᠤᠯᠢ ᠳᠤ ᠰᠠᠭᠤᠬᠤ ᠦᠭᠡᠢ ᠤᠤ︖︾ ᠬᠡᠮᠡᠨ ᠪᠠᠭᠰᠢ ᠠᠰᠠᠭᠤᠭᠰᠠᠨ ᠳᠤ ᠨᠤᠮᠢᠨᠬᠠᠰ᠄ ︽ᠳᠡᠶᠢᠮᠦ | ᠡ᠂ ᠠᠪᠤ ᠮᠢᠨᠢ ᠡᠷᠳᠡ ᠨᠠᠰᠤ ᠪᠠᠷᠠᠴᠢᠬᠠᠭᠰᠠᠨ᠂ ᠦᠨᠤ ᠡᠵᠢ ᠴᠦ ᠡᠪᠡᠳᠴᠢᠯᠡᠴᠢᠬᠡᠭᠰᠡᠨ᠂ ᠠᠬ᠎ᠠ ᠶᠢᠨ ᠰᠠᠷ᠎ᠡ ᠪᠦᠷᠢ | ᠬᠦᠴᠦ ᠶᠠᠪᠤᠭᠠᠳ ᠤᠯᠤᠭᠰᠠᠨ ᠵᠤᠭᠤᠰ ᠨᠢ ᠡᠵᠢ ᠶᠢᠨ ᠡᠪᠡᠳᠴᠢᠨ ᠤ ᠵᠠᠷᠤᠳᠠᠯ ᠢ ᠵᠦᠳᠡᠭᠦᠦ ᠯᠡ ᠠᠷᠭᠠᠴᠠᠭᠠᠨ᠎ᠠ᠃ | ᠡᠶᠢᠮᠦ ᠠᠴᠠ ᠪᠢ ᠡᠷᠬᠡᠪᠰᠢ ᠰᠤᠷᠤᠯᠭ᠎ᠠ ᠵᠤᠭᠰᠤᠨ ᠠᠵᠢᠯ ᠳᠤ ᠶᠠᠪᠤᠬᠤ ᠬᠡᠷᠡᠭᠳᠡᠢ︾᠂ ︽ᠠᠢ ᠳ᠋ᠠ᠂ ᠡᠶᠢᠮᠦ | ᠰᠢᠯᠢᠳᠡᠭ ᠬᠡᠤᠬᠡᠳ ᠂ ᠵᠠᠯᠭᠠᠭᠠᠳ ᠰᠤᠷᠤᠭᠰᠠᠨ ᠪᠤᠯ ᠬᠤᠵᠢᠮ ᠯᠠᠪᠳᠠᠢ ᠨᠡᠷᠠᠳᠦ ᠰᠤᠷᠭᠠᠭᠤᠯᠢ ᠳᠤ ᠰᠢᠯᠭᠠᠭᠤᠯᠬᠤ | ᠶᠤᠮ ᠰᠢᠤ ᠁︾ ᠬᠡᠰᠡᠨ ᠨᠢ ᠪᠠᠭᠰᠢ ᠶᠢᠨ ᠰᠡᠬᠦᠷᠠᠰᠤ ᠠᠯᠳᠠᠬᠤ ᠳᠠᠭᠤᠨ ᠪᠢᠯᠠ᠃ ᠡᠬᠦᠨ ᠢ ᠰᠤᠨᠤᠰᠤᠭᠠᠳ | ᠮᠢᠨᠤ ᠵᠢᠷᠤᠬᠡ ᠶᠢ ᠵᠡᠬᠦᠤ ᠪᠠᠷ ᠰᠢᠪᠡᠭᠰᠡᠨ ᠰᠢᠭ ᠡᠪᠡᠳᠪᠡ᠃ ᠤᠤᠯ ᠨᠢ ᠳᠠᠷᠠ ᠮᠠᠨᠢ ᠠᠮᠢᠳᠤᠷᠠᠯ ᠤᠨ ᠬᠦᠨᠳᠦ | ᠬᠡᠴᠡᠬᠦᠤ ᠳᠠᠷᠤᠭᠠᠰᠤ ᠶᠢ ᠡᠬᠦᠷᠬᠡᠯᠡᠨ᠂ ᠨᠠᠰᠤᠨ ᠠᠴᠠ ᠪᠠᠨ ᠡᠷᠳᠡ ᠤᠬᠠᠭᠠᠵᠢᠨ ᠳᠤᠮᠤᠭᠠᠵᠢᠵᠤ ᠮᠠᠨᠤᠰ ᠤᠨ ︽ | ᠬᠡᠤᠬᠡᠳ ᠤᠨ ᠠᠭᠠᠰᠢ︾ ᠶᠢ ᠠᠭᠤᠴᠢᠯᠠᠨ ᠪᠠᠭᠳᠠᠭᠠᠭᠰᠠᠭᠠᠷ ᠢᠷᠡᠭᠰᠡᠨ ᠶᠤᠮ ᠪᠠᠶᠢᠨ᠎ᠠ᠃ ᠳᠡᠷᠡᠬᠡᠨ ᠵᠠᠭᠤᠷ᠎ᠠ ᠮᠢᠨᠤ | ᠳᠤᠳᠤᠷ᠎ᠠ ᠳᠡᠬᠦᠨ ᠳᠤ ᠳᠦᠮᠡ ᠮᠢᠩᠭᠠᠨ ᠤᠰᠤᠯ ᠲᠠᠢ ᠰᠢᠭ᠋ ᠰᠠᠨᠠᠭᠳᠠᠯ᠎ᠠ᠃ | ᠮᠠᠷᠭᠠᠰᠢ ᠨᠢ ᠮᠢᠨᠤ ᠬᠠᠵᠠᠭᠤ ᠶᠢᠨ ᠰᠠᠭᠤᠳᠠᠯ ᠨᠡᠬᠡᠷᠡᠨ ᠬᠤᠭᠤᠰᠤᠨ ᠪᠤᠯᠪᠠ᠃ ᠬᠢᠯᠢ ᠶᠢᠨ ︽ᠭᠤᠴᠢᠨ | ᠨᠠᠢᠮᠠᠳᠤᠭᠠᠷ ᠱᠤᠭᠤᠮ︾ ᠬᠡᠷᠡᠭ ᠦᠭᠡᠢ ᠪᠤᠯᠵᠤ᠂ ᠮᠢᠨᠤ ᠡᠵᠡᠷᠬᠡᠯ ᠤᠨ ᠤᠷᠤᠨ ᠵᠠᠢ ᠶᠡᠬᠡᠳᠦᠭᠰᠡᠨ ᠴᠦ ᠨᠠᠳᠠ ᠳᠤ | ᠶᠡᠷᠦ ᠨᠢ ᠪᠠᠶᠠᠷᠳᠠᠢ ᠰᠠᠨᠠᠭᠳᠠᠭᠰᠠᠨ ᠦᠭᠡᠢ᠃ | ᠨᠢᠬᠡ ᠮᠡᠳᠡᠬᠦ ᠳᠤ ᠮᠢᠨᠤ ᠮᠦᠷᠦᠬᠡᠳᠦᠯ ᠤᠨ ᠬᠠᠯᠠᠭᠤᠨ ᠨᠢᠯᠪᠤᠰᠤ ᠨᠤᠮᠢᠨᠬᠠᠰ ᠤᠨ ᠳᠦᠬᠦᠷᠢᠩᠬᠡᠨ ᠴᠢᠷᠠᠢ | ᠳᠡᠭᠡᠷ᠎ᠡ ᠳᠤᠰᠤᠯᠠᠵᠤ ᠪᠠᠶᠢᠯ᠎ᠠ᠃ ᠨᠢᠯᠪᠤᠰᠤᠨ ᠮᠦᠬᠦᠯᠢᠭ ᠤᠨ ᠳᠤᠳᠤᠷ᠎ᠠ ᠠᠴᠠ ᠨᠤᠮᠢᠨᠬᠠᠰ ᠮᠢᠨᠢ ᠮᠢᠨᠤ ᠦᠬᠡᠳᠡ ᠠᠴᠠ | ᠤᠴᠢᠷᠳᠠᠶᠢᠬᠠᠨ ᠢᠨᠢᠶᠡᠵᠤ ᠪᠠᠶᠢᠭ᠎ᠠ ᠰᠢᠭ᠋ ᠁ | ᠶᠠᠮᠠᠷ ᠨᠢᠬᠡᠨ ᠳᠤᠬᠢᠶᠠᠯ ᠢᠶᠠᠷ᠂ ᠶᠠᠮᠠᠷ ᠨᠢᠬᠡᠨ ᠭᠠᠵᠠᠷ ᠲᠤ᠂ ᠶᠠᠮᠠᠷ ᠨᠢᠬᠡᠨ ᠴᠠᠭ ᠮᠦᠴᠡ ᠳᠤ ᠪᠢᠳᠠ ᠯᠠᠪ | ᠠᠭᠤᠯᠵᠠᠬᠤ ᠶᠤᠮ᠃ ᠤᠴᠢᠷ ᠨᠢ ᠪᠢᠳᠠᠨ ᠳᠤ ᠬᠠᠶᠢᠷ᠎ᠠ ᠪᠠᠶᠢᠨ᠎ᠠ᠂ ᠵᠤᠷᠢᠭ ᠪᠠᠶᠢᠨ᠎ᠠ᠃ ᠮᠦᠨ ᠴᠦ ᠪᠢ ᠴᠢᠮ᠎ᠠ ᠳᠤ | ᠪᠠᠨ ᠬᠡᠯᠡᠬᠦ ᠰᠡᠳᠬᠢᠯ ᠤᠨ ᠦᠬᠡ ᠤᠯᠠᠨ ᠪᠠᠶᠢᠨ᠎ᠠ ᠰᠢᠤ᠃ | ※ ᠲᠤᠰ ᠵᠤᠬᠢᠶᠠᠯ ᠲᠦᠷᠪᠡᠲᠦᠬᠡᠷ ᠤᠲᠠᠭᠠᠨ ᠤ ᠨᠠᠢᠮᠠᠨ ᠰᠢᠷᠭ᠎ᠠ ᠵᠤᠬᠢᠶᠠᠯ ᠤᠨ | ᠣᠷᠣᠯᠲᠤᠭᠠᠨ ᠳᠤ ᠭᠤᠷᠪᠠᠲᠤᠭᠠᠷ ᠲᠡᠰ ᠤᠨ ᠱᠠᠩᠨᠠᠯ ᠬᠦᠷᠲᠡᠪᠡ | | ᠵᠢᠯᠤᠭᠤᠳᠤᠭᠰᠠᠨ ᠪᠠᠭᠰᠢ— ᠶᠢᠨᠬᠤᠸᠠ | | | |