ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠬᠠᠯᠠᠮᠵᠢ | ᠪᠢ ᠲᠡᠨᠤᠬᠦᠯ ᠠᠮᠢᠲᠤᠷᠠᠯ ᠢ ᠨᠢᠬᠡ ᠵᠢᠯ ᠬᠢᠬᠡᠳ ᠬᠠᠮᠠᠷ ᠲᠤ ᠤᠲᠤᠭ᠎ᠠ ᠤᠷᠤᠭᠰᠠᠨ ᠬᠠᠷ᠎ᠠ ᠮᠤᠤᠷ | ᠪᠤᠯᠤᠨ᠎ᠠ᠃ ᠡᠨᠡᠬᠦ ᠬᠡᠰᠦᠬᠦᠯ ᠠᠮᠢᠲᠤᠷᠠᠯ ᠨᠠᠲᠠ ᠶᠠᠭᠠᠬᠢᠭᠠᠳ ᠲᠤᠭᠢᠶᠠᠯᠲᠤᠭᠠ ᠪᠤᠢ ᠬᠡᠵᠤ ᠪᠢ ᠪᠡᠶ᠎ᠡ ᠪᠠᠨ ︽ᠰᠢᠬᠦᠵᠤ | ︾ ᠦᠵᠡᠯ᠎ᠠ᠃ ᠮᠢᠨᠤ ᠲᠠᠰ ᠬᠠᠷ᠎ᠠ ᠦᠩᠭᠡ ᠠᠴᠠ ᠯᠠ ᠪᠤᠯᠤᠭᠰᠠᠨ ᠪᠠᠶᠢᠬ᠎ᠠ ᠡ ᠬᠡᠰᠡᠨ ᠪᠤᠲᠤᠯ ᠨᠠᠬᠢᠶᠠᠯᠠᠬᠤ ᠳᠤ | ᠵᠡᠷᠭᠡᠯᠡᠲᠡᠭᠡ ᠬᠡᠷ ᠤᠨ ᠬᠠᠷ᠎ᠠ ᠮᠤᠤᠷ ᠤᠨ ᠤᠴᠠᠷᠠᠯ ᠲᠡᠭᠦᠨ ᠢ ᠮᠢᠨᠢ ᠪᠤᠭᠤᠮᠢᠯᠠᠵᠤ ᠬᠠᠶᠠᠯ᠎ᠠ᠃ ᠪᠢ ᠶᠠᠪᠤᠭᠰᠠᠨ | ᠰᠠᠭᠤᠭᠰᠠᠨ ᠢᠶᠠᠨ ᠡᠷᠭᠢᠴᠡᠬᠦᠯᠬᠦ ᠳᠤ ᠤᠬᠠᠭᠠᠨ ᠦᠬᠡᠢ ᠶᠠᠪᠤᠭᠰᠠᠨ ᠠᠯᠲᠠᠭ᠎ᠠ ᠨᠤᠭᠤᠳ ᠲᠡᠷᠡᠴᠢᠭ ᠢᠶᠠᠷ ᠢᠶᠠᠨ ᠨᠠᠲᠠ | ᠤᠷᠤᠭᠤ ︽ᠴᠢ ᠢᠩᠭᠢᠵᠤ ᠡᠵᠡᠨ ᠳᠤ ᠪᠠᠨ ᠭᠤᠯᠤᠭᠲᠠᠨ ᠲᠡᠨᠤᠭᠦᠯ ᠪᠤᠯᠵᠠᠢ︾ ᠭᠡᠵᠦ ᠵᠠᠷᠯᠠᠵᠤ ᠪᠠᠶᠢᠬᠤ ᠮᠡᠲᠦ | ᠪᠠᠶᠢᠯ᠎ᠠ᠃ ᠪᠢ ᠲᠠᠩᠴᠤ ᠣᠬᠠᠭᠠᠨ ᠦᠬᠡᠢ ᠶᠠᠪᠤᠵᠠᠢ᠃ ᠬᠠᠨᠵᠤᠨ ᠲᠡᠭᠡᠷ᠎ᠡ ᠬᠡᠪᠲᠡᠨ᠂ ᠪᠡᠯᠡᠨ ᠴᠠᠪ ᠵᠤᠭᠤᠭᠯᠠᠬᠤ | ᠰᠠᠶᠢᠬᠠᠨ ᠠᠮᠢᠲᠤᠷᠠᠯ ᠲᠠᠢ ᠪᠠᠶᠢᠭᠰᠠᠨ ᠰᠢᠤ ᠨᠠᠲᠠ︕ ᠬᠡᠶ᠎ᠡ ᠡᠨᠡ ᠪᠦᠬᠦᠨ ᠢᠶᠠᠨ ᠲᠠᠩᠴᠤ ᠡᠷᠬᠢᠮᠨᠡᠭᠰᠡᠨ ᠦᠬᠡᠢ | ᠶᠠᠪᠤᠵᠠᠢ᠃ ᠬᠦᠨᠲᠦᠲᠦ ᠵᠤᠴᠢᠨ ᠠᠴᠠ ᠨᠢ ᠡᠮᠤᠨ᠎ᠠ ᠲᠠᠪᠠᠭ ᠲᠠᠢ ᠬᠤᠭᠤᠯᠠ ᠶᠢ ᠨᠢ ᠲᠤᠯᠢᠶᠠᠬᠤ᠂ ᠬᠡᠤᠭᠡᠳ ᠤᠨ | ᠬᠢᠨᠢ ᠬᠦᠨᠵᠢᠯᠡ ᠲᠡᠭᠡᠷ᠎ᠡ ᠭᠠᠷᠭᠠᠬᠤ᠂ ᠬᠦᠮᠦᠷᠬᠡᠨ ᠤ ᠬᠤᠯᠤᠭᠠᠨ᠎ᠠ ᠲᠠᠢ ᠠᠬ᠎ᠠ ᠲᠡᠬᠦᠤ ᠶᠤᠮ ᠰᠢᠭ᠋ ᠬᠠᠲᠠᠭᠠᠭᠰᠠᠨ | ᠮᠢᠬ᠎ᠠ ᠶᠢ ᠨᠢ ᠬᠤᠯᠠᠭᠤᠨ ᠢᠲᠡᠬᠦ᠂ ᠪᠢᠴᠢᠬᠠᠨ ᠡᠵᠡᠨ ᠢᠶᠠᠨ ᠮᠠᠭᠠᠵᠢᠭᠰᠠᠨ ᠵᠡᠷᠭᠡ ᠣᠯᠠᠨ ᠶᠠᠪᠤᠲᠠᠯ ᠤᠳ ︽ | ᠲᠡᠵᠢᠬᠡᠭᠰᠡᠨ ᠪᠢᠷᠠᠭᠤ ᠲᠡᠷᠭᠡ ᠡᠪᠲᠡᠯᠦᠭᠰᠡᠨ︾ ᠵᠢᠱᠢᠶ᠎ᠠ ᠪᠠᠷ ᠪᠤᠲᠤᠭᠲᠠᠨ ᠬᠡᠮᠰᠢᠯ ᠬᠠᠷᠠᠮᠰᠠᠯ ︽ᠲᠡᠷᠭᠡ ᠪᠠᠷ ᠠᠴᠢᠵᠤ | ᠲᠡᠮᠡᠭᠡ ᠪᠠᠷ ᠲᠡᠭᠡᠭᠡᠭᠰᠡᠨ︾ ᠴᠦ ᠲᠠᠭᠤᠰᠤᠮᠠᠷ ᠦᠬᠡᠢ ᠰᠠᠨᠠᠭᠲᠠᠯ᠎ᠠ᠃ ᠲᠡᠭᠢᠭᠠᠳ ᠲᠡᠶᠢᠮᠦᠷᠬᠦ ᠬᠠᠯᠠᠭᠤᠨ ᠲᠤᠯᠠᠭᠠᠨ | ᠠᠮᠢᠲᠤᠷᠠᠯ ᠨᠠᠲᠠ ᠲᠤᠭᠢᠶᠠᠯᠲᠤᠬᠤ ᠬᠡᠵᠤ ᠤᠤ︖ ᠲᠡᠭᠡᠪᠡᠯ ᠪᠢ ᠡᠶᠢᠮᠦᠷᠬᠦ ᠠᠯᠲᠠᠭ᠎ᠠ ᠠᠴᠠ ᠵᠠᠶᠢᠯᠠᠰᠭᠢᠨ ᠡᠵᠡᠨ ᠲᠠᠢ | ᠪᠠᠨ ᠪᠦᠯᠬᠦᠮᠲᠠᠨ ᠵᠤᠬᠢᠴᠠᠵᠤ ᠶᠠᠪᠤᠨ᠎ᠠ ᠡ᠃ ᠠᠯᠲᠠᠭᠰᠠᠨ ᠪᠦᠬᠦᠨ ᠤ ᠪᠠᠨ ᠬᠤᠶᠢᠨ᠎ᠠ ᠠᠴᠠ ᠬᠠᠷᠠᠮᠰᠠᠲᠠᠭ ᠨᠢ | ᠬᠦᠮᠦᠨ ᠲᠦᠷᠦᠯᠬᠢᠲᠡᠨ ᠳᠤ ᠯᠠ ᠪᠠᠶᠢᠲᠠᠭ ᠪᠤᠰᠤ ᠮᠠᠨ ᠤ ᠮᠤᠤᠷ ᠲᠤ ᠴᠦ ᠪᠠᠶᠢᠲᠠᠭ ᠠᠵᠠᠢ᠃ ᠪᠢ ᠣᠣᠯ ᠤᠨ | ᠲᠡᠷᠡᠭᠦ ᠠᠮᠢᠲᠤᠷᠠᠯ ᠲᠠᠢ ᠪᠤᠯᠬᠤ ᠶᠢ ᠵᠢᠷᠦᠬᠡᠨ ᠣᠭ ᠠᠴᠠ ᠪᠠᠨ ᠬᠦᠰᠡᠯᠠ᠃ ᠨᠢᠬᠡ ᠵᠢᠯ ᠤᠨ ᠲᠡᠨᠤᠬᠦᠯ ᠠᠮᠢᠲᠤᠷᠠᠯ | ᠮᠢᠨᠤ ᠭᠠᠩᠭᠠᠩ ᠬᠡᠬᠡᠨᠴᠢᠷ ᠲᠦᠷᠭᠦ ᠶᠢ ᠬᠠᠶᠢᠷ᠎ᠠ ᠨᠠᠶᠢᠷ ᠦᠬᠡᠢ ᠪᠡᠯᠡᠯᠤᠭᠰᠠᠨ ᠢ ᠦᠴᠦᠬᠡᠲᠦᠷ ᠤᠨ ᠨᠠᠭᠤᠷ ᠲᠤ | ᠲᠤᠰᠤᠭᠰᠠᠨ ᠢᠰᠡᠬᠡᠶᠢᠷᠡᠵᠤ ᠵᠤᠩᠭᠠᠷᠯᠠᠭᠰᠠᠨ ᠦᠰᠦ ᠨᠤᠤᠰᠤ᠂ ᠨᠤᠤᠬᠠᠲᠤᠭᠰᠠᠨ ᠨᠢᠲᠦ᠂ ᠡᠴᠡᠵᠤ ᠲᠤᠷᠠᠭᠰᠠᠨ ᠪᠡᠶ᠎ᠡ | ᠴᠤᠭᠴᠠᠰ ᠨᠠᠲᠠ ᠬᠡᠯᠡᠵᠤ ᠪᠢᠯᠠ᠃ ᠠᠶᠢᠯ ᠤᠨ ᠬᠡᠤᠭᠡᠳ ᠤᠳ ᠤᠨ ᠡᠨᠡ ᠮᠤᠤᠷ ᠤᠨ ᠭᠤᠶᠤ ᠬᠡᠵᠤ ᠡ ᠬᠡᠲᠡᠭ | ᠱᠠᠭᠰᠢᠯᠲᠠ᠂ ᠦᠷᠦᠬᠡᠯ ᠤᠨ ᠮᠤᠤᠷ ᠤᠨ ᠪᠠᠭ᠋ᠠᠷᠬᠠᠭᠰᠠᠨ ᠬᠠᠷᠠᠴᠠ ᠨᠠᠲᠠ ᠤᠮᠤᠭ ᠪᠠᠭ᠋ᠠᠲᠤᠯ ᠬᠠᠶᠢᠷᠠᠯᠠᠬᠤ ᠶᠢᠨ ᠵᠡᠷᠭᠡ | ᠣᠮᠤᠷᠬᠠᠭ ᠪᠠᠷᠲᠠᠮ ᠱᠠᠩᠨᠠᠭᠰᠠᠨ ᠠᠵᠠᠢ᠃ ᠲᠡᠭᠡᠭᠡᠳ ᠪᠢ ᠪᠢᠴᠢᠬᠠᠨ ᠡᠵᠡᠨ ᠤ ᠪᠠᠨ ᠪᠤᠯᠪᠠᠷᠠᠢ ᠴᠢᠷᠠᠢ ᠶᠢ ᠨᠢ ︽ | ᠪᠤᠵᠠᠷ ᠬᠢᠮᠤᠰᠤ︾ ᠪᠠᠷ ᠢᠶᠠᠨ ᠲᠠᠮᠠᠭᠠᠯᠠᠵᠤ ᠡᠵᠡᠨᠲᠡᠨ ᠳᠤ ᠪᠠᠨ ᠬᠦᠬᠡᠬᠡᠭᠲᠡᠵᠡᠢ᠃ ᠡᠷᠭᠢᠴᠡᠬᠦᠯᠬᠦ ᠳᠤ ᠪᠢ ᠦᠨᠡᠬᠡᠷ | ᠵᠤᠬᠢᠴᠠᠯᠲᠤᠭᠠ ᠮᠠᠭᠤᠲᠠᠢ ᠠᠮᠢᠲᠤᠷᠠᠵᠠᠢ᠃ ᠮᠢᠨᠤ ᠪᠠᠭ᠎ᠠ ᠰᠠᠭ᠎ᠠ ᠠᠯᠲᠠᠭ᠎ᠠ ᠶᠢ ᠲᠡᠲᠡᠨᠤᠰ ᠠᠭᠤᠴᠢᠯᠠᠭᠰᠠᠭᠠᠷ | ᠢᠷᠡᠭᠰᠡᠨ᠃ ᠬᠡᠶ᠎ᠡ ᠪᠢ ᠁ ᠡᠨᠡ ᠪᠦᠬᠦᠨ ᠢ ᠡᠷᠭᠢᠴᠡᠬᠦᠯᠬᠦ ᠨᠢ ᠨᠠᠲᠠ ᠵᠤᠪᠠᠨᠢᠯ ᠠᠪᠴᠢᠷᠠᠨ᠎ᠠ ᠬᠡᠲᠡᠭ ᠢ ᠣᠬᠠᠨ | ᠮᠡᠲᠡᠭᠰᠡᠨ ᠠᠴᠠ ᠰᠢᠨ᠎ᠠ ᠨᠢᠬᠡᠨ ᠡᠵᠡᠨ ᠣᠯᠬᠤ ᠶᠢᠨ ᠲᠦᠯᠦᠬᠡ ᠬᠦᠮᠦᠨ ᠦᠵᠡᠪᠡᠯ ᠬᠦᠬᠡᠷᠦᠬᠦᠨ ᠮᠢᠶᠤᠤᠯᠠᠵᠤ᠂ | ᠰᠡᠬᠦᠯ ᠢᠶᠠᠨ ᠴᠦ ᠡᠪᠯᠢᠭᠬᠡᠨ ᠬᠦᠲᠡᠯᠬᠡᠬᠦ ᠶᠢ ᠬᠢᠴᠢᠶᠡᠵᠤ ᠶᠠᠪᠤᠬᠤ ᠪᠠᠷ ᠰᠢᠢᠲᠤᠯᠠ᠃ | ︽ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠠ︾ ᠬᠡᠲᠡᠭᠴᠢᠯᠠᠨ ᠬᠦᠰᠡᠯ ᠮᠢᠨᠢ ᠲᠡᠷᠡ ᠨᠢᠬᠡ ᠡᠮᠨᠡᠯᠬᠡ ᠶᠢᠨ | ᠬᠤᠷᠢᠶᠠᠨ ᠤ ᠡᠬᠦᠲᠡᠨ ᠲᠡᠭᠡᠷ᠎ᠡ ᠪᠡᠶᠡᠯᠡᠯ ᠢᠶᠠᠨ ᠣᠯᠬᠤ ᠰᠢᠤᠬᠠᠨ ᠪᠤᠯᠤᠯ᠎ᠠ᠃ ᠡᠮᠨᠡᠯᠬᠡ ᠠᠴᠠ ᠨᠢᠬᠡᠨ ᠬᠦᠨᠲᠦ | ᠡᠪᠡᠳᠴᠢᠯᠡᠭᠰᠡᠨ ᠮᠠᠶ᠋ᠢᠭ ᠲᠠᠢ ᠪᠢᠴᠢᠬᠠᠨ ᠬᠡᠤᠭᠡᠨ ᠲᠠᠮᠢᠷᠲᠠᠭᠤᠬᠠᠨ ᠭᠠᠷᠴᠤ ᠢᠷᠡᠭᠡᠳ ᠰᠢᠭᠤᠳ ᠨᠠᠲᠠ ᠶᠢ ᠴᠢᠭᠯᠡᠭᠡᠳ | ᠢᠷᠠᠯ᠎ᠠ᠃ ᠠᠵᠢᠪᠠᠯ ᠭᠠᠷ ᠲᠤ ᠪᠠᠨ ᠤᠭᠤᠲᠠ ᠲᠠᠢ ᠰᠦ ᠪᠠᠷᠢᠵᠠᠢ᠃ ᠡᠶᠢᠮᠤ ᠶᠠᠭᠤᠮ᠎ᠠ ᠵᠤᠭᠤᠭᠯᠠᠭᠠ ᠦᠬᠡᠢ ᠨᠢᠬᠡ | ᠵᠢᠯ ᠪᠤᠯᠤᠭᠰᠠᠨ ᠮᠢᠨᠤ ᠰᠢᠯᠤᠰᠤ ᠦᠪᠡᠷ ᠤᠨ ᠡᠷᠭᠡ ᠦᠬᠡᠢ ᠭᠤᠭᠤᠵᠢᠯᠠ᠃ ᠪᠢᠴᠢᠬᠠᠨ ᠬᠡᠤᠭᠡᠨ ᠮᠢᠨᠤ ᠢᠰᠡᠭᠡᠶᠢᠷᠡᠵᠤ | ᠵᠤᠩᠭᠠᠷᠯᠠᠭᠰᠠᠨ ᠵᠤ ᠶᠢ ᠢᠯᠡᠨ ᠨᠠᠮ᠎ᠠ ᠶᠢ ᠰᠦ ᠪᠠᠷ ᠲᠠᠶᠢᠯᠠᠪᠠ᠃ ᠡᠨᠡ ᠨᠢ ᠮᠢᠨᠤ ᠦᠩᠭᠡᠷᠡᠭᠰᠡᠨ ᠠᠮᠢᠲᠤᠷᠠᠯ ᠤᠨ | ᠡᠲᠦᠷ ᠪᠦᠷᠢ ᠲᠠᠪᠲᠠᠭᠲᠠᠬᠤ ᠠᠭᠤᠯᠭ᠎ᠠ ᠪᠤᠯᠵᠤ ᠪᠠᠶᠢᠭᠰᠠᠨ ᠬᠡᠶ᠎ᠡ ᠪᠢ ᠡᠷᠭᠢᠮᠨᠡᠭᠡ ᠦᠬᠡᠢ ᠠᠴᠠ ᠲᠠᠷᠡ ᠪᠦᠬᠦᠨ ᠢᠶᠠᠨ | ᠠᠯᠲᠠᠵᠠᠢ᠃ ᠲᠠᠷᠠᠭ᠎ᠠ ᠨᠢ ᠪᠢᠴᠢᠬᠠᠨ ᠬᠡᠤᠬᠡᠨ ᠨᠠᠮ᠎ᠠ ᠶᠢ ᠲᠠᠵᠢᠬᠡᠬᠦ ᠪᠠᠷ ᠠᠮᠠᠯᠲᠠᠯᠠ᠃ ᠪᠢ ᠴᠦ ᠲᠡᠬᠦᠨ ᠳᠤ ᠪᠠᠶᠠᠷ | ᠪᠠᠭ᠋ᠠᠲᠤᠯ ᠤᠯᠭᠤᠶᠠ ᠬᠡᠵᠤ ᠰᠡᠳᠬᠢᠯ ᠳᠤ ᠪᠠᠨ ᠲᠠᠩᠭᠠᠷᠢᠭᠯᠠᠯᠠ᠃ ᠡᠨᠡ ᠦᠶ᠎ᠡ ᠳᠤ ᠪᠢᠴᠢᠬᠠᠨ ᠬᠡᠤᠭᠡᠨ ᠤ ᠡᠵᠢ ᠨᠢ | ᠪᠤᠯᠤᠯᠲᠠᠢ ︽ᠪᠤᠵᠠᠷ ᠭᠡᠰᠦᠬᠦᠯ ᠮᠤᠤᠷ ᠠᠴᠠ ᠡᠪᠡᠳᠴᠢᠨ ᠬᠠᠯᠲᠠᠪᠤᠷᠢᠯᠠᠨ᠎ᠠ ᠰᠢᠤ︾ ᠬᠡᠭᠰᠡᠭᠡᠷ ᠬᠦᠶᠤᠨ ᠢᠷᠡᠵᠤ | ᠬᠡᠤᠭᠡᠨ ᠢᠶᠠᠨ ᠲᠠᠪᠠᠷᠢᠨ ᠠᠪᠴᠤ ᠨᠠᠲᠠ ᠮᠠᠭᠤᠬᠠᠢ ᠬᠠᠷᠠᠴᠠ ︽ᠱᠠᠩᠨᠠᠨ︾ ︽ᠡᠷᠭᠢᠵᠤ ᠢᠷᠡᠪᠡᠯ ᠴᠢᠮ᠎ᠠ ᠶᠢ ᠯᠠᠪ | ᠠᠭᠤᠴᠢᠯᠠᠬᠤ ᠦᠬᠡᠢ︾ ᠬᠡᠰᠡᠨ ᠬᠠᠲᠠᠭᠤᠬᠠᠨ ᠦᠬᠡ ᠴᠢᠯᠠᠭᠤᠲᠠᠨ ᠡᠮᠨᠡᠯᠬᠡ ᠳᠤ ᠪᠠᠨ ᠣᠷᠣᠯ᠎ᠠ᠃ ᠪᠢᠴᠢᠬᠠᠨ | ᠬᠡᠤᠬᠡᠨ ᠤ ᠤᠬᠢᠯᠠᠭᠰᠠᠨ ᠲᠠᠭᠤᠨ᠂ ᠰᠠᠯᠵᠤ ᠶᠠᠲᠠᠭᠰᠠᠨ ᠬᠠᠷᠠᠴᠠ᠂ ᠰᠦ ᠪᠠᠷ ᠲᠠᠶᠢᠯᠠᠭᠰᠠᠨ ᠪᠠ ᠨᠠᠩ ᠴᠢᠬᠤᠯᠠ ᠨᠢ | ᠴᠢᠮ᠎ᠠ ᠶᠢ ᠪᠢ ᠵᠠᠪᠠᠯ ᠲᠠᠵᠢᠬᠡᠨᠠ ᠬᠡᠰᠡᠨ ᠠᠮᠠᠯᠠᠯᠲᠠ ᠵᠡᠷᠭᠡ ᠨᠢ ᠨᠠᠲᠠ ᠬᠡᠰᠦᠬᠦᠯ ᠠᠮᠢᠲᠤᠷᠠᠯ ᠤᠨ ᠲᠠᠪᠬᠤᠷ ᠴᠡᠭ | ᠣᠶᠢᠷᠠᠲᠤᠭᠰᠠᠨ ᠬᠡᠲᠡᠭ ᠢ ᠢᠯᠡᠷᠭᠡᠶᠢᠯᠡᠭᠰᠡᠨ ᠰᠢᠭ ᠰᠠᠨᠠᠭᠲᠠᠬᠤᠯᠠᠷ ᠬᠠᠯᠠᠭᠤᠨ ᠲᠤᠯᠠᠭᠠᠨ ᠠᠮᠢᠲᠤᠷᠠᠯ ᠠᠲᠡ ᠠᠴᠠ | ᠡᠬᠢᠯᠡᠬᠦ ᠶᠤᠰᠤᠲᠠᠢ ᠬᠡᠮᠡᠨ ᠪᠠᠲᠤ ᠰᠠᠨᠠᠵᠤ ᠡᠨᠡᠬᠦ ᠡᠮᠨᠡᠯᠬᠡ ᠶᠢᠨ ᠡᠬᠦᠲᠡᠨ ᠠᠴᠠ ᠪᠤᠤ ᠯᠠ ᠬᠤᠯᠠᠳᠠᠶᠡ ᠬᠡᠰᠡᠨ ᠪᠤᠲᠤᠯ | ᠤᠷᠭᠢᠯᠵᠤ ᠪᠢᠯᠡ᠃ ᠪᠢ ᠲᠡᠰᠪᠤᠷᠢ ᠲᠡᠪᠴᠢᠶᠡᠷᠢ ᠲᠠᠢ ᠭᠤᠷᠪᠠᠨ ᠡᠲᠦᠷ ᠡᠨᠡᠬᠦᠷ ᠡᠷᠭᠢᠴᠡᠬᠦ ᠳᠤ ᠪᠠᠨ ᠭᠡᠰᠦᠬᠦᠯ | ᠲᠡᠨᠦᠬᠦᠯ ᠪᠤᠵᠠᠷ ᠬᠡᠮᠡᠨ ᠪᠤᠲᠤᠯ ᠦᠬᠡᠢ ᠨᠠᠮ᠎ᠠ ᠶᠢ ᠲᠠᠶᠢᠯᠠᠭᠰᠠᠨ ᠪᠢᠴᠢᠬᠠᠨ ᠬᠡᠤᠭᠡᠨ ᠤ ᠡᠷᠳ᠋ᠨ ᠨᠢᠬᠡᠨ ᠡᠲᠦᠷ | ᠡᠷᠡᠭᠦᠯᠵᠢᠬᠦ ᠶᠢ ᠡᠴᠢᠬᠡ ᠲᠡᠭᠷᠢ ᠳᠤ ᠲᠠᠭᠠᠳᠬᠠᠵᠤ ᠪᠢᠯᠡ ᠁ | ᠦᠨᠦᠲᠦᠷ ᠤᠨ ᠨᠠᠷᠠ ᠬᠠᠮᠢᠭ᠎ᠠ ᠠᠴᠠ ᠴᠤᠬᠤᠶᠢᠭᠰᠠᠨ ᠢ ᠪᠤᠤ ᠮᠡᠲᠡ᠂ ᠪᠢᠴᠢᠬᠠᠨ ᠬᠡᠤᠬᠡᠨ ᠤ ᠡᠵᠢ ᠨᠢ | ᠨᠠᠮ᠎ᠠ ᠶᠢ ᠪᠤᠵᠠᠷ ᠬᠡᠮᠡᠨ ᠵᠢᠭᠰᠢᠬᠡ ᠦᠬᠡᠢ ᠲᠡᠪᠡᠷᠢᠨ ᠲᠤᠯᠠᠭᠠᠯᠠᠮᠵᠢ ᠲᠠᠢ ᠤᠬᠢᠶᠠᠯᠭ᠎ᠠ ᠶᠢᠨ ᠲᠠᠰᠤᠭ ᠲᠤ | ᠠᠪᠴᠢᠷᠠᠭᠠᠳ ᠤᠬᠢᠶᠠᠨ ᠷᠠᠰᠢᠶᠠᠯᠠᠵᠤ ᠪᠢᠯᠡ᠃ ᠬᠡᠲᠦᠶᠢᠪᠡᠷ ᠵᠤᠨ ᠤ ᠵᠢᠷᠭᠤᠭᠠᠨ ᠰᠠᠷ᠎ᠠ ᠪᠤᠯᠪᠠᠴᠤ ᠪᠢ ᠬᠦᠯᠲᠡᠵᠤ | ᠦᠬᠦᠬᠦ ᠰᠢᠬᠠᠯ᠎ᠠ᠃ ᠮᠤᠤᠷ ᠪᠢᠲᠡᠨᠣᠰ 365 ᠬᠤᠨᠤᠭ ᠲᠤ ᠨᠢᠬᠡᠯᠡ ᠤᠲᠠᠭ᠎ᠠ ᠬᠠᠯᠠᠭᠤᠴᠠᠲᠠᠭ ᠰᠢᠤ ᠭᠡᠵᠦ ᠬᠡᠯᠡᠬᠦ | ᠶᠢ ᠰᠠᠨᠠᠭᠰᠠᠨ ᠴᠦ ᠡᠨᠡᠬᠦ ᠰᠠᠶ᠋ᠢᠬᠠᠨ ᠡᠬᠢᠯᠡᠭᠡ ᠵᠢᠷᠭᠠᠯᠲᠤ ᠠᠮᠢᠲᠤᠷᠠᠯ ᠢᠶᠠᠨ ᠠᠯᠲᠠᠬᠤ ᠠᠴᠠ ᠰᠢᠷᠬᠢᠢᠨ ᠬᠡᠯᠡ ᠪᠠᠨ | ᠬᠠᠵᠠᠪᠠ᠃ ᠭᠤᠷᠪᠠᠭ᠋ᠠᠨ ᠡᠲᠦᠷ ᠤᠨ ᠡᠮᠦᠨ᠎ᠠ ᠨᠠᠮ᠎ᠠ ᠶᠢ ᠦᠵᠡᠨ ᠶᠠᠲᠠᠵᠤ ᠪᠠᠶᠢᠭᠰᠠᠨ ᠬᠦᠮᠦᠨ ᠤᠬᠢᠶᠠᠨ ᠴᠡᠪᠡᠷᠯᠡᠵᠤ | ᠲᠡᠭᠲᠡᠶᠢᠲᠡᠯᠡ ᠢᠲᠡᠭᠦᠯᠬᠦ ᠪᠠᠷ ᠪᠢ ᠭᠠᠶᠢᠬᠠᠯ ᠰᠣᠴᠢᠯ ᠳᠤ ᠪᠦᠷᠢᠮᠦᠰᠤᠨ ᠣᠯᠵᠠᠯᠠᠭᠲᠠᠴᠢᠬᠠᠯᠠ᠃ ᠪᠢᠴᠢᠬᠠᠨ ᠬᠡᠤᠬᠡᠨ | ᠤ ᠡᠵᠢ ᠨᠢ ᠨᠠᠮ᠎ᠠ ᠶᠢ ᠲᠡᠪᠡᠷᠢᠨ ᠲᠤᠯᠢ ᠶᠢᠨ ᠡᠮᠤᠨᠡᠬᠦᠷ ᠦᠩᠭᠡᠷᠡᠭᠦ ᠳᠤ ᠪᠢ ᠵᠠᠪᠲᠤᠨ ᠲᠤᠯᠢᠨ ᠳᠠᠬᠢ ᠦᠪᠡᠷ ᠢ ᠪᠠᠨ | ᠠᠵᠢᠪᠠ᠃ ᠵᠢᠯ ᠤᠨ ᠡᠮᠤᠨᠡᠬᠢ ᠠᠴᠠ ᠪᠠᠨ ᠪᠠᠭ᠎ᠠ ᠡᠴᠡᠭᠰᠡᠨ ᠠᠴᠠ ᠦᠬᠡᠷ᠎ᠡ ᠬᠤᠪᠢᠷᠠᠯᠲᠠ ᠦᠬᠡᠢ᠂ ᠪᠢ ᠲᠤᠩ | ᠪᠠᠶᠠᠷᠯᠠᠪᠠ᠃ ᠨᠠᠮ᠎ᠠ ᠶᠢ ᠬᠡᠪᠲᠡᠵᠤ ᠪᠠᠶᠢᠭ᠎ᠠ ᠬᠡᠤᠭᠡᠨ ᠤ ᠪᠠᠨ ᠲᠡᠷᠭᠡᠲᠡ ᠲᠠᠯᠪᠢᠭᠠᠳ᠄ ︽ᠬᠤᠶᠠᠷ ᠡᠲᠦᠷ ᠮᠡᠲᠡᠭᠡ | ᠰᠡᠭᠡᠭᠡ ᠦᠬᠡᠢ ᠬᠡᠪᠲᠡᠯᠠ ᠬᠡᠤᠬᠡ ᠡ᠂ ᠡᠵᠢ ᠨᠢ ᠴᠢᠨᠤ ᠬᠦᠰᠡᠯ ᠢᠶᠠᠷ ᠬᠠᠷ᠎ᠠ ᠮᠤᠤᠷ ᠢ ᠠᠪᠴᠢᠷᠠᠵᠤ ᠦᠭᠭᠦᠯ᠎ᠠ᠃ | ᠴᠢ ᠲᠡᠵᠢᠬᠡᠬᠦ ᠪᠠᠷ ᠠᠮᠠᠯᠠᠭᠰᠠᠨ ᠬᠡᠵᠤ ᠬᠡᠯᠡᠵᠤ ᠪᠠᠶᠢᠭᠰᠠᠨ᠂ ᠡᠵᠢ ᠨᠢ ᠵᠦᠪᠰᠢᠶᠡᠷᠡᠯᠠ᠂ ᠴᠢ ᠮᠢᠨᠢ ᠪᠤᠰᠢᠭᠤᠬᠠᠨ | ᠰᠡᠷᠭᠦᠬᠡᠷᠡᠢ︾ ᠬᠡᠵᠤ ᠰᠠᠨᠠᠨ ᠰᠠᠨᠠᠨ ᠶᠠᠷᠢᠵᠤ ᠪᠠᠶᠢᠨ᠎ᠠ᠃ ᠪᠢ ᠴᠦ ᠨᠠᠮ᠎ᠠ ᠶᠢ ᠠᠪᠴᠢᠷᠠᠭᠰᠠᠨ ᠣᠬᠠᠭᠠᠨ ᠢ ᠨᠢ | ᠣᠶᠢᠯᠠᠭᠠᠯ᠎ᠠ᠃ | ᠪᠢ ᠪᠢᠴᠢᠬᠠᠨ ᠬᠡᠤᠬᠡᠨ ᠢ ᠲᠠᠭᠤᠲᠠᠨ ᠰᠡᠷᠭᠦᠬᠡᠬᠦ ᠪᠠᠷ ᠰᠢᠷᠦᠬᠦᠨ ᠬᠡᠯᠡ ᠪᠠᠷ ᠢᠶᠠᠨ ᠭᠠᠷ ᠢ ᠨᠢ ᠲᠤᠯᠢᠶᠠᠯᠠ | ᠃ ᠨᠢᠬᠡ ᠴᠠᠭ᠂ ᠬᠤᠶᠠᠷ ᠴᠠᠭ᠂ ᠭᠤᠷᠪᠠᠨ ᠴᠠᠭ ᠁ ᠮᠢᠨᠤ ᠬᠡᠯᠡ ᠮᠢᠨᠴᠦᠬᠦᠷᠡᠵᠤ ᠬᠦᠰᠢᠬᠦ ᠰᠢᠬᠠᠯ᠎ᠠ ᠁ | ᠬᠡᠤᠬᠡᠨ ᠤ ᠭᠠᠷ ᠢᠲᠠᠪ ᠲᠠᠲᠠᠪ ᠬᠦᠲᠡᠯᠤᠯᠠ᠃ ᠪᠢ ᠭᠠᠪᠢᠶ᠎ᠠ ᠪᠠᠨ ᠲᠡᠮᠲᠡᠭᠯᠡᠬᠦ ᠪᠠᠷ ︽ᠮᠢᠶᠤᠤ ᠮᠢᠶᠤᠤ︾ ᠬᠡᠵᠤ | ᠡᠵᠢ ᠶᠢ ᠨᠢ ᠬᠠᠷᠠᠪᠠ᠃ ᠡᠵᠢ ᠨᠢ ᠲᠡᠷᠡ ᠪᠦᠬᠦᠨ ᠢ ᠨᠠᠲᠠ ᠠᠴᠠ ᠡᠮᠤᠨ᠎ᠠ ᠮᠡᠲᠡᠭᠰᠡᠨ ᠲᠦᠯᠦᠪᠲᠡᠢ ᠨᠢᠭᠤᠷ | ᠲᠦᠬᠦᠷᠡᠩ ᠮᠦᠰᠢᠶᠡᠲᠤ ᠲᠤᠲᠤᠷᠠᠭᠤᠯᠵᠤ ᠪᠠᠶᠢᠯ᠎ᠠ᠃ | ᠡᠮᠴᠢ ᠡᠨᠡ ᠵᠠᠭᠤᠨ ᠤ ᠬᠠᠴᠢᠨ ᠰᠤᠨᠢᠨ ᠢ ᠬᠠᠷᠠᠭᠰᠠᠨ ᠶᠤᠮ ᠰᠢᠭ᠋ ︽ᠬᠦᠰᠡᠯ ᠪᠤᠲᠤᠯ ᠤᠨ ᠪᠡᠶᠡᠯᠡᠯ ᠤᠨ | ᠭᠠᠶᠢᠬᠠᠮᠰᠢᠭ︾ ᠭᠡᠵᠤ ᠲᠡᠮᠲᠡᠭᠯᠡᠯ ᠳᠤ ᠪᠠᠨ ᠲᠤᠷᠠᠶᠢᠲᠠᠯᠠ ᠪᠢᠴᠢᠯ᠎ᠠ᠃ | ᠪᠢ ᠴᠦ ᠦᠪᠡᠷ ᠢ ᠪᠠᠨ ᠡᠶ᠎ᠡ ᠵᠤᠬᠢᠴᠠᠯ ᠦᠬᠡᠲᠡ ᠶᠤᠭᠤᠭᠰᠠᠨ ᠰᠢᠤ ᠬᠡᠵᠤ ᠵᠣᠷᠢᠭ ᠢᠶᠠᠨ ᠬᠦᠪᠴᠢᠯᠡᠯ᠎ᠡ᠃ | ※ ᠲᠤᠰ ᠵᠤᠬᠢᠶᠠᠯ ᠲᠦᠷᠪᠡᠲᠦᠬᠡᠷ ᠣᠲᠠᠭᠠᠨ ᠤ ᠨᠠᠢᠮᠠᠨ ᠰᠢᠷᠭ᠎ᠠ ᠵᠤᠬᠢᠶᠠᠯ ᠤᠨ | ᠣᠷᠣᠯᠲᠤᠭᠠᠨ ᠳᠤ ᠭᠤᠷᠪᠠᠲᠤᠭᠠᠷ ᠲᠡᠰ ᠤᠨ ᠱᠠᠩᠨᠠᠯ ᠬᠦᠷᠲᠡᠪᠡ᠃ | ᠵᠢᠯᠤᠭᠤᠲᠤᠭᠰᠠᠨ ᠪᠠᠭᠰᠢ — ᠡᠷᠲᠡᠨᠢᠴᠢᠮᠩ |