︽ᠲᠤᠩᠭᠠᠯᠠᠭ ᠲᠠᠮᠢᠷ︾ ᠬᠡᠮᠡᠬᠦ ᠷᠣᠮᠠᠨ ᠤ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2020/8/3
                        ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ  ᠪᠤᠯᠪᠠᠰᠤᠨ      ᠬᠦᠮᠦᠨ ᠤ ᠠᠮᠢᠳᠤᠷᠠᠯ ᠢ ᠨᠠᠪᠳᠠ ᠬᠠᠷᠠᠵᠤ᠂ ᠰᠡᠳᠬᠢᠯ ᠤᠨ ᠳᠦᠮᠡᠨ ᠡᠬᠡᠰᠢᠭ ᠠᠪᠢᠶ᠎ᠠ ᠶᠢ ᠨᠢᠭᠡᠳ ᠨᠢᠭᠡ ᠪᠠᠷ ᠰᠤᠩᠭᠤᠨ ᠢᠯᠭᠠᠵᠤ᠂ ᠵᠢᠷᠦᠬᠡᠨ ᠤ ᠳᠤᠰᠢᠶᠠᠯ ᠢᠶᠠᠷ ᠪᠢᠴᠢᠳᠡᠭ ᠬᠦᠮᠦᠨ ᠤ ᠦᠵᠦᠭ ᠳᠤᠤᠷ᠎ᠠ ᠠᠴᠠ ᠤᠷᠤᠰᠦᠨ ᠭᠠᠷᠤᠭᠰᠠᠨ《ᠳᠤᠩᠭᠠᠯᠠᠭ ᠳᠠᠮᠢᠷ︾ ᠢ ᠲᠠ ᠤᠩᠰᠢᠵᠦ ᠦᠩᠭᠡᠷᠡᠪᠡ ᠦᠦ︖      ᠲᠤᠰ ᠨᠤᠮ ᠢ ᠤᠩᠰᠢᠬᠤ ᠠᠴᠠ ᠡᠮᠤᠨ᠎ᠡ ᠪᠢ᠂ ᠭᠠᠷᠴᠠᠭ ᠢ ᠨᠢ ᠬᠠᠷᠠᠭᠠᠳ《ᠳᠠᠮᠢᠷ ᠤᠷᠠᠯᠢᠭ︾ ᠨᠢ ᠶᠠᠭᠠᠬᠢᠭᠠᠳ《ᠳᠤᠩᠭᠠᠯᠠᠭ ᠴᠡᠯᠮᠡᠭ︾ ᠪᠤᠯᠴᠢᠬᠠᠪᠠ ᠬᠡᠵᠦ ᠶᠡᠬᠡᠳᠡ ᠭᠠᠶᠢᠬᠠᠵᠤ ᠪᠠᠶᠢᠭᠰᠠᠨ᠃ ᠡᠨᠡᠬᠦ ᠠᠯᠳᠠᠷᠳᠦ ᠪᠦᠳᠦᠬᠡᠯ ᠢ ᠤᠩᠰᠢᠭᠠᠳ ᠰᠠᠶ᠋ᠢ ᠳᠠᠮᠢᠷ ᠤᠨ ᠭᠤᠤᠯ ᠢᠶᠠᠷ ᠳᠡᠪᠢᠰᠬᠡᠷ ᠪᠤᠯᠭᠠᠨ᠂ ᠬᠤᠷᠢᠳᠤᠭᠠᠷ ᠵᠠᠭᠤᠨ ᠤ ᠡᠬᠢᠨ ᠤ ᠮᠤᠩᠭᠤᠯ ᠤᠨ ᠠᠷᠠᠳ ᠳᠦᠮᠡᠨ ᠤ ᠠᠮᠢᠳᠦᠷᠡᠯ ᠳᠡᠮᠡᠴᠡᠯ ᠢ ᠪᠢᠴᠢᠭᠰᠡᠨ ᠶᠤᠮ ᠪᠠᠶᠢᠵᠠᠢ ᠬᠡᠳᠡᠭ ᠢ ᠤᠶᠢᠯᠠᠭᠠᠯ᠎ᠠ᠃      ᠵᠤᠬᠢᠶᠠᠭᠴᠢ ᠮᠤᠩᠭᠤᠯ ᠤᠨ ᠠᠷᠠᠳ ᠳᠦᠮᠡᠨ ᠢᠶᠠᠨ ᠠᠮᠢᠯᠠᠭᠤᠯᠤᠨ᠂ ᠮᠤᠩᠭᠤᠯ ᠡᠬᠡ ᠤᠷᠤᠨ ᠢᠶᠠᠨ ᠵᠢᠷᠤᠭᠯᠠᠨ ᠂ ᠮᠤᠩᠭᠤᠯ ᠦᠨᠳᠦᠰᠦᠳᠠᠨ ᠤ ᠳᠡᠦᠬᠡ ᠰᠤᠶᠤᠯ ᠠᠮᠢᠳᠤᠷᠠᠯ ᠳᠡᠮᠡᠴᠠᠯ ᠢ ᠪᠢᠴᠢᠬᠦ ᠪᠠᠷ ᠳᠠᠮᠵᠢᠭᠤᠯᠵᠤ᠂ ᠮᠤᠩᠭᠤᠯ ᠬᠦᠮᠦᠨ ᠤ ᠡᠬᠡ ᠤᠷᠤᠨ ᠢᠶᠠᠨ ᠬᠡᠰᠡᠨ ᠡᠷᠳᠡᠨᠢ ᠶᠢᠨ ᠰᠠᠶᠢᠬᠠᠨ ᠦᠵᠡᠯ ᠪᠤᠳᠤᠯ᠂ ᠮᠤᠬᠤᠰᠢ ᠦᠬᠡᠢ᠂ ᠨᠤᠭᠤᠷᠠᠰᠢ ᠦᠬᠡᠢ᠂ ᠬᠤᠭᠤᠷᠠᠰᠢ ᠦᠬᠡᠢ ᠵᠤᠷᠢᠭ ᠰᠠᠨᠠᠭ᠎ᠠ ᠶᠢ ᠳᠡᠬᠡᠳᠦᠯᠡᠨ ᠡᠷᠬᠦᠵᠦ ᠭᠠᠷᠭᠠᠭᠰᠠᠨ ᠪᠦᠬᠡᠳ ᠮᠤᠩᠭᠤᠯ ᠤᠷᠤᠨ ᠤ ᠢᠷᠡᠬᠡᠳᠦᠢ᠂ ᠬᠡᠵᠢᠶᠡᠳᠡ ᠮᠤᠩᠭᠤᠯ ᠬᠦᠮᠦᠨ ᠤ ᠭᠠᠷ ᠲᠤ ᠪᠠᠶᠢᠵᠤ᠂ ᠡᠬᠦᠷᠢᠳᠡ ᠬᠡᠬᠡᠨ ᠰᠠᠷᠠᠭᠤᠯ ᠪᠠᠶᠢᠬᠤ ᠪᠤᠯᠤᠨ᠎ᠠ ᠬᠡᠳᠡᠭ ᠢ ᠢᠯᠡᠳᠬᠡᠨ ᠭᠠᠷᠭᠠᠪᠠ᠃      ᠴ᠊᠂ ᠯᠤᠳᠤᠶᠢᠳᠠᠮᠪᠠ᠂ ᠡᠷᠳᠡᠨᠢ ᠶᠢᠨ ᠳᠦᠷᠢ ᠪᠠᠷ ᠠᠪᠤ ᠪᠠᠨ ᠮᠦᠩᠬᠡᠵᠢᠬᠦᠯᠬᠦ ᠪᠠᠷ ᠵᠤᠷᠢᠵᠦ᠂ ᠠᠴᠢᠳᠤ ᠡᠴᠢᠬᠡ ᠶᠢᠨ ᠢᠶᠠᠨ ᠳᠤᠷᠠᠰᠬᠠᠯ ᠳᠤ ᠵᠤᠷᠢᠭᠤᠯᠤᠨ《ᠳᠤᠩᠭᠠᠯᠠᠭ ᠳᠠᠮᠢᠷ︾ ᠢ ᠪᠢᠴᠢᠭᠰᠡᠨ ᠨᠢ ᠦᠨᠡᠨ ᠲᠠᠢ᠃ ᠠᠪᠤ ᠡᠵᠢ ᠪᠠᠨ ᠬᠠᠶᠢᠷᠠᠯᠠᠳᠠᠭ ᠬᠦᠮᠦᠨ ᠰᠠᠶ᠋ᠢ ᠠᠷᠠᠳ ᠳᠦᠮᠡᠨ ᠢᠶᠠᠨ ᠬᠠᠶᠢᠷᠠᠯᠠᠳᠠᠭ᠂ ᠦᠰᠦᠭᠰᠡᠨ ᠨᠤᠳᠤᠭ ᠢᠶᠠᠨ ᠬᠠᠶᠢᠷᠠᠯᠠᠭᠰᠠᠨ ᠬᠦᠮᠦᠨ ᠰᠠᠶ᠋ᠢ ᠦᠷᠬᠡᠨ ᠶᠡᠭᠡ ᠮᠤᠩᠭᠤᠯ ᠡᠬᠡ ᠤᠷᠤᠨ ᠢᠶᠠᠨ ᠬᠠᠶᠢᠷᠠᠯᠠᠵᠤ ᠴᠢᠳᠠᠳᠠᠭ᠃《ᠰᠢᠬᠢᠷ᠎ᠠ ᠳᠤᠯᠤᠭᠠᠢ ᠲᠠᠢ ᠲᠤᠭᠤᠭ᠎ᠠ ᠲᠦᠬᠦᠷᠴᠦ᠂ ᠰᠠᠶᠢᠨ ᠮᠠᠭᠤ ᠲᠠᠢ ᠬᠡᠷ ᠳᠦᠬᠦᠷᠦᠨ᠎ᠡ︾ ᠬᠡᠭᠴᠢ ᠪᠠᠷ᠂ ᠶᠠᠩᠵᠦ ᠪᠦᠷᠢ  ᠶᠢᠨ ᠮᠤᠩᠭᠤᠯ ᠬᠦᠮᠦᠨ — ᠮᠤᠩᠭᠤᠯ ᠤᠨ ᠠᠷᠠᠳ ᠳᠦᠮᠡᠨ ᠤ ᠳᠦᠷᠢ ᠶᠢ ᠭᠤᠤᠯᠳᠠᠯᠭ᠎ᠠ ᠪᠤᠯᠭᠠᠨ ᠨᠢᠳᠦᠨ ᠳᠤ ᠦᠵᠡᠭᠳᠡᠵᠦ᠂ ᠰᠡᠳᠬᠢᠯ ᠳᠤ ᠪᠠᠭᠤᠳᠠᠯ᠎ᠠ ᠤᠷᠠᠯᠠᠵᠤ ᠴᠢᠳᠠᠵᠠᠢ᠃      ᠶᠠᠳᠠᠭᠤ ᠵᠠᠷᠤᠴᠠ ᠠᠴᠠ ᠪᠠᠨ ᠤᠬᠠᠮᠰᠠᠷᠳᠠᠢ ᠬᠤᠪᠢᠰᠬᠠᠯᠴᠢ ᠪᠤᠯᠤᠭᠰᠠᠨ᠂ ᠵᠤᠪᠠᠭᠰᠠᠨ ᠮᠤᠩᠭᠤᠯ ᠤᠷᠤᠨ ᠤ  ᠪᠠᠨ ᠳᠦᠯᠦᠬᠡ ᠡᠴᠡᠵᠦ ᠶᠠᠳᠠᠷᠠᠬᠤ ᠶᠢ ᠮᠡᠳᠡᠳᠡᠭ ᠦᠬᠡᠢ᠂ ᠡᠷᠡᠯᠬᠡᠭ ᠵᠤᠷᠢᠭ ᠲᠠᠢ᠂ ᠰᠢᠨᠳᠠᠷᠠᠰᠢ ᠦᠬᠡᠢ ᠰᠠᠶᠢᠨ ᠡᠷ᠎ᠡ  — ᠡᠷᠳᠡᠨᠢ᠃ ᠠᠯᠢ ᠴᠦ ᠨᠠᠶᠢᠬᠡᠮ ᠤᠨ ᠶᠠᠮᠠᠷ ᠦᠶ᠎ᠡ ᠳᠤ ᠴᠦ᠂ ᠳᠡᠮᠡᠴᠡᠯ ᠳᠤᠯᠤᠯᠳᠤᠭᠠᠨ ᠤ ᠶᠠᠮᠠᠷ ᠴᠦ ᠪᠤᠳᠤᠯᠢᠶᠠᠨᠳᠠᠢ ᠰᠢᠷᠤᠬᠦᠨ ᠴᠠᠭ ᠲᠤ᠂ ᠪᠠᠶᠢᠳᠠᠯ ᠢ ᠨᠠᠷᠢᠨ ᠠᠵᠢᠭᠯᠠᠵᠤ᠂ ᠠᠮᠢ ᠪᠠᠨ ᠠᠷᠭᠠᠯᠠᠵᠤ ᠠᠶᠠᠳᠠᠶᠢᠬᠠᠨ ᠠᠮᠢᠳᠤᠷᠠᠵᠤ ᠴᠢᠳᠠᠳᠠᠭ᠂ ᠶᠠᠭᠤᠮᠠᠨ ᠤ ᠡᠪ ᠢ ᠤᠯᠬᠤ ᠠᠪᠬᠠᠯᠵᠢ ᠲᠠᠢ ᠬᠦᠮᠦᠨ — ᠢᠳᠡᠬᠡᠯᠳᠦ᠃《ᠰᠢᠯᠢ ᠶᠢᠨ ᠰᠠᠶᠢᠨ ᠡᠷ᠎ᠡ》 ᠶᠢᠨ ᠵᠠᠮ ᠢᠶᠠᠷ ᠶᠠᠪᠤᠵᠤ ᠦᠩᠭᠡᠷᠡᠭᠰᠡᠨ᠂ ᠰᠢᠨ᠎ᠡ ᠴᠠᠭ ᠲᠤ ᠰᠠᠶᠢᠨ ᠮᠠᠯᠴᠢᠨ ᠪᠤᠯᠤᠭᠰᠠᠨ《 ᠮᠤᠷᠢᠨ  ᠤ ᠰᠠᠶᠢᠨ ᠢ ᠬᠠᠷᠠᠩᠭᠤᠳᠠ ᠳᠠᠨᠢᠳᠠᠭ᠂ ᠰᠠᠨᠠᠭ᠎ᠠ ᠨᠢ ᠰᠦ ᠰᠢᠭ᠂ ᠴᠢᠳᠠᠯ ᠨᠢ ᠬᠤᠯᠠᠨ ᠰᠢᠭ᠋᠂ ᠳᠤᠯᠤᠭᠠᠨ ᠬᠤᠨᠤᠭ  ᠤᠨ ᠦᠯ ᠢ ᠳᠠᠭᠤᠯᠠᠵᠤ ᠪᠠᠶᠢᠭᠠᠳ ᠳᠠᠪᠠᠳᠠᠭ᠂ ᠳᠠᠯᠠᠨ ᠦᠷᠳᠡᠭᠡ ᠭᠠᠵᠠᠷ ᠢ ᠳᠦᠷᠦᠬᠡᠨ ᠳᠡᠬᠡᠷ᠎ᠡ ᠪᠠᠨ ᠳᠤᠭᠤᠯᠳᠠᠭ》 ᠬᠠᠳᠠᠭᠤ ᠵᠤᠷᠢᠭ ᠲᠠᠢ᠂ ᠨᠢᠩᠵᠢᠨ ᠰᠡᠳᠬᠢᠯ ᠲᠠᠢ — ᠴᠠᠬᠢᠭᠤᠷ ᠳᠡᠮᠤᠷ᠃ ᠨᠡᠶᠢᠬᠡᠮ ᠤᠨ ᠬᠠᠷᠠᠩᠭᠤᠢ᠂ ᠪᠤᠷᠬᠠᠨ ᠱᠠᠰᠢᠨ ᠤ ᠨᠤᠮᠯᠠᠯ ᠳᠤ ᠳᠤᠷᠤᠶᠢᠳᠠᠨ ᠮᠠᠩᠰᠢᠭᠤᠷᠠᠵᠤ  ᠂ ᠬᠤᠪᠢ ᠵᠠᠶᠠᠭ᠎ᠠ ᠪᠠᠨ ᠬᠤᠶᠢᠳᠦ ᠳᠦᠷᠦᠯ ᠳᠤ ᠪᠠᠨ ᠳᠠᠭᠠᠳᠬᠠᠵᠤ ᠶᠠᠪᠤᠭ᠎ᠠ — ᠬᠡᠰᠢᠭᠳᠦ᠂ ᠳᠤᠯᠵᠢᠨ ᠨᠠᠷ᠃ ᠬᠠᠳᠠᠭᠤ ᠠᠮᠢᠳᠦᠷᠠᠯ ᠢ ᠬᠠᠮᠳᠦ ᠳᠤᠭᠤᠯᠵᠤ᠂ ᠬᠠᠷᠢᠯᠴᠠᠨ ᠨᠢᠬᠡᠨ ᠢᠶᠠᠨ ᠬᠡᠴᠡᠬᠦᠦ ᠭᠤᠮᠤᠳᠠᠭᠠᠵᠤ ᠪᠠᠶᠢᠭᠰᠠᠨ ᠴᠦ᠂ ᠬᠠᠶᠢᠷ᠎ᠠ ᠰᠡᠳᠬᠢᠯ ᠨᠢ ᠴᠡᠷᠴᠡᠵᠦ ᠪᠦᠷ ᠠᠯᠠᠭ᠎ᠠ ᠪᠤᠯᠤᠭ᠎ᠠ ᠦᠬᠡᠢ᠂ ᠡᠷᠳᠡᠨᠢ ᠶᠢᠨ ᠠᠮᠢ ᠲᠠᠢ ᠬᠤᠯᠪᠤᠭᠳᠠᠭᠰᠠᠨ ᠵᠠᠩᠭᠢᠯᠠᠭ᠎ᠠ ᠶᠢᠨ ᠴᠠᠭ ᠦᠶ᠎ᠡ ᠳᠤ ᠦᠨᠡᠨ ᠬᠠᠶᠢᠷ᠎ᠠ᠂ ᠶᠡᠭᠡ ᠵᠤᠷᠢᠭ᠂ ᠨᠢᠩᠵᠢᠨ ᠰᠡᠳᠬᠢᠯ ᠢᠶᠠᠷ ᠢᠶᠠᠨ ᠠᠮᠢ ᠪᠠᠨ ᠰᠤᠯᠢᠨ ᠦᠷᠡᠭᠳᠡᠵᠦ ᠪᠠᠶᠢᠭ᠎ᠠ ᠬᠠᠶᠢᠷᠠᠯᠠᠯᠳᠠᠢ ᠳᠦᠷᠢ ᠳᠤᠯᠭᠠᠷ᠃ ᠦᠬᠡ ᠳᠠᠭᠤᠨ ᠴᠦᠬᠡᠨ ᠴᠦ ᠡᠷ᠎ᠡ ᠨᠦᠬᠦᠷ ᠲᠤ ᠪᠠᠨ ᠦᠨᠡᠨᠴᠢ᠂ ᠦᠷ᠎ᠡ ᠬᠡᠦᠬᠡᠳ ᠲᠤ ᠪᠠᠨ ᠬᠠᠶᠢᠷᠠᠳᠠᠢ᠂ ᠠᠮᠢᠳᠤᠷᠠᠯ ᠳᠤ ᠪᠠᠨ ᠢᠳᠡᠬᠡᠯᠳᠡᠢ᠂《ᠤᠬᠠᠭᠠᠨ ᠰᠠᠮᠪᠠᠭ᠎ᠠ᠂ ᠵᠤᠷᠢᠭ ᠵᠢᠷᠦᠬᠡ᠂ ᠭᠤᠸ᠎ᠠ ᠦᠵᠡᠰᠬᠦᠯᠡᠩ》 ᠪᠦᠷᠢᠳᠦᠭᠰᠡᠨ ᠮᠤᠩᠭᠤᠯ ᠪᠦᠰᠡᠬᠦᠢ — ᠳᠤᠯᠮ᠎ᠠ᠃ ᠮᠤᠩᠭᠤᠯ ᠬᠦᠮᠦᠨ ᠤ ᠠᠮᠠᠨ ᠤᠷᠠᠯᠢᠭ  ᠢ ᠭᠠᠶᠢᠬᠠᠭᠤᠯᠤᠭᠰᠠᠨ᠂ ᠠᠷᠢᠬᠢᠨ ᠳᠤ ᠳᠤᠷᠠᠳᠠᠢ ᠴᠦ ᠬᠡᠷᠰᠡᠦ ᠳᠤᠮᠤᠭᠠᠳᠠᠢ — ᠨᠢᠮ᠎ᠠ ᠡᠪᠤᠬᠡᠨ᠃ ᠮᠤᠯᠤᠷ ᠡᠷᠳᠡᠨᠢ ᠪᠤᠯᠤᠭᠰᠠᠨ ᠮᠤᠷᠢᠨ ᠤ ᠪᠠᠨ ᠡᠷᠳᠡᠮ ᠳᠤ ᠴᠠᠭᠠᠷᠠᠭᠰᠠᠨ᠂ ᠦᠯᠡᠮᠵᠢ ᠰᠠᠶᠢᠬᠠᠨ ᠰᠡᠳᠬᠢᠯ ᠲᠠᠢ ᠴᠦ ᠲᠦᠬᠡᠷᠢᠵᠦ ᠪᠤᠳᠤᠯᠢᠭᠰᠠᠨ — ᠬᠤᠩᠭᠤᠷ ᠵᠠᠯᠠᠭᠤ᠃ ᠰᠢᠨ᠎ᠡ ᠨᠡᠶᠢᠬᠡᠮ ᠢ ᠪᠠᠶᠢᠭᠤᠯᠵᠤ᠂ ᠰᠢᠨᠵᠢᠯᠡᠬᠦ ᠤᠬᠠᠭᠠᠨ ᠢ ᠡᠵᠡᠮᠰᠢᠬᠦ ᠬᠤᠪᠢ ᠵᠠᠶᠠᠭ᠎ᠠ ᠶᠢ ᠳᠡᠦᠬᠡ ᠶᠢᠨ ᠶᠤᠰᠤᠭᠠᠷ ᠬᠦᠯᠢᠶᠡᠵᠦ ᠠᠪᠤᠭᠰᠠ ᠪᠠᠳᠤ ᠵᠢᠷᠭᠠᠯ ᠨᠠᠷ ᠁      ᠬᠤᠯᠠᠭᠠᠶᠢᠴᠢ ᠳᠦᠭᠵᠢᠯ᠂ ᠬᠡᠷᠴᠡᠬᠡᠢ ᠪᠠᠳᠠᠷᠴᠢ᠃ ᠬᠦᠴᠦᠷᠬᠡᠭ ᠠᠴᠠ ᠠᠶᠤᠵᠤ ᠪᠠᠭᠤᠷᠠᠢ ᠶᠢ ᠳᠠᠷᠤᠯᠠᠳᠠᠭ — ᠫᠦᠷᠪᠤ ᠳᠠᠶᠢᠵᠢ᠂ ᠬᠦᠮᠦᠨ ᠴᠢᠨᠠᠷ ᠦᠬᠡᠢ ᠪᠢᠯᠳᠠᠦᠴᠢ ᠠᠮᠢᠳᠠᠨ — ᠳᠤᠪᠴᠢᠨ ᠪᠠᠶᠢᠰᠠ᠃      ᠡᠳᠡᠬᠡᠷ ᠪᠤᠯ ᠮᠤᠩᠭᠤᠯ ᠠᠷᠠᠳ ᠳᠦᠮᠡᠨ ᠤ ᠠᠮᠢᠳᠦ ᠪᠤᠰᠤᠭ᠎ᠠ ᠳᠦᠷᠢ ᠨᠦᠬᠦᠳ ᠪᠤᠯᠤᠨ᠎ᠠ᠃ ᠮᠦᠨ ᠴᠦ ᠬᠤᠷᠸ᠎ᠠ ᠶᠢᠨ ᠵᠢᠮ᠎ᠠ ᠶᠤᠰᠤ᠂ ᠬᠤᠪᠢ ᠵᠠᠶᠠᠭᠠᠨ ᠤ ᠡᠷᠬᠡ ᠪᠠᠷ ᠵᠦᠢᠯ ᠪᠦᠷᠢ ᠶᠢᠨ ᠳᠦᠷᠢ ᠶᠢ ᠳᠤᠭᠯᠠᠵᠤ᠂ ᠬᠦᠬᠡᠷᠦᠬᠦᠢ ᠮᠤᠩᠭᠤᠯ ᠠᠷᠠᠳ ᠳᠦᠮᠡᠨ ᠤ ᠳᠦᠷᠢ ᠶᠢ ᠪᠦᠳᠦᠬᠡᠭᠰᠡᠨ ᠪᠠᠶᠢᠳᠠᠭ᠃ ᠡᠳᠡᠬᠡᠷ ᠬᠦᠮᠦᠰ ᠡᠷᠬᠡ ᠴᠢᠯᠦᠬᠡ ᠢᠯᠡᠯᠳᠡ ᠶᠢᠨ ᠢᠶᠠᠨ ᠳᠦᠯᠦᠬᠡ ᠭᠠᠪᠰᠢᠭᠠᠶᠢᠯᠠᠨ ᠳᠠᠮᠠᠴᠠᠵᠦ᠂ ᠳᠤᠳᠤᠷ᠎ᠠ ᠪᠠᠨ ᠳᠠᠷᠤᠯᠠᠯ ᠦᠬᠡᠢ᠂ ᠭᠠᠳᠠᠨ᠎ᠠ ᠪᠠᠨ ᠳᠦᠷᠢᠮᠡᠬᠡᠶᠢᠯᠡᠯ ᠦᠬᠡᠢ ᠡᠷᠬᠡ ᠳᠡᠭᠰᠢ ᠨᠡᠶᠢᠬᠡᠮ ᠢ ᠤᠭᠳᠤᠨ ᠠᠪᠴᠢᠷᠠᠵᠦ᠂ ᠬᠤᠪᠢ ᠵᠠᠶᠠᠭ᠎ᠠ ᠪᠠᠨ ᠦᠬᠡᠷᠡᠴᠢᠯᠡᠨ᠂ ᠬᠤᠵᠢᠮ ᠢᠷᠡᠬᠡᠳᠦᠢ ᠪᠠᠨ ᠴᠤᠭᠴᠠᠯᠠᠵᠦ ᠪᠠᠶᠢᠭ᠎ᠠ ᠶᠤᠮ᠃      ᠯᠤᠳᠤᠶᠢᠳᠠᠮᠪᠠ᠂ ᠮᠤᠩᠭᠤᠯ ᠡᠬᠡ ᠤᠷᠤᠨ ᠤ ᠦᠩᠭᠡ ᠦᠵᠡᠮᠵᠢ — ᠳᠠᠶᠢᠰᠢᠷᠢ ᠬᠠᠨ᠂ ᠳᠠᠷᠯᠠᠨ ᠬᠠᠶᠢᠷᠬᠠᠨ᠂ ᠰᠢᠯᠢ ᠶᠢᠨ ᠪᠤᠭᠳᠠ᠂ ᠳᠤᠩᠭᠠᠯᠠᠭ ᠳᠠᠮᠢᠷ ᠁ ᠠᠭᠤᠯᠠ ᠳᠠᠯ᠎ᠠ᠂ ᠤᠰᠤ ᠮᠦᠷᠡᠨ᠂ ᠳᠡᠭᠷᠢ ᠭᠠᠵᠠᠷ᠂ ᠬᠦᠳᠡᠭᠡ ᠨᠤᠳᠤᠭ᠂ ᠰᠦᠮ᠎ᠠ ᠤᠳᠤᠷ᠂ ᠵᠢᠯ ᠤᠨ ᠳᠦᠷᠪᠡᠨ ᠤᠯᠠᠷᠢᠯ᠂ ᠦᠷᠯᠦᠬᠡ ᠦᠳᠡ ᠤᠷᠦᠢ ᠠᠳᠠᠯᠢ ᠪᠤᠰᠤ ᠴᠠᠭ ᠲᠤ᠂ ᠠᠳᠠᠯᠢ ᠪᠤᠰᠦ ᠶᠢᠨ ᠬᠠᠷᠠᠭᠠᠰᠤ ᠪᠠᠷ ᠳᠦᠷᠰᠦᠯᠡᠨ ᠪᠢᠴᠢᠵᠦ᠂ ᠮᠤᠩᠭᠤᠯ ᠤᠷᠤᠨ ᠤ ᠦᠨᠴᠦᠭ ᠪᠤᠯᠤᠩ ᠪᠦᠷᠢ ᠶᠢᠨ ᠪᠠᠶᠢᠳᠠᠯ ᠢ ᠬᠠᠷᠠᠭᠠᠨ ᠳᠤ ᠳᠤᠳᠤᠷᠠᠳᠠᠯ᠎ᠠ ᠵᠢᠷᠤᠭᠯᠠᠭᠰᠠᠨ ᠪᠠᠶᠢᠳᠠᠭ᠃      ᠵᠤᠬᠢᠶᠠᠭᠴᠢ ᠷᠤᠮᠠᠨ ᠤ ᠪᠠᠨ ᠪᠦᠯᠦᠭ ᠪᠦᠷᠢ ᠶᠢ ᠪᠠᠶ᠎ᠠ ᠪᠠᠨ ᠳᠠᠭᠠᠭᠠᠭᠰᠠᠨ ᠵᠤᠬᠢᠶᠠᠯ ᠰᠢᠭ᠋ ᠪᠤᠯᠭᠠᠵᠤ ᠴᠢᠳᠠᠭᠰᠠᠨ ᠢᠶᠠᠷ ᠪᠠᠷᠠᠬᠤ ᠦᠬᠡᠢ᠂ ᠪᠦᠯᠦᠭ ᠤᠨ ᠳᠤᠳᠤᠷ᠎ᠠ ᠭᠠᠷᠬᠤ ᠵᠦᠢᠯ ᠪᠦᠷᠢ ᠳᠡᠬᠡᠷ᠎ᠡ ᠶᠠᠮᠠᠷ ᠨᠢᠬᠡᠨ ᠰᠤᠨᠢᠬᠠᠨ ᠦᠢᠯᠡ ᠶᠠᠪᠤᠳᠠᠯ ᠭᠠᠷᠭᠠᠨ᠂ ᠤᠳᠬ᠎ᠠ ᠰᠠᠨᠠᠭ᠎ᠠ ᠪᠠᠨ ᠨᠠᠪᠳᠠᠷᠠᠬᠦᠯᠵᠡᠢ᠃ ᠬᠡᠬᠦ ᠳᠤ ᠪᠠᠨ ᠪᠦᠬᠦᠶᠢᠯᠡ ᠷᠤᠮᠠᠨ ᠳᠠᠬᠦᠰᠦᠨ ᠳᠡᠬᠦᠰᠳᠡᠯ᠎ᠡ ᠪᠠᠨ ᠤᠳᠤ ᠴᠠᠭᠠᠰᠢ ᠨᠢ ᠶᠠᠭᠤ ᠪᠤᠯᠳᠠᠭ ᠪᠤᠯ ᠬᠡᠰᠡᠨ ᠰᠤᠨᠢᠷᠬᠠᠯ ᠢ ᠳᠦᠷᠦᠬᠦᠯᠡᠭᠰᠡᠨ ᠪᠠᠶᠢᠳᠠᠭ᠃ ᠬᠡᠳᠦᠶᠢᠪᠡᠷ ᠪᠦᠯᠦᠭ ᠪᠦᠷᠢ ᠨᠢ ᠪᠡᠶ᠎ᠡ ᠪᠠᠨ ᠳᠠᠭᠠᠭᠠᠭᠰᠠᠨ ᠶᠠᠩᠵᠦ ᠲᠠᠢ ᠪᠤᠯᠪᠠᠴᠤ ᠪᠦᠬᠦ ᠷᠤᠮᠠᠨ ᠰᠠᠯᠤᠩᠭᠢᠳᠠ ᠪᠤᠯᠤᠭᠰᠠᠨ ᠦᠬᠡᠢ᠂ ᠢᠮᠠᠭᠳᠠ ᠨᠢᠬᠡᠨ ᠵᠦᠢᠯ ᠦᠷᠬᠦᠯᠵᠢᠯᠡᠵᠦ ᠪᠠᠶᠢᠭ᠎ᠠ ᠶᠤᠮ ᠰᠢᠭ᠋ ᠤᠳᠬ᠎ᠠ ᠰᠠᠨᠠᠭ᠎ᠠ  ᠪᠠᠨ ᠬᠠᠳᠠᠭᠠᠯᠠᠨ ᠪᠠᠶᠢᠭᠰᠠᠭᠠᠷ ᠡᠴᠦᠰ ᠲᠤ ᠪᠠᠨ ᠭᠤᠤᠯ ᠰᠠᠨᠠᠭ᠎ᠠ ᠪᠠᠨ ᠭᠠᠷᠭᠠᠭᠰᠠᠨ ᠪᠠᠶᠢᠳᠠᠭ᠃ ᠯᠤᠳᠤᠶᠢᠳᠠᠮᠪᠠ ᠢᠩᠭᠢᠵᠦ ᠬᠡᠯᠡᠨ ᠤ ᠳᠠᠷᠬᠠᠨ ᠠᠪᠤᠷᠭᠤ ᠬᠡᠳᠡᠭ ᠢᠶᠠᠨ《ᠳᠤᠩᠭᠠᠯᠠᠭ ᠳᠠᠮᠢᠷ》 ᠢᠶᠠᠷ ᠢᠶᠠᠨ ᠳᠡᠦᠬᠡ ᠰᠤᠳᠤᠷ ᠲᠤ ᠳᠡᠮᠳᠡᠭᠯᠡᠵᠦ ᠳᠠᠯᠪᠢᠭᠰᠠᠨ ᠪᠠᠶᠢᠨ᠎ᠠ᠃      ᠳᠡᠯᠡᠬᠡᠢ ᠶᠢᠨ ᠪᠦᠮᠪᠦᠷᠴᠡᠭ ᠳᠡᠬᠡᠷᠡᠬᠢ《ᠭᠠᠩ ᠬᠠᠭᠤᠷᠠᠢ᠂ ᠬᠠᠬᠢᠷ ᠬᠦᠢᠳᠡᠨ᠂ ᠳᠠᠴᠢᠷ ᠨᠢᠮᠬᠡᠨ》 ᠭᠤᠷᠪᠠᠨ ᠪᠠᠶᠢᠭᠠᠯᠢ ᠶᠢᠨ ᠨᠦᠬᠦᠴᠡᠯ ᠵᠡᠷᠬᠡ ᠪᠠᠷ ᠳᠠᠪᠬᠤᠴᠠᠭᠰᠠᠨ ᠠᠮᠢ ᠠᠬᠤᠢ ᠬᠡᠪᠡᠷᠡᠭ ᠪᠠᠭᠤᠷᠠᠢ ᠮᠤᠩᠭᠤᠯ ᠡᠬᠡ ᠤᠷᠤᠨ  ᠢᠶᠠᠨ ᠮᠠᠨ ᠤ ᠠᠷᠠᠳ ᠳᠦᠮᠡᠨ᠂ ᠯᠤᠳᠤᠶᠢᠳᠠᠮᠪᠠ ᠶᠢᠨ ᠪᠢᠴᠢᠭᠰᠡᠨ ᠰᠢᠭ᠂ ᠬᠦᠰᠡᠭᠰᠡᠨ ᠰᠢᠭ ᠤᠳᠤᠬᠢ ᠳᠡᠯᠡᠬᠡᠢ ᠶᠢᠷᠳᠢᠨᠴᠦ ᠳᠠᠬᠢ ᠬᠠᠮᠤᠭ ᠤᠨ ᠭᠤᠶᠤ ᠤᠩᠭᠤᠨ ᠳᠦᠷᠬᠦ ᠲᠠᠢ ᠳᠠᠩᠰᠤᠭ ᠰᠠᠶᠢᠬᠠᠨ ᠦᠩᠭᠡ ᠦᠵᠡᠮᠵᠢ ᠪᠠᠷ ᠨᠢ ᠦᠨᠦ ᠡᠳᠦᠷ ᠲᠤ ᠬᠦᠷᠳᠡᠯ᠎ᠡ ᠬᠠᠮᠠᠭᠠᠯᠠᠨ ᠬᠦᠭᠵᠢᠬᠦᠯᠵᠦ᠂ ᠡᠳᠦᠷ ᠰᠦᠨᠢ ᠦᠬᠡᠢ ᠬᠠᠶᠢᠷᠠᠯᠠᠨ ᠰᠠᠬᠢᠭᠰᠠᠭᠠᠷ ᠪᠤᠢ᠃      ᠵᠤᠬᠢᠶᠠᠭᠴᠢ ᠶᠢᠨ ᠦᠨᠳᠦᠰᠦᠳᠠᠨ ᠡᠬᠡ ᠤᠷᠤᠨ ᠢᠶᠠᠨ ᠬᠡᠰᠡᠨ ᠬᠠᠶᠢᠷ᠎ᠠ ᠰᠡᠳᠬᠢᠯᠬᠡ᠂ ᠳᠡᠦᠬᠡ ᠨᠡᠶᠢᠬᠡᠮ ᠤᠨ ᠳᠤᠬᠠᠢ ᠦᠷᠬᠡᠨ ᠮᠡᠳᠡᠯᠬᠡ᠂ ᠤᠷᠠᠨ ᠪᠦᠳᠦᠬᠡᠯ ᠢᠶᠠᠨ ᠠᠮᠢᠯᠠᠭᠤᠯᠬᠤ ᠬᠡᠰᠡᠨ ᠰᠢᠷᠭᠠᠭᠤ ᠴᠢᠷᠮᠠᠶᠢᠯᠭ᠎ᠠ ᠠᠴᠠ ᠲᠤᠯᠭᠠᠭᠤᠷᠢᠯᠠᠨ ᠪᠤᠰᠤᠭᠰᠠᠨ ︽ᠳᠤᠩᠭᠠᠯᠠᠭ ᠳᠠᠮᠢᠷ︾ ᠨᠢ ᠬᠦᠳᠦᠰᠦᠨ ᠳᠠᠪᠡᠯ ᠲᠠᠢ ᠮᠤᠩᠭᠤᠯ ᠠᠷᠠᠳ ᠳᠦᠮᠡᠨ᠂ ᠬᠦᠬᠡᠷᠡᠨ ᠬᠠᠷᠠᠭᠳᠠᠬᠤ ᠮᠤᠩᠭᠤᠯ ᠡᠬᠡ ᠤᠷᠤᠨ ᠢᠶᠠᠨ ᠴᠠᠭᠠᠨ ᠴᠠᠭᠠᠰᠤ ᠬᠦᠬᠡ ᠳᠡᠪᠳᠡᠷ ᠲᠤ ᠠᠮᠢᠯᠠᠭᠤᠯᠤᠨ ᠬᠠᠳᠠᠭᠠᠯᠠᠭᠰᠠᠨ ᠤᠩᠰᠢᠵᠦ ᠶᠡᠷᠦ ᠬᠠᠩᠬᠤ ᠦᠬᠡᠢ᠂ ᠤᠬᠠᠵᠤ ᠶᠡᠷᠦ ᠪᠠᠷᠠᠬᠤ ᠦᠬᠡᠢ᠂ ᠵᠢᠩᠬᠢᠨᠢ ᠮᠤᠩᠭᠤᠯ ᠤᠳᠬ᠎ᠠ ᠵᠤᠬᠢᠶᠠᠯ᠂ ᠵᠢᠷᠦᠬᠡ ᠰᠡᠳᠬᠢᠯ ᠤᠨ ᠬᠢᠨᠢ ᠢᠷᠠᠭᠤ ᠡᠬᠡᠰᠢᠭᠯᠡᠯ ᠪᠤᠯᠤᠨ᠎ᠠ᠃      ᠮᠤᠩᠭᠤᠯ ᠨᠤᠮ ᠢᠶᠠᠨ ᠳᠡᠬᠡᠳᠦᠯᠡᠨ ᠤᠩᠰᠢᠶ᠎ᠠ︕ ᠭᠤᠯᠤᠮᠳᠠ ᠶᠢᠨ ᠭᠠᠯ ᠰᠢᠭ᠋ ᠢᠶᠠᠨ ᠦᠪᠯᠡᠵᠦ ᠦᠯᠡᠳᠡᠭᠡᠭᠰᠡᠨ ᠡᠬᠡ ᠬᠡᠯᠨ ᠪᠠᠷ ᠢᠶᠠᠨ ᠪᠢᠴᠢᠭᠳᠡᠭᠰᠡᠨ ᠨᠤᠮ ᠵᠤᠬᠢᠶᠠᠯ ᠢᠶᠠᠨ ᠢᠯᠡᠬᠦᠬᠡᠨ ᠤᠩᠰᠢᠵᠠᠭᠠᠶ᠎ᠠ︕                         ※ ᠲᠤᠰ ᠵᠤᠬᠢᠶᠠᠯ ᠲᠠᠪᠤᠲᠤᠭᠠᠷ ᠤᠲᠠᠭᠠᠨ ᠤ ᠨᠠᠢᠮᠠᠨ ᠰᠢᠷᠭ᠎ᠠ ᠵᠤᠬᠢᠶᠠᠯ ᠤᠨ                               ᠣᠷᠣᠯᠲᠤᠭᠠᠨ ᠳᠤ ᠭᠤᠷᠪᠠᠲᠤᠭᠠᠷ ᠲᠠᠰ ᠤᠨ ᠱᠠᠩᠨᠠᠯ ᠬᠦᠷᠲᠡᠪᠡ᠃                                                    ᠵᠢᠯᠤᠭᠤᠲᠤᠭᠰᠠᠨ ᠪᠠᠭᠰᠢ— ᠤᠷᠠᠩᠭᠤᠸ᠎ᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号