ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠦᠷᠴᠠᠶᠢᠬᠤ | ᠲᠡᠨᠢᠬᠦᠨ ᠲᠠᠯ᠎ᠠ ᠶᠢᠨ ᠵᠦᠭᠡᠯᠡᠨ ᠦᠷᠦᠴᠡ ᠬᠠᠶᠢᠷ᠎ᠡ ᠶᠢᠨ ᠪᠦᠪᠡᠢ ᠳᠤ ᠲᠤᠭᠳᠤᠯᠤᠨ᠂ ᠤᠷᠤᠰᠬᠤ ᠭᠤᠤᠯ | ᠤᠨ ᠠᠶᠢᠵᠠᠮ ᠲᠤᠯᠬᠢᠶᠡᠨ ᠵᠢᠷᠦᠭᠡᠨ ᠯᠤᠭᠰᠢᠭᠠᠨ ᠳᠤ ᠤᠶᠠᠰᠴᠤ ᠠᠳᠡ ᠨᠢᠭᠡ ᠨᠤᠳᠤᠭ ᠮᠦᠩᠭᠡᠵᠢᠨᠡ᠃ | ᠴᠡᠩᠭᠡᠷ ᠤᠨᠢᠶᠠᠷ ᠲᠤᠨᠤᠯᠵᠠᠬᠤ ᠠᠯᠤᠰ ᠬᠠᠶᠢᠷᠬᠠᠨ ᠤ ᠬᠤᠷᠮᠤᠢ᠂ ᠴᠡᠯ ᠨᠤᠭᠤᠭᠠᠷᠠᠬᠤ ᠲᠠᠯ᠎ᠠ ᠶᠢᠨ ᠤᠶᠠᠬᠠᠨ | ᠲᠤᠯᠠᠭᠠᠨ ᠡᠪᠤᠷ ᠨᠠᠩᠵᠢᠳ ᠬᠦᠭᠰᠢᠨ ᠤ ᠨᠢᠭᠡ ᠭᠡᠷ ᠤᠨ ᠬᠢᠨ ᠤ ᠠᠵᠦ ᠲᠦᠷᠦᠨ ᠠᠮᠢᠳᠤᠷᠠᠬᠤ ᠮᠦᠩᠭᠡ ᠶᠢᠨ | ᠰᠠᠶᠢᠬᠠᠨ ᠦᠯᠦᠭᠡᠢ ᠶᠤᠮ ᠰᠠᠨᠵᠠᠢ᠃ ᠨᠤᠳᠤᠭ ᠤᠨ ᠰᠢᠷᠤᠢ ᠠᠮᠢᠨ ᠰᠤᠳᠠᠰᠤ ᠪᠠᠨ ᠬᠠᠶᠢᠷ᠎ᠡ ᠪᠠᠷ ᠢᠶᠠᠨ ᠭᠡᠯᠬᠢᠭᠰᠡᠨ | ᠵᠢᠷᠦᠭᠡᠨ ᠬᠤᠯᠪᠤᠭ᠎ᠠ ᠰᠠᠯᠵᠦ ᠬᠠᠭᠠᠴᠠᠬᠤ ᠲᠠᠪᠢᠯᠠᠩ ᠢ ᠶᠢᠰᠤᠨ ᠲᠡᠭᠷᠢ ᠶᠢᠨ ᠴᠠᠭᠠᠨ᠎ᠠ ᠲᠠᠯᠳᠠᠯᠠᠵᠦ᠂ ᠠᠵᠨ ᠶᠢᠨ | ᠲᠡᠭᠷᠢ ᠠᠰᠢᠳᠠ ᠢᠪᠡᠭᠡᠵᠦ ᠮᠦᠩᠭᠡ ᠵᠠᠶᠠᠭ᠎ᠠ ᠰᠤᠶᠤᠷᠬᠠᠨ᠎ᠠ᠂ ᠡᠷᠳᠡ ᠲᠡᠭᠡᠳᠤ ᠠᠴᠠ ᠡᠳᠦᠭᠡ ᠬᠦᠷᠳᠡᠯ᠎ᠡ ᠬᠠᠶᠢᠷ᠎ᠡ | ᠭᠡᠰᠢᠭ ᠢᠪᠡᠭᠡᠭᠰᠡᠨ ᠡᠨᠡ ᠰᠠᠶᠢᠬᠠᠨ ᠨᠤᠳᠤᠭ ᠢᠶᠠᠨ ᠦᠶ᠎ᠡ ᠶᠢᠨ ᠦᠶ᠎ᠡ ᠳᠤ ᠪᠠᠨ ᠲᠡᠭᠡᠳᠤᠯᠡᠨ ᠪᠢᠰᠢᠷᠡᠵᠦ ᠠᠯᠳᠠᠨ | ᠬᠠᠩᠭᠠᠢ ᠶᠢᠨ ᠤᠷᠤᠢ ᠳᠤ ᠤᠪᠤᠭ᠎ᠠ ᠪᠤᠰᠬᠠᠨ ᠰᠢᠳᠦᠨ ᠲᠡᠭᠡᠳᠤᠯᠡᠭᠰᠡᠨ ᠨᠢ ᠰᠦᠵᠢᠭ ᠢᠪᠡᠭᠡᠨ ᠰᠦᠨᠳᠡᠷᠯᠡᠨ᠎ᠡ᠃ | ᠠᠮᠢᠨ ᠰᠦᠨᠡᠰᠤ ᠵᠢᠷᠦᠭᠡᠨ ᠠᠷᠭᠠᠮᠵᠢᠶ᠎ᠠ ᠨᠤᠳᠤᠭ ᠤᠨ ᠢᠪᠡᠭᠡᠯ ᠤᠨ ᠠᠴᠢ ᠳᠤ ᠬᠠᠶᠢᠷ᠎ᠡ ᠪᠠᠷ ᠢᠶᠠᠨ | ᠲᠠᠷᠬᠠᠯᠠᠨ ᠭᠡᠨ ᠬᠦᠮᠦᠨ ᠤ ᠰᠦᠢᠳᠭᠡᠯ ᠡᠪᠳᠡᠭᠳᠡᠯ ᠢ ᠲᠠᠰᠤ ᠬᠤᠷᠢᠭᠯᠠᠨ ᠨᠠᠩᠵᠢᠳ ᠬᠦᠭᠰᠢᠨ ᠨᠤᠳᠤᠭ ᠢᠶᠠᠨ | ᠰᠠᠬᠢᠨ᠎ᠠ᠃ ᠬᠠᠶ᠋ᠨ ᠵᠠᠷᠢᠮ ᠰᠠᠨᠠᠭᠤᠯᠭ᠎ᠠ ᠠᠪᠳᠠᠭ ᠦᠭᠡᠢ ᠬᠠᠷ᠎ᠠ ᠨᠢᠭᠤᠷᠳᠠᠨ ᠲᠠᠢ ᠨᠢᠭᠤᠷ ᠤᠯᠠᠶᠢᠯᠭᠠᠨ ᠲᠡᠮᠡᠴᠡᠭᠡᠳ | ᠨᠤᠳᠤᠭ ᠤᠨ ᠬᠦᠮᠦᠰ ᠤᠨ ᠴᠠᠢ ᠶᠢᠨ ᠵᠤᠭᠤᠭ ᠴᠦ ᠪᠤᠯᠵᠦ ᠭᠠᠷᠳᠠᠭ ᠪᠠᠶᠢᠯ᠎ᠠ᠃ | ᠨᠢᠭᠡ ᠤᠳᠠᠭ᠎ᠠ ᠭᠠᠵᠠᠷ ᠰᠢᠨᠵᠢᠯᠡᠭᠡᠨ ᠤ ᠠᠩᠬᠢ ᠶᠢᠨ ᠭᠡᠳᠦᠨ ᠬᠦᠮᠦᠨ ᠦᠩ ᠰᠢᠮᠡᠯᠢᠭ ᠬᠦᠷᠦᠰᠤ ᠰᠢᠷᠤᠢ | ᠳᠤᠨᠢ ᠪᠠᠭ᠋ᠠᠷᠬᠠᠵᠦ ᠰᠤᠨᠢᠷᠬᠠᠯ ᠡᠪᠤᠷᠯᠡᠨ ᠪᠠᠶᠢᠴᠠᠭᠠᠬᠤ ᠪᠠᠷ ᠢᠷᠡᠨ᠎ᠡ ᠭᠡᠳᠡᠭ ᠢ ᠬᠦᠭᠰᠢᠨ ᠭᠤᠸᠠᠢ ᠬᠦᠮᠦᠰ ᠤᠨ | ᠶᠠᠷᠢᠶᠡᠨ ᠠᠴᠠ ᠭᠡᠰᠡᠭ ᠪᠤᠰᠤᠭ ᠰᠤᠨᠤᠰᠤᠭᠠᠳ ᠠᠭᠤᠷᠬᠠᠢ ᠪᠠᠶᠠᠯᠢᠭ ᠢ ᠨᠢ ᠨᠡᠭᠡᠭᠡᠵᠦ ᠠᠷᠢᠭᠤᠨ ᠨᠤᠳᠤᠭ ᠢ ᠨᠢ | ᠡᠪᠳᠡᠬᠦ ᠴᠦ ᠭᠡᠵᠤ ᠠᠳᠡᠬᠦᠷᠡᠭᠡᠳ ᠰᠦᠷᠡᠬᠡᠢ ᠶᠡᠭᠡ ᠭᠡᠷᠡᠭ ᠪᠤᠯᠤᠯ᠎ᠡ᠃ ᠠᠭᠠᠭ ᠲᠠᠢ ᠴᠠᠢ ᠶᠢᠨ ᠠᠮᠳᠠᠯᠢᠭ ᠢ ᠰᠠᠨᠠᠭ᠎ᠠ | ᠦᠭᠡᠢ᠂ ᠠᠭᠠᠷᠤᠤᠯ ᠬᠤᠷᠤᠳ ᠤᠨ ᠰᠢᠮ᠎ᠡ ᠶᠢ ᠴᠦ ᠪᠤᠳᠤᠭ᠎ᠠ ᠦᠭᠡᠢ ︽ᠲᠡᠷᠨ ᠪᠤᠯᠠᠢ ᠪᠤᠯᠤᠭᠰᠡᠨ ᠬᠠᠷ᠎ᠠ | ᠦᠷᠦᠮᠳᠡᠬᠦᠷ ᠢᠶᠠᠷ ᠢᠶᠠᠨ ᠠᠯᠤᠰ ᠬᠠᠶᠢᠷᠬᠠᠨ ᠢ ᠰᠡᠪᠳᠦᠭᠡᠵᠦ᠂ ᠲᠤᠪᠤ ᠲᠤᠯᠤᠭᠠᠳ ᠢ ᠦᠯᠡᠳᠡᠭᠡᠯ ᠦᠭᠡᠢ | ᠲᠡᠭᠰᠢᠯᠡᠴᠢᠬᠡᠳᠡᠭ ᠰᠠᠪᠠᠷ ᠢᠶᠠᠷ ᠢᠶᠠᠨ ᠲᠠᠯ᠎ᠠ ᠶᠢᠨ ᠦᠷᠦᠴᠨ ᠶᠢ ᠰᠢᠷᠬᠠᠯᠠᠭᠤᠯᠴᠢᠬᠠᠳᠠᠭ ᠪᠤᠯᠪᠠᠤ ᠤᠤ︖︾ ᠭᠡᠳ | ᠠᠯᠢ ᠤᠯᠡᠨ ᠢ ᠪᠤᠳᠤᠨ ᠰᠡᠳᠬᠢᠯ ᠠᠯᠭᠠᠰᠠᠨ᠂ ᠨᠤᠶᠢᠷ ᠬᠤᠯᠵᠢᠨ ᠭᠡᠳᠦᠨ ᠰᠦᠨᠢ ᠶᠢ ᠦᠩᠭᠡᠷᠡᠭᠡᠯ᠎ᠡ᠃ | ᠠᠩᠭᠠᠯᠵᠠᠭᠤᠷ ᠨᠢᠯᠬ᠎ᠠ ᠤᠮᠪᠤᠯᠤ ᠬᠦᠤ ᠨᠢ ᠶᠡᠭᠡ ᠲᠡᠪᠵᠢᠶᠡᠨ ᠪᠤᠯᠵᠦ ᠭᠡᠷ ᠤᠨ ᠰᠡᠬᠦᠳᠡᠷ ᠳᠠᠬᠢ ᠴᠢᠯᠠᠭᠤᠨ | ᠲᠤᠭᠯᠠᠭᠠᠮ ᠢᠶᠠᠨ ᠤᠷᠬᠢᠵᠦ᠂ ᠬᠠᠪᠴᠢᠯ ᠤᠨ ᠬᠦᠨᠳᠠᠢ ᠳᠠᠬᠢ ᠲᠡᠭᠷᠢ ᠶᠢᠨ ᠬᠠᠶᠠᠭ᠎ᠠ ᠲᠠᠢ ᠵᠠᠯᠭᠠᠯᠳᠤᠬᠤ ᠠᠯᠤᠰ | ᠲᠡᠷᠳᠠᠩ ᠵᠠᠮ ᠢ ᠨᠢᠳᠤ ᠰᠠᠯᠭᠠᠯ ᠦᠭᠡᠢ ᠰᠢᠷᠳᠡᠵᠦ᠂ ᠭᠡᠵᠢᠶ᠎ᠡ ᠨᠢᠭᠡ ᠭᠦᠷᠦᠭᠡᠳ ᠢᠷᠡᠬᠦ ᠳᠤᠨᠢ ᠮᠡᠳᠡᠶ᠎ᠡ ᠭᠡᠵᠤ ᠭᠡᠨᠡᠨ | ᠨᠢᠯᠬᠠᠰᠠᠭ ᠭᠡᠤᠭᠡᠳ ᠰᠡᠳᠬᠢᠯ ᠢᠶᠠᠷ ᠨᠢᠳᠤᠷᠭ᠎ᠠ ᠵᠠᠩᠬᠢᠳᠤᠨ᠎ᠠ ᠃ ᠲᠤᠰᠬᠤ ᠨᠠᠷᠠᠨ ᠤ ᠭᠡᠷᠡᠯ ᠤᠶᠢᠯᠭᠠᠨ ᠬᠠᠷᠠᠯᠠᠨ | ᠪᠤᠮᠪᠤᠶᠢᠭᠰᠡᠨ ᠬᠠᠴᠠᠷ ᠳᠤᠨᠢ ᠲᠤᠮᠤ ᠬᠦᠮᠦᠨ ᠤ ᠮᠠᠶ᠋ᠢᠭ ᠭᠠᠷᠴᠤ᠂ ᠬᠦᠮᠦᠰᠭᠡ ᠵᠠᠩᠬᠢᠳᠤᠨ ᠶᠡᠭᠡ ᠯᠨ ᠬᠢᠴᠢᠶᠡᠵᠦ | ᠵᠤᠭᠰᠤᠨᠡ᠃ ᠡᠮᠡᠭᠡ ᠶᠢᠨ ᠢᠶᠠᠨ ᠬᠠᠮᠤᠭ ᠤᠨ ᠲᠤᠮᠤ ᠬᠦᠷᠦᠩᠭᠡ ᠶᠢ ᠵᠠᠯᠭᠠᠨ ᠬᠦᠤ ᠲᠡᠶᠢᠮᠤ ᠯᠨ ᠶᠡᠭᠡ ᠤᠮᠤᠭᠳᠠᠢ | ᠪᠠᠶᠢᠭᠰᠡᠨ ᠡ︕ ᠢᠩᠬᠢᠵᠦ ᠯᠨ ᠤᠯᠠᠷᠢᠨ ᠲᠠᠮᠵᠢᠭᠰᠡᠨ ᠬᠠᠶᠢᠷᠠᠨ ᠳᠤᠨᠢ ᠨᠤᠳᠤᠭ ᠤᠨ ᠢᠪᠡᠭᠡᠯ ᠲᠤᠭᠳᠠᠳᠠᠭ | ᠤᠴᠢᠷ ᠲᠠᠢ ᠪᠠᠶᠢᠵᠠᠢ᠃ | ᠦᠷᠯᠦᠭᠡ ᠶᠢᠨ ᠲᠤᠶᠠᠭᠠᠨ ᠳᠤ ᠪᠤᠳᠤᠯ ᠲᠠᠷᠤᠭᠳᠠᠵᠦ ᠬᠤᠯᠨ ᠶᠢᠨ ᠲᠡᠭᠷᠢ ᠬᠦᠭᠡᠷᠡᠨᠡ᠃ ᠬᠠᠪᠴᠢᠯ ᠤᠨ | ᠬᠦᠨᠳᠠᠢ ᠪᠠᠷ ᠢᠳᠠ ᠮᠡᠳᠠᠨ ᠲᠠᠪᠬᠢᠬᠤ ᠳᠤᠨᠢ ᠭᠡᠷᠡᠯ ᠤᠶᠢᠯᠭᠠᠨ ᠨᠢᠳᠤ ᠬᠢᠯᠠᠰᠬᠤ ᠲᠡᠷᠭᠡ ᠬᠦᠭᠰᠢᠨ ᠤ ᠨᠢᠳᠤᠨ ᠳᠤ | ᠤᠶᠢᠷᠠᠳᠤᠨ ᠬᠠᠷᠠᠭᠳᠠᠨ᠎ᠠ᠃ ᠬᠦᠭᠰᠢᠨ ᠭᠤᠸᠠᠢ ᠰᠠᠨᠳᠤᠷᠤᠨ ᠬᠦᠶᠦᠵᠦ ᠭᠠᠷᠬᠤ ᠳᠤᠨᠢ ᠭᠡᠷ ᠤᠨ ᠬᠤᠶᠢᠮᠤᠷ ᠭᠡᠪᠳᠡᠷᠢ | ᠲᠠᠢ ᠬᠠᠯᠳᠠᠷ ᠨᠤᠬᠠᠢ ᠴᠦ ᠰᠤᠴᠢᠨ ᠪᠤᠰᠴᠤ ᠲᠦᠷᠪᠡᠨ ᠵᠦᠭ ᠢ ᠠᠵᠢᠭᠯᠠᠨ᠎ᠠ᠃ ᠬᠦᠭᠰᠢᠨ ᠭᠤᠤᠯ ᠵᠠᠮ ᠢ ᠨᠢ ᠲᠠᠭ | ᠪᠦᠭᠯᠡᠨ ᠵᠤᠭᠰᠤᠴᠢᠬᠠᠭᠠᠳ ᠰᠦᠷ ᠦᠵᠡᠬᠦᠯᠬᠦ ᠨᠢ ᠲᠡᠷᠨ᠃ ᠲᠠᠮᠠᠢ ᠤᠳᠠᠯ ᠦᠭᠡᠢ ᠬᠦᠭᠰᠢᠨ ᠤ ᠤᠮᠪᠤᠯᠤ ᠬᠦᠤ ᠴᠦ | ᠬᠦᠶᠦᠵᠦ ᠢᠷᠡᠯ᠎ᠡ᠃ ᠭᠠᠷ ᠲᠤ ᠪᠠᠨ ᠲᠤᠮᠤ ᠰᠢᠳᠠᠮ ᠠᠳᠬᠤᠨ ᠲᠠᠭᠠᠭᠠᠵᠦ ᠶᠠᠳᠠᠨ ᠡᠷᠬᠢᠬᠦᠯᠦᠨ᠎ᠡ᠃ | ᠲᠡᠷᠭᠡ ᠠᠭᠠᠵᠢᠮ ᠨᠠᠭᠠᠰᠢᠯᠠᠨ᠎ᠠ᠃ ᠬᠦᠭᠰᠢᠨ ᠵᠠᠮ ᠲᠠᠯᠪᠢᠬᠤ ᠮᠠᠶ᠋ᠢᠭ ᠦᠭᠡᠢ᠃ ᠲᠡᠷᠭᠡᠨ ᠳᠠᠬᠢ ᠬᠦᠮᠦᠰ | ᠮᠡᠯᠡ ᠭᠠᠶᠢᠬᠠᠴᠢᠬᠠᠭᠠᠳ ᠲᠡᠷᠭᠡ ᠪᠠᠨ ᠵᠤᠭᠰᠤᠭᠠᠯ᠎ᠠ᠃ ᠲᠡᠷᠬᠡᠨ ᠳᠤ ᠰᠠᠭᠤᠭᠰᠡᠨ ᠨᠢᠭᠡ ᠵᠠᠯᠠᠭᠤ ᠬᠦᠩᠭᠡᠮᠰᠦᠭ | ᠠᠯᠬᠤᠨ ᠪᠠᠭᠤᠵᠦ ᠢᠷᠡᠯ᠎ᠡ᠃ ᠯᠤᠩᠬᠤᠨ ᠢᠷᠤᠭᠠᠷ ᠢᠶᠠᠷ ᠭᠡᠴᠢᠭᠡᠪᠡᠤ ᠭᠡᠮᠡᠷ ᠨᠢᠳᠤᠨ ᠰᠢᠯ ᠵᠡᠬᠦᠭᠡᠳ ᠲᠦᠪ | ᠡᠷᠬᠢᠮᠰᠦᠭ ᠬᠤᠪᠴᠠᠯᠠᠨ ᠪᠢᠴᠢᠭᠳᠡᠠ ᠬᠦᠮᠦᠨ ᠤ ᠤᠶᠤᠨ ᠢ ᠭᠠᠶᠢᠬᠠᠭᠤᠯᠤᠨᠡ᠃ ᠵᠠᠯᠠᠭᠤ ᠬᠦᠭᠰᠢᠨ ᠲᠠᠢ ᠭᠡᠰᠡᠭ | ᠶᠠᠷᠢᠶ᠎ᠡ ᠪᠤᠯᠤᠭᠠᠳ ᠢᠷᠠᠯᠳᠠ ᠵᠤᠷᠢᠯᠳᠠ ᠪᠠᠨ ᠭᠡᠯᠡᠵᠦ᠂ ᠮᠠᠭᠤ ᠰᠠᠨᠠᠭ᠎ᠠ ᠦᠭᠡᠢ ᠪᠠᠨ ᠲᠤᠳᠤᠷᠬᠠᠶᠢᠯᠠᠭᠰᠡᠨ ᠴᠦ ︽ | ᠵᠠᠯᠢ ᠭᠠᠷᠭᠠᠬᠤ ᠨᠢ︾ ᠭᠡᠳ ᠤᠯᠠᠮ ᠨᠠᠭᠠᠰᠢ ᠦᠭᠡᠢ ᠪᠤᠯᠤᠭᠰᠡᠨ ᠭᠡᠷᠡᠭ᠃ ᠡᠨᠡ ᠦᠶ᠎ᠡ ᠳᠤ ᠵᠢᠭᠠᠯ ᠬᠦᠤ ᠴᠦ | ᠡᠮᠡᠭᠡ ᠶᠢᠨ ᠢᠶᠠᠨ ᠠᠷᠤ ᠳᠤ ᠨᠢᠭᠤᠭᠳᠠᠨ ᠮᠠᠭᠤᠬᠠᠢ ᠨᠢᠳᠤ ᠪᠠᠷ ᠰᠢᠷᠪᠢᠬᠡᠳ ᠵᠠᠨᠤᠯ ᠬᠤᠷᠤᠰᠤᠯ ᠢᠶᠠᠨ ᠲᠠᠶᠢᠯᠤᠭᠰᠠᠨ | ᠰᠢᠭ᠋ ᠲᠠᠶᠢᠳᠬᠤᠷᠠᠵᠤ ᠲᠤᠮᠤ ᠠᠯᠠᠭ ᠨᠢᠳᠤ ᠨᠢ ᠬᠦᠯᠪᠡᠯᠵᠢᠨ ᠬᠦᠳᠡᠯᠦᠨ᠎ᠡ᠃ ᠠᠯᠢ ᠰᠡᠬᠦᠯᠡᠷ ᠨᠢ ᠭᠠᠴᠠᠭᠠᠨ ᠤ | ᠲᠠᠷᠤᠭ᠎ᠠ ᠢᠷᠡᠵᠦ ᠬᠦᠭᠰᠢᠨ ᠰᠠᠶ᠋ᠢ ᠰᠠᠨᠠᠭ᠎ᠠ ᠠᠮᠤᠷᠴᠤ ᠭᠡᠷ ᠲᠤ ᠪᠠᠨ ᠬᠠᠷᠢᠭᠰᠡᠨ ᠭᠡᠨ᠎ᠡ᠃ | ᠨᠤᠳᠤᠭ ᠤᠨ ᠪᠤᠭᠤᠷᠤᠯ ᠤᠨ ᠮᠠᠨᠢ ᠠᠷᠢᠭᠤᠨ ᠴᠠᠭᠠᠨ ᠬᠠᠶᠢᠷ᠎ᠡ ᠶᠢᠨ ᠰᠠᠴᠤᠯᠢ ᠰᠢᠷᠤᠢ ᠪᠠᠨ ᠤᠮᠳᠠᠯᠠᠵᠦ | ᠨᠤᠳᠤᠭ ᠢᠶᠠᠨ ᠪᠦᠪᠡᠶᠢᠯᠡᠭᠰᠡᠨ ᠡ︕ ᠦᠳᠡᠯᠦᠭᠡ ᠨᠠᠰᠤᠨ ᠤ ᠪᠠᠨ ᠦᠴᠦᠭᠡᠨ ᠴᠢᠳᠠᠯ ᠢᠶᠠᠨ ᠨᠤᠳᠤᠭ ᠤᠨ ᠠᠴᠢ | ᠳᠤ ᠦᠭᠬᠦᠭᠰᠡᠨ ᠡ︕ ᠲᠤᠮᠤᠬᠠᠨ ᠬᠠᠶᠢᠷ᠎ᠡ ᠶᠢᠨ ᠬᠢᠨ ᠵᠢᠵᠢᠭᠭᠡᠨ ᠠᠴᠢ ᠲᠡᠷᠨ ᠪᠢᠯᠨ᠃ ᠦᠷᠦᠴᠨ ᠪᠠᠷ ᠢᠶᠠᠨ | ᠲᠠᠯ᠎ᠠ ᠪᠠᠨ ᠰᠠᠨᠠᠵᠦ᠂ ᠵᠢᠷᠦᠭᠡ ᠪᠠᠷ ᠢᠶᠠᠨ ᠠᠭᠤᠯᠨ ᠪᠠᠨ ᠰᠢᠳᠦᠳᠡᠭ ᠮᠤᠩᠭᠤᠯᠴᠤᠳ ᠨᠤᠭᠤᠭᠠᠷᠠᠬᠤ ᠲᠠᠯ᠎ᠠ ᠪᠠᠨ | ᠬᠠᠷᠠᠬᠤ ᠨᠢᠳᠤᠨ ᠤ ᠬᠠᠷ᠎ᠠ ᠮᠠᠯᠮᠠᠢ ᠳᠤ ᠪᠤᠳᠤᠵᠦ᠂ ᠤᠷᠤᠰᠬᠤ ᠭᠤᠤᠯ ᠢᠶᠠᠨ ᠠᠮᠢᠨ ᠰᠤᠳᠠᠰᠤ ᠶᠢᠨ ᠯᠤᠭᠰᠢᠬᠤ | ᠲᠤᠯᠬᠢᠶᠡᠨ ᠳᠤ ᠰᠠᠨᠠᠵᠦ᠂ ᠰᠦᠭ ᠰᠦᠨᠡᠰᠤ ᠪᠠᠨ ᠬᠦᠷᠦᠰᠤᠨ ᠳᠤ ᠪᠠᠨ ᠰᠢᠩᠭᠡᠭᠰᠡᠨ ᠲᠡᠭᠡᠳᠦᠰ ᠮᠢᠨᠢ ᠤᠳᠤ ᠴᠦ | ᠭᠡᠰᠡᠨ ᠨᠤᠳᠤᠭ ᠢᠶᠠᠨ ᠰᠠᠬᠢᠵᠦ ᠰᠠᠭᠤᠨ᠎ᠡ᠃ | ᠭᠡᠵᠢᠶ᠎ᠡ ᠨᠢᠭᠡ ᠡᠳᠤᠷ ᠨᠤᠳᠤᠭ ᠤᠨ ᠢᠶᠠᠨ ᠤᠩᠭᠤᠨ ᠲᠠᠷᠬᠠᠨ ᠢ ᠡᠪᠳᠡᠵᠦ ᠨᠤᠳᠤᠭ ᠤᠨ ᠢᠶᠠᠨ ᠡᠯᠢᠭᠡ ᠶᠢ | ᠰᠡᠪᠳᠦᠭᠡᠬᠦ ᠳᠤ ᠬᠦᠷᠪᠡᠯ ᠪᠢᠳᠠ ᠡᠪᠦᠭᠡ ᠲᠡᠭᠡᠳᠦᠰ ᠦᠷ᠎ᠡ ᠬᠤᠶᠢᠴᠢᠰ ᠲᠤ ᠪᠠᠨ ᠲᠦᠯᠦᠭᠡᠳ ᠪᠠᠷᠠᠰᠢ ᠦᠭᠡᠢ | ᠦᠷᠢᠨ ᠳᠤ ᠤᠨᠠᠵᠤ ᠠᠷᠢᠯᠭᠠᠵᠦ ᠲᠠᠭᠤᠰᠤᠰᠢ ᠦᠭᠡᠢ ᠨᠢᠬᠦᠯ ᠳᠤ ᠤᠴᠠᠷᠠᠨ᠎ᠠ᠃ ᠲᠡᠷᠨ ᠦᠶ᠎ᠡ ᠳᠤ ᠤᠨᠳᠠᠬᠤ | ᠨᠤᠶᠢᠷ ᠤᠨ ᠵᠡᠬᠦᠳᠤᠨ ᠳᠤ ᠴᠦ ᠦᠭᠡᠳᠠ ᠠᠴᠠ ᠴᠢᠨᠢ ᠨᠢᠯᠪᠤᠰᠤ ᠲᠤᠰᠤᠯᠭᠠᠨ ᠭᠤᠨᠢᠨ ᠤᠬᠢᠯᠠᠭ᠎ᠠ ᠨᠤᠳᠤᠭ ᠴᠢᠨᠢ | ᠦᠵᠡᠭᠳᠡᠬᠦ ᠪᠠᠶᠢᠬ᠎ᠠ︕ | ᠨᠣᠳᠤᠭ ᠢᠶᠠᠨ ᠬᠠᠶᠢᠷᠠᠯᠠᠳᠠᠭ ᠰᠡᠳᠬᠢᠯ ᠳᠤᠨᠢ ᠤᠶᠠᠷᠠᠵᠦ ᠬᠠᠶᠢᠷᠠᠯᠠᠭᠳᠠᠭᠰᠡᠨ ᠲᠠᠯ᠎ᠠ ᠨᠢ ᠮᠦᠩᠭᠡᠷᠡᠳᠡᠭ ᠶᠤᠮ | ᠡ︕ ᠪᠤᠯᠤᠷ ᠰᠢᠭ᠋ ᠨᠠᠪᠳᠡ ᠬᠠᠷᠠᠭᠳᠠᠳᠠᠭ ᠬᠠᠶᠢᠷ᠎ᠠ ᠨᠢ ᠲᠡᠷᠨ ᠴᠦ ᠶᠤᠮ ᠤᠤ︖ ᠶᠠᠮᠠᠷ ᠲᠤᠩᠭᠠᠯᠠᠭ ᠪᠤᠢ︕ | ᠴᠢᠯᠠᠭᠤ ᠰᠢᠭ᠋ ᠬᠠᠳᠠᠭᠤ ᠬᠠᠶᠢᠷ᠎ᠡ ᠨᠢ ᠮᠥᠨ ᠲᠡᠷᠨ ᠪᠢᠯᠨ ᠤᠤ︖ ᠶᠠᠮᠠᠷ ᠪᠠᠬᠢ ᠪᠤᠢ︕ ᠠᠯᠳᠠᠩᠬᠠᠨ ᠠᠮᠢ ᠶᠢᠨ | ᠬᠢᠨ ᠮᠦᠩᠭᠡ ᠪᠤᠯᠵᠦ ᠨᠤᠳᠤᠭ ᠤᠨ ᠲᠡᠭᠷᠢ ᠮᠠᠯᠳᠠᠶᠢᠨ ᠴᠡᠯᠮᠡᠭᠵᠢᠨᠡ᠃ ᠲᠡᠭᠷᠢ ᠤᠶᠠᠷᠠᠭᠠᠵᠦ ᠭᠠᠵᠠᠷ | ᠲᠤᠭᠲᠤᠯᠤᠭᠤᠯᠤᠨ ᠲᠠᠯ᠎ᠠ ᠶᠢᠨ ᠲᠠᠨᠵᠢ ᠬᠦᠭᠡᠷᠡᠨ ᠮᠦᠰᠢᠶᠡᠨ᠎ᠡ ᠁ | ※ ᠲᠤᠰ ᠵᠤᠬᠢᠶᠠᠯ ᠲᠦᠷᠪᠡᠲᠦᠬᠡᠷ ᠤᠲᠠᠭᠠᠨ ᠤ ᠨᠠᠢᠮᠠᠨ ᠰᠢᠷᠭ᠎ᠠ ᠵᠤᠬᠢᠶᠠᠯ ᠤᠨ | ᠣᠷᠣᠯᠲᠤᠭᠠᠨ ᠳᠤ ᠭᠤᠷᠪᠠᠲᠤᠭᠠᠷ ᠲᠡᠰ ᠤᠨ ᠱᠠᠩᠨᠠᠯ ᠬᠦᠷᠲᠡᠪᠡ᠃ | ᠵᠢᠯᠤᠭᠤᠳᠤᠭᠰᠠᠨ ᠪᠠᠭᠰᠢ— ᠶᠢᠨᠬᠤᠸᠠ |