ᠠᠪᠦ ᠶᠢᠨ ᠦᠨᠦᠷ | ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ ᠲᠡᠭᠦᠯᠢᠨ | | | ᠭᠠᠷᠠᠭ ᠤᠨ ᠠᠮᠠᠷᠠᠯᠳᠠ ᠳᠤ ᠭᠡᠷ ᠲᠡᠷᠭᠡ ᠪᠠᠨ ᠲᠢᠭᠯᠡᠵᠦ᠂ ᠠᠵᠢᠯ ᠮᠤᠳᠤ ᠪᠠᠨ ᠪᠠᠷᠠᠭᠠᠭᠠᠳ ᠵᠤᠴᠢᠨ ᠤ | ᠦᠷᠦᠭᠡᠨ ᠤ ᠵᠦᠭᠡᠯᠡᠨ ᠰᠠᠨᠳᠠᠯᠢ ᠪᠠᠨ ᠨᠠᠯᠠᠨ᠂ ᠭᠠᠷ ᠤᠨ ᠠᠶ᠎ᠠ ᠪᠠᠷ ᠰᠡᠳᠬᠦᠯ ᠤᠷᠪᠠᠭᠤᠯᠤᠨ ᠬᠠᠷᠠᠭᠠᠨ ᠳᠤ | ᠦᠷᠳᠦᠭᠰᠡᠨ ᠵᠤᠬᠢᠶᠠᠯ ᠢ ᠬᠠᠶᠢᠩᠭᠤᠬᠠᠨ ᠰᠢᠭᠦᠬᠦ ᠳᠤ ᠡᠶᠢᠮᠦ ᠨᠢᠭᠡ ᠵᠤᠬᠢᠶᠠᠯ ᠬᠠᠷᠠᠭᠠᠨ ᠳᠤ ᠦᠷᠲᠦᠨ ᠠᠩᠬᠠᠷᠤᠯ ᠢ | ᠬᠡᠵᠢᠬᠡᠲᠡᠯᠡ᠃ | ᠵᠤᠬᠢᠶᠠᠭᠴᠢ ᠶᠢᠨ ᠠᠪᠤ ᠨᠢ ︽ᠳᠠᠯᠠᠢ ᠶᠢᠨ ᠠᠮᠳᠠᠳᠠᠨ ᠤ ᠬᠤᠭᠤᠯᠠᠨ ᠭᠡᠷ︾ ᠲᠤ ᠠᠵᠢᠯᠯᠠᠳᠠᠭ ᠠᠴᠠ ᠪᠦᠬᠦ | ᠪᠡᠶ᠎ᠡ ᠠᠴᠠ ᠨᠢ ᠦᠷᠭᠦᠯᠵᠢ ᠳᠠᠯᠠᠢ ᠶᠢᠨ ᠠᠮᠢᠳᠠᠨ ᠤ ᠬᠠᠮᠠᠷ ᠴᠤᠷᠬᠢᠮᠠ ᠰᠢᠩᠬᠡᠭ ᠦᠨᠦᠷ ᠭᠠᠷᠳᠠᠭ ᠭᠡᠨ᠎ᠡ᠃ | ᠵᠤᠬᠢᠶᠠᠭᠴᠢ ᠠᠪᠤ ᠲᠠᠢ ᠪᠠᠨ ᠡᠨᠡ ᠲᠡᠷᠡ ᠤᠴᠢᠷ ᠲᠤ ᠲᠠᠷ ᠲᠤᠷ ᠭᠡᠵᠦ ᠠᠮᠠ ᠮᠤᠷᠤᠶᠢᠬᠤ ᠪᠤᠯᠭᠠᠨ ᠡᠭᠳᠡᠭᠦᠴᠡᠯ | ᠬᠦᠷᠭᠡᠳᠡᠭ ᠲᠡᠷᠡᠬᠦ ᠦᠨᠦᠷ ᠢ ᠨᠢ ᠳᠤᠷᠠᠳᠴᠤ ᠠᠪᠳᠠᠭ᠂ ᠤᠷᠢ ᠵᠠᠯᠠᠭᠤ ᠨᠠᠰᠤᠨ ᠳᠤ ᠪᠠᠨ ᠵᠤᠬᠢᠶᠠᠭᠴᠢ᠂ ᠲᠡᠷᠡ | ᠦᠨᠦᠷ ᠠᠴᠠ ᠯᠠ ᠪᠤᠯᠵᠤ ᠠᠪᠤ ᠪᠠᠨ ᠡᠭᠳᠡᠭᠦᠴᠡᠵᠦ ᠶᠠᠪᠤᠵᠠᠢ ᠁ ᠤᠨ ᠵᠢᠯ ᠣᠯᠠᠷᠢᠨ ᠠᠪᠤ ᠨᠢ ᠨᠠᠰᠤ ᠠᠬᠢᠵᠦ | ᠡᠪᠡᠳᠴᠢᠨ ᠡᠮᠬᠡᠭ ᠲᠤ ᠪᠠᠷᠢᠭᠳᠠᠨ ᠶᠢᠷᠳᠢᠨᠴᠤ ᠠᠴᠠ ᠬᠠᠯᠢᠬᠤ ᠳᠤ ᠵᠤᠬᠢᠶᠠᠭᠴᠢ ᠰᠠᠶ᠋ᠢ ᠤᠬᠠᠭᠠᠷᠠᠨ ᠭᠡᠮᠰᠢᠵᠦ᠂ | ᠮᠦᠩᠭᠡ ᠠᠶᠠᠷᠯᠠᠭᠰᠠᠨ ᠠᠪᠤ ᠶᠢᠨ ᠢᠶᠠᠨ ᠪᠡᠶ᠎ᠡ ᠠᠴᠠ ᠬᠠᠩᠬᠤᠯᠳᠠᠭ ᠰᠢᠩᠬᠡᠭ ᠦᠨᠦᠷ ᠢ ᠨᠢ ᠴᠦ ᠡᠷᠢᠨ | ᠮᠦᠷᠦᠭᠡᠳᠳᠡᠭ ᠪᠤᠯᠵᠦ ᠭᠡᠨ᠎ᠡ᠃ ᠵᠤᠬᠢᠶᠠᠯ ᠤᠨ ᠢᠶᠠᠨ ᠲᠡᠭᠦᠰᠭᠡᠯ ᠳᠤ ︽ᠬᠦᠮᠦᠨ ᠪᠤᠯᠭᠠᠨ ᠤ ᠠᠪᠤ ᠳᠤ ᠪᠦᠷ | ᠤᠨᠴᠠᠭᠠᠢ ᠦᠨᠦᠷ ᠪᠠᠶᠢᠳᠠᠭ ᠶᠤᠮ᠂ ᠲᠠ ᠠᠪᠤ ᠶᠢᠨ ᠢᠶᠠᠨ ᠦᠨᠦᠷ ᠢ ᠠᠩᠬᠠᠷᠤᠭᠰᠠᠨ ᠤᠤ⁈︾ ᠭᠡᠵᠦ ᠪᠢᠴᠢᠵᠠᠢ᠃ | ᠡᠨᠡ ᠬᠦᠷᠳᠡᠯ᠎ᠡ ᠤᠩᠰᠢᠬᠤ ᠳᠤ ᠨᠠᠷᠠᠪᠴᠢᠨ ᠳᠤ ᠡᠯᠭᠦᠭᠡᠰᠦᠳᠠᠢ ᠠᠪᠤ ᠶᠢᠨ ᠠᠵᠢᠯ ᠤᠨ ᠬᠤᠪᠴᠠᠰᠤ ᠬᠠᠷᠠᠭᠠᠨ ᠳᠤ | ᠲᠤᠳᠤᠷᠠᠨ ᠲᠡᠮᠤᠷ ᠤᠨ ᠵᠢᠪᠡ ᠶᠢᠨ ᠦᠨᠦᠷ ᠦᠷᠦᠭᠡ ᠳᠦᠭᠦᠷᠡᠩ ᠬᠠᠩᠬᠤᠯᠬᠤ ᠰᠢᠭ᠋ ᠪᠤᠯᠤᠭᠠᠳ ᠶᠠᠪᠤᠴᠢᠬᠠᠯ᠎ᠠ᠃ | ᠠᠯᠤᠰ ᠠᠴᠠ ᠪᠤᠬ᠎ᠠ ᠲᠡᠷᠭᠡᠨ ᠤ ᠳᠠᠭᠤᠨ ᠪᠦᠦᠷ ᠲᠦᠦᠷ ᠰᠤᠨᠤᠰᠳᠠᠵᠦ᠂ ᠨᠠᠮᠤᠷ ᠤᠨ ᠰᠡᠷᠢᠭᠦᠨ ᠰᠠᠯᠬᠢ | ᠴᠤᠩᠬᠤ ᠪᠠᠷ ᠰᠡᠪᠢᠯᠵᠠᠨ ᠪᠤᠳᠤᠯ ᠡᠷᠭᠢᠴᠡᠭᠦᠯᠦᠯ ᠤᠨ ᠬᠠᠭᠤᠳᠠᠰᠤ ᠶᠢ ᠠᠶᠠᠷᠬᠠᠨ ᠰᠡᠭᠦᠨᠡ ᠁ | ᠮᠢᠨᠦ ᠠᠪᠤ ᠪᠤᠯ ᠪᠤᠬ᠎ᠠ ᠲᠡᠷᠭᠡᠨ ᠤ ᠵᠢᠯᠤᠭᠤᠴᠢ᠃ ᠵᠢᠯ ᠤᠨ ᠳᠦᠷᠪᠡᠨ ᠤᠯᠠᠷᠢᠯ ᠳᠤ ᠲᠡᠮᠤᠷ ᠪᠤᠬ᠎ᠠ ᠲᠠᠢ | ᠨᠤᠴᠤᠯᠳᠤᠵᠦ᠂ ᠭᠠᠯᠳᠤ ᠲᠡᠷᠭᠡᠨ ᠤ ᠬᠦᠷᠳᠦ ᠭᠠᠩ ᠵᠠᠮ ᠬᠤᠶᠠᠷ ᠢ ᠬᠠᠪᠢᠷᠠᠯᠳᠤᠭᠤᠯᠤᠨ ᠶᠠᠪᠤᠳᠠᠭ ᠬᠦᠮᠦᠨ᠃ | ᠡᠶᠢᠮᠦ ᠠᠴᠠ ᠠᠪᠤ ᠶᠢᠨ ᠪᠡᠶ᠎ᠡ ᠠᠴᠠ ᠬᠡᠵᠢᠶᠡᠳᠡ ᠲᠠᠮᠤᠷ ᠤᠨ ᠵᠢᠪᠡ ᠶᠢᠨ ᠦᠨᠤᠷ ᠬᠠᠩᠬᠤᠯᠵᠦ ᠶᠠᠪᠤᠳᠠᠭ᠃ | ᠤᠬᠢᠶᠠᠭᠠᠳ ᠴᠦ ᠰᠠᠯᠳᠠᠭ ᠦᠭᠡᠢ ᠲᠡᠷᠡ ᠦᠨᠦᠷ ᠨᠢ ᠤᠸᠠ ᠡᠩᠭᠡᠰᠬᠡ ᠦᠨᠦᠷᠳᠤ ᠤᠰᠤ ᠠᠴᠠ ᠴᠦ ︽ᠰᠤᠳᠤᠨ︾ | ᠪᠠᠶᠢᠵᠦ᠂ ᠬᠠᠵᠠᠭᠤ ᠳᠤ ᠨᠢ ᠰᠠᠭᠤᠬᠤ ᠠᠴᠠ ᠡᠭᠳᠡᠭᠦᠦ ᠬᠦᠷᠴᠦ᠂ ᠬᠠᠪᠢ ᠲᠡᠷᠭᠡᠲᠡᠭᠢ ᠬᠦᠮᠦᠨ ᠬᠠᠮᠠᠷ ᠦᠬᠡᠢ | ᠴᠦ ᠪᠤᠯᠤᠭᠠᠰᠠᠢ ᠬᠡᠮᠡᠨ ᠬᠡᠢ ᠰᠠᠨᠠᠲᠠᠭ ᠡ ︕ | ᠪᠢ ᠨᠠᠰᠤ ᠵᠢᠯ ᠨᠡᠮᠡᠭᠳᠡᠬᠦ ᠶᠢ ᠳᠠᠭᠠᠯᠳᠤᠨ ᠭᠡᠷ ᠤᠨ ᠠᠷᠰᠠᠷ ᠠᠵᠢᠯ ᠬᠢᠬᠦ ᠪᠤᠯᠵᠦ᠂ ᠬᠤᠪᠴᠠᠰᠤ ᠬᠤᠨᠠᠷ | ᠢᠶᠠᠨ ᠦᠪᠡᠷ ᠢᠶᠠᠨ ᠤᠭᠢᠶᠠᠳᠠᠭ ᠪᠤᠯᠪᠠ᠃ ᠵᠠᠷᠢᠮ ᠳᠤ ᠪᠠᠨ ᠳᠤᠷ᠎ᠠ ᠬᠦᠷᠪᠡᠯ ᠡᠵᠢ ᠶᠢᠨ ᠬᠤᠪᠴᠠᠰᠤ ᠶᠢ ᠴᠦ | ᠤᠭᠢᠶᠠᠴᠢᠬᠠᠳᠠᠭ᠃ ᠭᠡᠪᠡᠴᠦ ᠪᠢ ᠤᠭᠢᠶᠠᠵᠦ ᠪᠠᠶᠢᠨ᠎ᠡ ᠭᠡᠬᠦ ᠠᠴᠠ ᠨᠢᠳᠡᠷ ᠳᠡᠭᠡᠷ᠎ᠡ ᠪᠠᠨ ᠪᠤᠯ ᠠᠦ᠋ᠲ᠋ᠤ᠋ ᠤᠭᠢᠶᠠᠯᠭ᠎ᠠ | ᠶᠢᠨ ᠮᠠᠰᠢᠨ ᠤᠭᠢᠶᠠᠵᠦ᠂ ᠪᠢ ᠳᠡᠯᠭᠡᠵᠦ ᠬᠠᠳᠠᠭᠠᠵᠦ ᠪᠠᠶᠢᠳᠠᠭ ᠯᠡ ᠤᠴᠢᠷ᠃ ᠭᠡᠪᠡᠴᠦ ᠪᠢ ᠠᠪᠤ ᠶᠢᠨ ᠢᠶᠠᠨ | ᠬᠤᠪᠴᠠᠰᠤ ᠶᠢ ᠤᠬᠢᠶᠠᠳᠠᠭ ᠦᠭᠡᠢ᠂ ᠰᠢᠯᠳᠠᠭᠠᠨ ᠨᠢ ᠶᠠᠷᠢᠶᠠᠨ ᠦᠭᠡᠢ ᠦᠨᠦ ᠡᠭᠳᠡᠭᠦᠦ ᠶᠢ ᠬᠦᠷᠭᠡᠳᠡᠭ ᠲᠡᠮᠤᠷ ᠤᠨ | ᠵᠢᠪᠠ ᠶᠢᠨ ᠦᠨᠦᠷ ᠡ᠃ | ᠨᠢᠭᠡᠨ ᠭᠠᠷᠠᠭ ᠤᠨ ᠡᠳᠦᠷ ᠤᠨ ᠦᠳᠡ ᠳᠤ ᠪᠢ ᠦᠪᠡᠷ ᠤᠨ ᠬᠤᠪᠴᠠᠰᠤ ᠪᠠᠨ ᠤᠬᠢᠶᠠᠵᠦ ᠪᠠᠷᠠᠭᠠᠳ ᠭᠠᠷᠴᠤ | ᠶᠠᠪᠤᠬᠤ ᠳᠤ ᠠᠪᠤ ᠭᠠᠳᠠᠨ᠎ᠠ ᠴᠤᠮᠴᠤᠶᠢᠨ ᠰᠠᠭᠤᠵᠦ ᠶᠠᠭᠤ ᠨᠢᠭᠡ ᠶᠢ ᠬᠢᠵᠦ ᠪᠠᠶᠢᠬᠤ ᠬᠠᠷᠠᠭᠳᠠᠯ᠎ᠠ᠃ ᠪᠢ | ᠭᠠᠶᠢᠬᠠᠰᠬᠢᠵᠦ ᠤᠶᠢᠷᠠᠳᠤᠨ ᠤᠴᠢᠬᠤ ᠳᠤ ᠠᠪᠤ ᠬᠤᠪᠴᠠᠰᠤ ᠪᠠᠨ ᠤᠭᠢᠶᠠᠵᠦ ᠪᠠᠶᠢᠯ᠎ᠠ᠃ ᠪᠢ ᠭᠠᠶᠢᠬᠠᠵᠦ᠄ ︽ | ᠬᠤᠪᠴᠠᠰᠤ ᠤᠬᠢᠶᠠᠬᠤ ᠮᠠᠰᠢᠨ ᠪᠠᠶᠢᠬᠤ ᠳᠤ ᠶᠠᠭᠤ ᠶᠢ ᠨᠢ ᠭᠠᠷ ᠢᠶᠠᠷ ᠢᠶᠠᠨ ᠤᠭᠢᠶᠠᠴᠢᠬᠠᠭᠰᠠᠨ ᠪᠤᠢ︖ ᠲᠡᠨᠳᠡ | ᠰᠤᠯᠠ ᠪᠠᠶᠢᠨ᠎ᠠ᠂ ᠮᠠᠰᠢᠨ ᠢᠶᠠᠷ ᠤᠭᠢᠶᠠᠴᠢᠬᠠ︾ ᠭᠡᠬᠦ ᠳᠤ ᠠᠪᠤ ᠲᠥᠳᠡᠭᠡᠯᠵᠡᠭᠰᠡᠨ ᠢᠶᠠᠨ᠄ ︽ᠴᠢ ᠮᠠᠰᠢᠨ ᠢᠶᠠᠷ | ᠢᠶᠠᠨ ᠤᠭᠢᠶᠠᠴᠢᠬᠠ᠃ ᠠᠪᠤ ᠶᠢᠨ ᠬᠢᠨᠢ ᠡᠨᠡ ᠬᠤᠪᠴᠠᠰᠤ ᠪᠦᠷ ᠵᠢᠪᠡ ᠶᠢᠨ ᠦᠨᠦᠷ᠂ ᠨᠡᠩ ᠡᠨᠡ ᠠᠵᠢᠯ ᠤᠨ | ᠬᠤᠪᠴᠠᠰᠤ ᠪᠤᠯ ᠠᠪᠬᠤ ᠶᠢᠨ ᠠᠷᠭ᠎ᠠ ᠦᠭᠡᠢ᠂ ᠮᠠᠰᠢᠨ ᠳᠤ ᠴᠢᠨᠢ ᠪᠦᠷ ᠦᠨᠤᠷ ᠤᠷᠤᠭᠤᠯᠴᠢᠬᠠᠨᠠ︾ ᠭᠡᠯᠡ᠃ | ᠭᠡᠨᠡᠳᠳᠡ ᠪᠢ ᠠᠪᠤ ᠶᠢᠨ ᠮᠦᠷᠦᠨ ᠳᠡᠭᠡᠷᠡᠬᠢ ᠠᠯᠠᠭᠠᠨ ᠴᠢᠨᠡᠭᠡᠨ ᠤᠯᠠᠶᠢᠭᠰᠠᠨ ᠭᠡᠰᠡᠭ ᠢ ᠤᠯᠵᠦ ᠬᠠᠷᠠᠪᠠ᠃ ︽ᠡᠨᠡ | ᠴᠢᠨᠢ ᠶᠠᠭᠠᠬᠢᠴᠢᠬᠠᠪᠠ︖︾ ᠭᠡᠬᠦ ᠳᠤ ᠠᠪᠤ ᠠᠵᠢᠭ ᠴᠦ ᠦᠭᠡᠢ᠄ ︽ᠳᠡᠭᠡᠷ᠎ᠡ ᠭᠡᠳᠦᠨ ᠡᠳᠦᠷ ᠰᠢᠷᠦᠭᠦᠨ ᠪᠤᠷᠤᠭᠠᠨ | ᠤᠷᠤᠭᠠᠳ ᠲᠡᠮᠤᠷ ᠵᠠᠮ ᠪᠠᠭ᠎ᠠ ᠠᠰᠠᠭᠤᠳᠠᠯ ᠭᠠᠷᠤᠭᠰᠠᠨ ᠶᠤᠮ᠂ ᠬᠦᠮᠦᠨ ᠬᠦᠷᠬᠦ ᠦᠭᠡᠢ ᠪᠤᠯᠬᠤᠷ ᠪᠢ | ᠬᠠᠪᠰᠤᠷᠤᠭᠰᠠᠨ ᠶᠤᠮ ᠡ᠂ ᠬᠦᠰᠢᠭᠦᠷᠭᠡ ᠬᠠᠯᠳᠤᠷᠢᠭᠠᠳ ᠰᠢᠯᠪᠤᠯᠴᠢᠬᠠᠵᠠᠢ︾ ᠭᠡᠪᠡ᠃ ᠪᠢ ᠠᠪᠤ ᠪᠠᠨ ᠬᠦᠯᠢᠢᠨ᠄ | ︽ᠦᠭᠡᠢ᠂ ᠴᠢ ᠲᠡᠷᠭᠡ ᠪᠠᠨ ᠵᠢᠯᠤᠭᠤᠳᠬᠤ ᠦᠭᠡᠢ᠂ ᠶᠠᠭᠤ ᠶᠢ ᠨᠢ ᠤᠴᠢᠵᠦ ᠲᠡᠳᠡᠨ ᠳᠤ ᠬᠠᠪᠰᠤᠷᠴᠢᠬᠠᠭᠰᠠᠨ | ᠶᠤᠮ︖ ᠵᠠᠮ ᠵᠠᠰᠠᠬᠤ ᠠᠵᠢᠯᠴᠢᠨ ᠤ ᠬᠢᠬᠦ ᠠᠵᠢᠯ ᠠᠴᠠ ᠪᠢᠰᠢ ᠶᠠᠮᠠᠷ ᠵᠢᠯᠤᠭᠤᠴᠢ ᠶᠢᠨ ᠬᠢᠬᠦ ᠠᠵᠢᠯ ᠶᠤᠮ ᠤᠤ︖ | ᠬᠡᠷᠡᠭ ᠦᠭᠡᠢ ᠶᠠᠭᠤᠮᠠᠨ ᠳᠤ ᠬᠦᠴᠦ ᠪᠠᠨ ᠪᠠᠷᠠᠭᠠᠳ ᠶᠠᠮᠠᠷ ᠴᠠᠯᠢᠩ ᠴᠢᠨᠢ ᠦᠰᠦᠨ᠎ᠡ ᠤᠤ⁈︾ ᠭᠡᠵᠦ ᠰᠡᠴᠡᠷᠭᠡᠬᠦ | ᠳᠤ ᠠᠪᠤ ᠬᠠᠷᠢᠨ ᠬᠦᠮᠦᠰᠬᠡ ᠵᠠᠩᠭᠢᠲᠤᠨ᠄ ︽ᠲᠡᠮᠤᠷ ᠵᠠᠮ ᠤᠨ ᠠᠵᠢᠯ ᠤᠨ ᠬᠤᠪᠴᠠᠰᠤ ᠡᠮᠦᠰᠦᠭᠰᠡᠨ ᠬᠦᠮᠦᠨ | ᠪᠤᠯᠭᠠᠨ ᠲᠡᠮᠤᠷ ᠵᠠᠮ ᠤᠨ ᠪᠤᠢ ᠪᠦᠬᠦᠢ ᠠᠵᠢᠯ ᠤᠨ ᠲᠦᠯᠦᠭᠡ ᠰᠠᠨᠠᠭᠠᠰᠢᠷᠠᠬᠤ ᠶᠤᠮ ᠰᠢᠤ᠃ ᠪᠡᠶ᠎ᠡ ᠪᠡᠶ᠎ᠡ ᠪᠠᠨ | ᠪᠤᠳᠤᠵᠦ ᠬᠤᠪᠢ ᠬᠤᠪᠢ ᠪᠠᠨ ᠬᠦᠭᠡᠭᠡᠪᠡᠯ ᠡᠨᠡ ᠨᠡᠶᠢᠭᠡᠮ ᠴᠢᠨᠢ ᠶᠠᠭᠤ ᠪᠤᠯᠴᠢᠬᠠᠬᠤ ᠪᠤᠢ︖ ᠶᠠᠭᠤᠮ᠎ᠠ ᠪᠤᠯᠭᠠᠨ ᠢ | ᠵᠤᠭᠤᠰ ᠢᠶᠠᠷ ᠭᠡᠮᠵᠢᠵᠦ ᠪᠤᠯᠳᠠᠭ ᠦᠭᠡᠢ ᠶᠤᠮ ᠰᠢᠤ︕︾ ᠭᠡᠵᠦ ᠬᠡᠯᠡᠯ᠎ᠡ᠃ | ᠡᠳᠦᠢ ᠲᠤᠮᠤ ᠪᠤᠯᠳᠠᠯ᠎ᠠ ᠠᠪᠤ ᠶᠢᠨ ᠠᠵᠢᠯ ᠤᠨ ᠲᠤᠬᠠᠢ ᠮᠢᠨᠦ ᠪᠤᠢ ᠪᠦᠬᠦᠢ ᠦᠵᠡᠯ ᠪᠤᠳᠤᠯ ᠪᠦᠷ ᠯᠠ ᠲᠡᠮᠤᠷ | ᠤᠨ ᠵᠢᠪᠠ ᠶᠢᠨ ᠦᠨᠤᠷ ᠢ ᠨᠢ ᠡᠭᠲᠡᠬᠦᠴᠡᠬᠦ ᠯᠠ ᠲᠡᠲᠦᠢ᠃ ᠠᠪᠤ ᠶᠢᠨ ᠢᠶᠠᠨ ᠡᠳᠦᠷᠵᠢᠨ ᠶᠠᠭᠤ ᠬᠢᠵᠦ᠂ ᠬᠡᠷᠬᠢᠨ | ᠠᠵᠢᠯᠯᠠᠵᠦ᠂ ᠶᠠᠭᠠᠬᠢᠵᠦ ᠶᠠᠪᠤᠵᠦ ᠪᠠᠶᠢᠳᠠᠭ ᠢ ᠨᠢ ᠪᠢ ᠶᠡᠷᠦ ᠤᠶᠢᠰᠢᠶᠠᠭᠠ ᠦᠭᠡᠢ ᠶᠠᠪᠤᠵᠠᠢ᠃ ᠡᠨᠡ ᠦᠭᠡ ᠶᠢ ᠨᠢ | ᠰᠤᠨᠤᠰᠤᠭᠠᠳ ᠨᠠᠳᠠ ᠰᠦᠨᠢ ᠳᠦᠯᠢ ᠪᠠᠷ ᠠᠵᠢᠯ ᠤᠨ ᠪᠤᠭᠴᠤ ᠪᠠᠨ ᠡᠭᠦᠷᠦᠨ ᠠᠵᠢᠯ ᠠᠴᠠ ᠪᠠᠨ ᠪᠠᠭᠤᠵᠦ ᠪᠠᠶᠢᠳᠠᠭ | ᠲᠤᠭᠤᠰᠤ ᠪᠤᠯᠤᠭᠰᠠᠨ ᠵᠦᠳᠡᠭᠦᠷᠢ ᠲᠠᠢ ᠴᠢᠷᠠᠢ᠂ ᠵᠤᠨ ᠤ ᠴᠠᠭ ᠴᠤᠮᠤ ᠤᠰᠤ ᠤᠤᠭᠤᠬᠤ ᠶᠢᠨ ᠵᠠᠪ ᠴᠦ ᠦᠭᠡᠢ | ᠶᠠᠭᠠᠷᠠᠤ ᠰᠠᠨᠳᠤᠷᠤᠤ ᠠᠵᠢᠯ ᠳᠤ ᠪᠠᠨ ᠶᠠᠪᠤᠳᠠᠭ ᠠᠪᠤ ᠶᠢᠨ ᠪᠠᠷ᠎ᠠ᠂ ᠡᠪᠦᠯ ᠤᠨ ᠴᠠᠭ ᠰᠠᠯᠠᠭᠠᠨᠠᠳᠠᠯᠠ ᠪᠡᠭᠡᠷᠡᠵᠦ | ᠢᠷᠡᠳᠡᠭ ᠬᠤᠶᠠᠷ ᠭᠠᠷ ᠨᠢ ᠨᠢᠳᠦᠨ ᠳᠤ ᠦᠵᠡᠭᠳᠡᠬᠦ ᠰᠢᠭ ᠪᠤᠯᠵᠦ᠂ ᠬᠠᠯᠠᠭᠤᠨ ᠨᠠᠷᠠᠨ ᠳᠤ ᠲᠤᠩᠭᠤᠶᠢᠵᠦ | ᠰᠠᠭᠤᠭᠠᠳ ᠬᠤᠪᠴᠠᠰᠤ ᠪᠠᠨ ᠨᠤᠬᠤᠯᠠᠬᠤ ᠠᠪᠤ ᠶᠢᠨ ᠮᠠᠩᠨᠠᠢ ᠳᠡᠭᠡᠷᠡᠬᠢ ᠬᠦᠯᠦᠰᠦᠨ ᠮᠦᠬᠦᠯᠢᠭ ᠨᠢ ᠨᠢᠳᠤᠨ ᠳᠤ | ᠭᠢᠯᠠᠰᠬᠢᠬᠤ ᠳᠤ ᠪᠢ ᠦᠪᠡᠷ ᠤᠨ ᠢᠶᠠᠨ ᠳᠠᠩᠴᠤ ᠤᠬᠠᠭᠠᠨ ᠲᠦᠬᠦᠭᠡ ᠦᠭᠡᠢ᠂ ᠠᠴᠢᠯᠠᠯ ᠦᠭᠡᠢ ᠶᠠᠪᠤᠭᠰᠠᠨ ᠢᠶᠠᠨ | ᠭᠡᠨᠡᠳᠳᠡ ᠤᠬᠠᠭᠠᠷᠠᠭᠰᠠᠨ ᠶᠤᠮ᠃ | ᠠᠪᠤ ᠬᠤᠪᠴᠠᠰᠤ ᠪᠠᠨ ᠤᠬᠢᠶᠠᠬᠤ ᠪᠠᠨ ᠶᠠᠭᠠᠷᠠᠨ ᠪᠦᠬᠦᠶᠢᠵᠦ ᠰᠠᠭᠤᠭᠰᠠᠨ ᠶᠠᠩᠵᠤ ᠪᠠᠷ ᠢᠶᠠᠨ ᠨᠤᠬᠤᠯᠠᠨ᠎ᠠ᠃ | ᠪᠢ ᠳᠡᠷᠭᠡᠳᠡ ᠨᠢ ᠤᠴᠢᠵᠦ ᠶᠠᠪᠠᠭᠠᠨ ᠰᠠᠭᠤᠭᠠᠳ᠄ ︽ᠬᠤᠶᠠᠭᠤᠯᠠ ᠪᠠᠨ ᠤᠭᠢᠶᠠᠶᠠ᠂ ᠮᠢᠨᠦ ᠠᠪᠤ ᠮᠠᠷᠭᠠᠰᠢ | ᠴᠡᠪᠡᠷᠭᠡᠨ ᠬᠤᠪᠴᠠᠰᠤ ᠪᠠᠨ ᠭᠢᠯᠠᠶᠢᠳᠠᠯ᠎ᠠ ᠡᠮᠦᠰᠦᠭᠡᠳ ᠠᠵᠢᠯ ᠳᠤ ᠶᠠᠪᠤᠨ᠎ᠠ ᠰᠢᠤ︾ ᠭᠡᠵᠦ ᠢᠨᠢᠶᠡᠨ ᠬᠡᠯᠡᠯ᠎ᠡ᠃ ᠠᠪᠤ | ᠪᠢᠳᠡ ᠬᠤᠶᠠᠷ ᠲᠡᠷᠡ ᠡᠳᠦᠷ ᠢᠨᠢᠶᠡᠯᠴᠡᠵᠦ ᠬᠦᠭᠡᠷᠦᠭᠰᠡᠭᠡᠷ ᠠᠪᠤ ᠶᠢᠨ ᠠᠵᠢᠯ ᠤᠨ ᠬᠤᠪᠴᠠᠰᠤ ᠶᠢ ᠭᠢᠯᠠᠶᠢᠳᠠᠯ᠎ᠠ | ᠰᠠᠶᠢᠬᠠᠨ ᠤᠬᠢᠶᠠᠵᠦ ᠳᠡᠷᠡᠶᠢᠳᠡᠯᠠ ᠰᠠᠶᠢᠬᠠᠨ ᠳᠡᠯᠭᠡᠵᠦ ᠲᠠᠯᠪᠢᠭᠰᠠᠨ ᠶᠤᠮ᠃ ᠠᠪᠤ ᠶᠢᠨ ᠮᠢᠨᠢ ᠵᠦᠭᠡᠯᠡᠨ ᠢᠨᠢᠶᠡᠳᠦ᠂ | ᠲᠡᠭᠦᠨ ᠤ ᠪᠡᠶᠡᠨ ᠳᠤ ᠰᠢᠩᠭᠡᠭᠰᠡᠨ ᠲᠡᠮᠤᠷ ᠤᠨ ᠵᠢᠪᠡ ᠶᠢᠨ ᠦᠨᠦᠷ ᠲᠠᠢ ᠪᠠᠨ ᠴᠤᠭ ᠲᠡᠷᠡ ᠡᠳᠦᠷ ᠰᠡᠳᠬᠢᠯ ᠤᠨ | ᠮᠢᠨᠢ ᠭᠦᠨ ᠳᠤ ᠬᠠᠳᠠᠩᠰᠢᠭᠰᠠᠨ ᠶᠤᠮ᠃ | ᠠᠪᠤ ᠶᠢᠨ ᠪᠡᠶ᠎ᠡ ᠠᠴᠠ ᠬᠠᠩᠬᠤᠯᠬᠤ ᠵᠢᠪᠡ ᠶᠢᠨ ᠦᠨᠤᠷ ᠲᠤ ᠲᠡᠭᠦᠨ ᠠᠴᠠ ᠰᠡᠭᠦᠯᠡᠷ ᠡᠭᠲᠡᠭᠦᠴᠡᠯ ᠬᠦᠷᠬᠦ | ᠪᠠᠨ ᠪᠤᠯᠢᠵᠦ ᠡᠰᠡᠷᠭᠦ ᠪᠠᠷ ᠬᠠᠷᠢᠨ ᠬᠠᠯᠠᠭᠤᠬᠠᠨ ᠰᠠᠨᠠᠭᠳᠠᠬᠤ ᠪᠤᠯᠤᠭᠰᠠᠨ ᠶᠤᠮ᠃ | ᠪᠤᠬ᠎ᠠ ᠲᠡᠷᠭᠡ ᠪᠠᠯᠭᠠᠰᠤᠨ ᠤ ᠡᠮᠦᠨᠡᠬᠢ ᠦᠷᠳᠡᠭᠡᠨ ᠤ ᠤᠶᠢᠷᠠᠬᠠᠨ ᠳᠠᠬᠢᠵᠦ ᠤᠷᠭᠢᠷᠠᠯᠠ᠃ ᠠᠪᠤ ᠮᠢᠨᠢ ᠠᠵᠢᠯ | ᠠᠴᠠ ᠪᠠᠨ ᠪᠠᠭᠤᠵᠦ ᠬᠠᠷᠢᠵᠦ ᠢᠷᠡᠭᠦ ᠨᠢ ᠡ ᠁ | | ※ ᠲᠤᠰ ᠵᠤᠬᠢᠶᠠᠯ ᠲᠠᠪᠤᠲᠤᠭᠠᠷ ᠤᠲᠠᠭᠠᠨ ᠤ ᠨᠠᠢᠮᠠᠨ ᠰᠢᠷᠭ᠎ᠠ ᠵᠤᠬᠢᠶᠠᠯ ᠤᠨ ᠤᠷᠤᠯᠲᠤᠭᠠᠨ ᠳᠤ | ᠭᠤᠷᠪᠠᠲᠤᠭᠠᠷ ᠲᠡᠰ ᠤᠨ ᠱᠠᠩᠨᠠᠯ ᠬᠦᠷᠲᠡᠪᠡ ᠃ | ᠵᠢᠯᠤᠭᠤᠲᠤᠭᠰᠠᠨ ᠪᠠᠭᠰᠢ— ᠡᠩᠭᠡᠳᠦ᠋ᠪᠰᠢᠨ | | |