ᠵᠡᠮᠳᠡᠭᠴᠦᠳ ᠤᠨ ᠠᠰᠠᠷᠠᠮᠵᠢ ᠶᠢᠨ ᠬᠠᠷᠠᠭᠠᠯᠵᠠᠯ ᠣᠯᠭᠤᠬᠤ
ᠨᠡᠶᠢᠲᠡᠯᠡᠭᠰᠡᠨ ᠴᠠᠭ᠄
2021/12/14
ᠬᠦᠯᠢᠶᠡᠨ ᠰᠢᠢᠳᠪᠦᠷᠢᠯᠡᠬᠦ ᠨᠥᠬᠦᠴᠡᠯ        ᠵᠡᠮᠳᠡᠭᠴᠦᠳ ᠤᠨ ᠠᠰᠠᠷᠠᠮᠵᠢ ᠶᠢᠨ ᠬᠠᠷᠠᠭᠠᠯᠵᠠᠯ ᠣᠯᠭᠤᠨ᠎ᠠ᠃ᠲᠣᠭᠲᠠᠭᠠᠭᠰᠠᠨ ᠦᠨᠳᠦᠰᠦᠯᠡᠯ      【 ᠳᠦᠷᠢᠮ ᠲᠣᠭᠲᠠᠭᠠᠯ 】 ︽ᠵᠡᠮᠳᠡᠭᠴᠦᠳ ᠤᠨ ᠠᠰᠠᠷᠠᠮᠵᠢ ᠶᠢᠨ ᠬᠠᠮᠢᠶᠠᠷᠤᠯᠲᠠ ᠶᠢᠨ ᠠᠷᠭ᠎ᠠ︾ ︵ᠠᠷᠠᠳ ᠤᠨ ᠶᠠᠪᠤᠳᠠᠯ ᠤᠨ ᠶᠠᠮᠤᠨ ᠤ ᠵᠠᠷᠯᠢᠭ 50 ᠳ᠋ᠤᠭᠠᠷ ᠲᠣᠭᠠᠲᠤ︶ ᠶᠢᠨ ᠬᠤᠷᠢᠨ ᠬᠤᠶᠠᠳᠤᠭᠠᠷ ᠵᠤᠷᠪᠤᠰ ᠲᠤ᠂ ᠵᠡᠮᠳᠡᠭᠴᠦᠳ ᠲᠤ ᠵᠡᠮᠳᠡᠭ ᠤᠨ ᠲᠡᠰ ᠢ ᠦᠨᠡᠯᠡᠨ ᠲᠣᠭᠲᠠᠭᠠᠭᠰᠠᠨ ᠢ ᠵᠥᠪᠰᠢᠶᠡᠷᠡᠭᠰᠡᠨ ᠤ ᠳᠠᠷᠠᠭᠠᠬᠢ ᠬᠤᠶᠠᠳᠤᠭᠠᠷ ᠰᠠᠷ᠎ᠠ ᠠᠴᠠ ᠡᠬᠢᠯᠡᠨ᠂ ᠵᠡᠮᠳᠡᠭ ᠤᠨ ᠦᠨᠡᠮᠯᠡᠯ ᠣᠯᠭᠤᠭᠰᠠᠨ ᠰᠢᠶᠠᠨ ᠤ ᠱᠠᠲᠤᠨ ᠤ ᠠᠷᠠᠳ ᠤᠨ ᠵᠠᠰᠠᠭ ᠤᠨ ᠣᠷᠳᠣᠨ ᠤ ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠠᠴᠠ ᠲᠣᠭᠲᠠᠭᠠᠯ ᠶᠣᠰᠣᠭᠠᠷ ᠠᠰᠠᠷᠠᠮᠵᠢ ᠣᠯᠭᠤᠨ᠎ᠠ᠃ ᠵᠡᠮᠳᠡᠭᠴᠦᠳ ᠤᠨ ᠠᠰᠠᠷᠠᠮᠵᠢ ᠶᠢᠨ ᠬᠠᠷᠢᠴᠠᠭ᠎ᠠ ᠨᠢ ᠰᠢᠯᠵᠢᠭᠰᠡᠨ ᠪᠣᠯ ᠲᠡᠭᠦᠨ ᠤ ᠲᠤᠬᠠᠶ ᠶᠢᠨ ᠵᠢᠯ ᠤᠨ ᠠᠰᠠᠷᠠᠮᠵᠢ ᠶᠢᠨ ᠮᠥᠩᠭᠦ ᠶᠢ ᠴᠡᠷᠢᠭ ᠠᠩᠭᠢ ᠪᠤᠶᠤ ᠰᠢᠯᠵᠢᠵᠦ ᠭᠠᠷᠤᠭᠰᠠᠨ ᠭᠠᠵᠠᠷ ᠤᠨ ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠠᠴᠠ ᠬᠠᠷᠢᠭᠤᠴᠠᠨ ᠥᠭᠴᠦ᠂ ᠬᠤᠶᠠᠳᠤᠭᠠᠷ ᠵᠢᠯ ᠠᠴᠠ ᠨᠢ ᠡᠬᠢᠯᠡᠵᠦ ᠰᠢᠯᠵᠢᠵᠦ ᠣᠷᠣᠭᠰᠠᠨ ᠭᠠᠵᠠᠷ ᠤᠨ ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠠᠴᠠ ᠲᠤᠬᠠᠶ ᠶᠢᠨ ᠭᠠᠵᠠᠷ ᠤᠨ ᠪᠠᠷᠢᠮᠵᠢᠶ᠎ᠠ ᠪᠠᠷ ᠥᠭᠭᠦᠨ᠎ᠡ᠃ ᠰᠦᠢᠳᠬᠡᠯ ᠬᠤᠷᠢᠶᠠᠬᠤ ᠪᠠᠷᠢᠮᠵᠢᠶ᠎ᠠ ᠪᠣᠯᠤᠨ ᠦᠨᠳᠦᠰᠦᠯᠡᠯ        ᠰᠦᠢᠳᠬᠡᠯ ᠬᠤᠷᠢᠶᠠᠬᠤ ᠪᠠᠷᠢᠮᠵᠢᠶ᠎ᠠ ᠪᠠ ᠦᠨᠳᠦᠰᠦᠯᠡᠯ ᠪᠠᠶᠢᠬᠤ ᠦᠭᠡᠢ᠃ ᠭᠦᠢᠴᠡᠳᠬᠡᠬᠦ ᠭᠠᠵᠠᠷ ᠪᠠ ᠭᠦᠢᠴᠡᠳᠬᠡᠬᠦ ᠴᠠᠭ        ᠭᠦᠢᠴᠡᠳᠬᠡᠬᠦ ᠭᠠᠵᠠᠷ᠄ ᠠᠷᠤ ᠬᠤᠷᠴᠢᠨ ᠬᠤᠰᠢᠭᠤᠨ ᠤ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠲᠥᠪ ᠤᠨ ᠪᠠᠷᠠᠭᠤᠨ ︵ᠥᠯᠵᠡᠶᠢᠮᠥ᠋ᠷᠡᠨ ᠶᠡᠭᠡ ᠵᠡᠭᠡᠯᠢ ᠶᠢᠨ ᠪᠠᠷᠠᠭᠤᠨ ᠬᠡᠰᠡᠭ ᠤᠨ ᠵᠠᠮ ᠤᠨ ᠡᠮᠦᠨ᠎ᠡ︶᠂ ᠹᠦ᠋ ᠯᠢ ᠪᠠᠭ᠎ᠠ ᠲᠣᠭᠤᠷᠢᠭ ᠤᠨ ᠵᠡᠭᠦᠨ ᠡᠭᠦᠳᠡᠨ ᠳᠠᠬᠢ ᠴᠡᠷᠢᠭ ᠠᠴᠠ ᠬᠠᠯᠠᠭᠳᠠᠭᠰᠠᠳ ᠤᠨ ᠬᠡᠷᠡᠭ ᠶᠠᠪᠤᠳᠠᠯ ᠤᠨ ᠲᠣᠪᠴᠢᠶ᠎ᠠ 210        ᠭᠦᠢᠴᠡᠳᠬᠡᠬᠦ ᠴᠠᠭ᠄ ᠭᠠᠷᠠᠭ ᠤᠨ ᠨᠢᠭᠡᠨ ᠠᠴᠠ ᠭᠠᠷᠠᠭ ᠤᠨ ᠲᠠᠪᠤᠨ ᠤ ᠦᠳᠡ ᠶᠢᠨ ᠡᠮᠦᠨᠡᠬᠢ 8᠄ 30 — 11᠄ 30᠂ ᠦᠳᠡ ᠶᠢᠨ ᠬᠤᠶᠢᠨᠠᠬᠢ 14᠄ 30 — 17᠄ 30 ︵ᠬᠠᠤᠯᠢ ᠪᠠᠷ ᠲᠣᠭᠲᠠᠭᠠᠭᠰᠠᠨ ᠪᠠᠶᠠᠷ ᠳᠤᠷᠠᠰᠬᠠᠯ ᠤᠨ ᠡᠳᠦᠷ ᠠᠮᠠᠷᠠᠯᠲᠠ ᠶᠢᠨ ᠡᠳᠦᠷ ᠠᠴᠠ ᠭᠠᠳᠠᠨ᠎ᠠ︶        ᠨᠡᠶᠢᠲᠡ ᠶᠢᠨ ᠮᠠᠰᠢᠨ ᠲᠡᠷᠭᠡᠨ ᠤ ᠵᠠᠮ ᠱᠤᠭᠤᠮ᠄ 2 ᠳ᠋ᠤᠭᠠᠷ ᠵᠠᠮ ᠤᠨ ᠨᠡᠶᠢᠲᠡ ᠶᠢᠨ ᠮᠠᠰᠢᠨ ᠳᠤ ᠰᠠᠭᠤᠵᠤ ᠲᠡᠷᠭᠡᠨ ᠤ ᠬᠠᠮᠢᠶᠠᠷᠤᠯᠲᠠ ᠶᠢᠨ ᠥᠷᠲᠡᠭᠡᠨ ᠳᠤ ᠪᠠᠭᠤᠵᠤ᠂ ᠡᠮᠦᠨᠡᠰᠢ 1.3 ᠺᠢᠯᠣᠮᠧᠲᠷ ᠣᠷᠴᠢᠮ ᠶᠠᠪᠤᠨ᠎ᠠ᠃        ᠥᠪᠥᠷ ᠮᠣᠩᠭᠤᠯ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠰᠦᠯᠵᠢᠶ᠎ᠡ ᠠᠴᠠ ᠰᠢᠯᠵᠢᠭᠦᠯᠦᠨ ᠣᠷᠴᠢᠭᠤᠯᠪᠠ᠃        ᠨᠠᠷᠢᠨ ᠠᠭᠤᠯᠭ᠎ᠠ ᠶᠢ ᠨᠢ ᠳᠤᠤᠷᠠᠬᠢ ᠰᠦᠯᠵᠢᠶᠡᠨ ᠤ ᠬᠠᠶ᠋ᠢᠭ ᠢᠶᠠᠷ ᠦᠵᠡᠭᠡᠷᠡᠢ᠄ http://zwfw.nmg.gov.cn/handle_affairs_detail?item_detail_id=ff8080817654c56501766936bf054f24®ionCode=150421000000&highlight=personal&record=istrue
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号