10 ᠰᠠᠷ᠎ᠠ ᠶᠢᠨ 11 ᠤ ᠡᠳᠤᠷ᠂ ᠬᠠᠨ ᠠᠭᠤᠯᠠ ᠵᠡᠭᠡᠯᠢ ᠭᠤᠳᠣᠮᠵᠢ ᠶᠢᠨ ᠬᠢᠨ ᠨᠡᠶᠢᠭᠡᠮ ᠲᠣᠭᠤᠷᠢᠭ ᠤᠨ | ᠬᠤᠭᠤᠯᠠᠨ ᠭᠡᠷ ᠤᠨ ᠠᠵᠢᠯ ᠡᠬᠢᠯᠡᠭᠦᠯᠬᠦ ᠶᠣᠰᠣᠯᠠᠯ ᠢ ᠡᠷᠬᠢᠯᠡᠨ ᠶᠠᠪᠤᠭᠳᠠᠭᠤᠯᠪᠠ᠃ | | | | | | ᠦᠷᠯᠥᠭᠡ ᠡᠷᠲᠡ ᠪᠠᠷ᠂ ᠨᠡᠶᠢᠭᠡᠮ ᠲᠣᠭᠤᠷᠢᠭ ᠤᠨ ᠬᠤᠭᠤᠯᠠᠨ ᠭᠡᠷ ᠤᠨ ᠡᠭᠦᠳᠡᠨ ᠳᠤ ᠮᠠᠰᠢ ᠤᠯᠠᠨ | ᠬᠦᠮᠤᠨ ᠴᠣᠭᠯᠠᠷᠠᠵᠤ᠂ ᠬᠤᠭᠤᠯᠠᠨ ᠭᠡᠷ ᠤᠨ ᠠᠵᠢᠯᠲᠠᠳ ᠵᠣᠴᠢᠳ ᠤᠨ ᠮᠣᠷᠢᠯᠠᠨ ᠰᠠᠭᠠᠳᠠᠬᠤ ᠶᠢ ᠬᠦᠯᠢᠶᠡᠵᠤ | ᠪᠠᠶᠢᠯ᠎ᠠ᠃ ᠬᠥᠭᠵᠢᠶᠡᠨ ᠨᠡᠷᠬᠢᠶᠡᠨ ᠲᠠᠢ ᠶᠠᠩᠭᠠᠷ ᠪᠦᠵᠢᠭ ᠤᠨ ᠲᠤᠭᠯᠠᠯᠲᠠ ᠳᠣᠮᠳᠠ ᠨᠡᠶᠢᠭᠡᠮ ᠲᠣᠭᠤᠷᠢᠭ ᠤᠨ | ᠬᠤᠭᠤᠯᠠᠨ ᠭᠡᠷ ᠡᠭᠦᠳᠡ ᠪᠠᠨ ᠨᠡᠭᠡᠭᠡᠵᠦ᠂ ᠠᠵᠢᠯᠯᠠᠭ᠎ᠠ ᠶᠢᠨ ᠲᠤᠬᠠᠢ ᠶᠢᠨ ᠳᠠᠯᠠᠪᠠᠢ ᠳᠤ ᠪᠠᠰᠠ ᠠᠯᠪᠠᠨ ᠵᠢᠷᠤᠮ ᠤᠨ | ᠦᠰᠤ ᠵᠠᠰᠠᠬᠤ ᠦᠢᠯᠡᠴᠢᠯᠡᠭᠡ ᠬᠠᠩᠭᠠᠭᠰᠠᠨ ᠪᠠᠶᠢᠨ᠎ᠠ᠃ | | | | ︽ᠰᠣᠨᠣᠰᠬᠤᠯᠠᠷ ᠨᠡᠶᠢᠭᠡᠮ ᠲᠣᠭᠤᠷᠢᠭ ᠤᠨ ᠬᠤᠭᠤᠯᠠᠨ ᠭᠡᠷ ᠨᠢ ᠨᠠᠰᠤᠳᠠᠶᠢᠴᠤᠳ ᠲᠤ ᠬᠠᠷᠠᠭᠠᠯᠵᠠᠯ ᠲᠠᠢ | ᠭᠡᠨ᠎ᠡ ᠁︾ ︽ᠠᠮᠲᠠᠯᠠᠵᠤ ᠦᠵᠡᠶ᠎ᠠ ᠭᠡᠵᠦ ᠢᠷᠡᠭᠰᠡᠨ ᠶᠤᠮ ᠁︾ ᠭᠡᠬᠦ ᠮᠡᠳᠣ ᠪᠠᠷ ᠬᠦᠮᠤᠰ | ᠬᠤᠭᠤᠷᠤᠨᠲᠤ ᠪᠠᠨ ᠶᠠᠷᠢᠯᠴᠠᠨ᠎ᠠ᠃ ᠦᠳᠡ ᠣᠶᠢᠷᠠᠳᠬᠤ ᠪᠠᠷ᠂ ᠨᠡᠶᠢᠭᠡᠮ ᠲᠤᠭᠤᠷᠢᠭ ᠤᠨ ᠬᠤᠭᠤᠯᠠᠨ ᠭᠡᠷ ᠨᠢ ᠨᠡᠩ | ᠤᠯᠠᠨ ᠰᠠᠭᠤᠭᠠᠯᠢ ᠠᠷᠠᠳ ᠢ ᠤᠭᠲᠤᠨ ᠵᠣᠴᠢᠯᠠᠵᠤ᠂ ᠠᠮᠳᠠᠲᠤ ᠬᠤᠭᠤᠯᠠᠨ ᠤ ᠦᠨᠣᠷ ᠬᠠᠩᠬᠤᠯᠤᠨ᠂ ᠦᠳᠡ ᠶᠢᠨ | ᠬᠤᠭᠤᠯᠠ ᠢᠳᠡᠬᠦ ᠪᠠᠷ ᠢᠷᠡᠭᠰᠠᠳ ᠴᠤᠪᠤᠷᠠᠵᠤ ᠯᠠ ᠪᠠᠶᠢᠯ᠎ᠠ᠃ | | | | ᠨᠡᠶᠢᠭᠡᠮ ᠲᠣᠭᠤᠷᠢᠭ ᠤᠨ ᠬᠤᠭᠤᠯᠠᠨ ᠭᠡᠷ ᠢ ᠪᠠᠶᠢᠭᠤᠯᠤᠭᠰᠠᠨ ᠨᠢ ᠦᠷᠭᠡᠨ ᠤᠯᠠᠨ ᠰᠠᠭᠤᠭᠠᠯᠢ ᠠᠷᠠᠳ ᠤᠨ | ᠢᠳᠡᠭᠡᠨ ᠤᠮᠳᠠᠭᠠᠨ ᠤ ᠬᠡᠷᠡᠭᠴᠡᠭᠡ ᠱᠠᠭᠠᠷᠳᠠᠯᠭ᠎ᠠ ᠶᠢ ᠬᠠᠩᠭᠠᠬᠤ ᠶᠢᠨ ᠲᠦᠯᠥᠭᠡ ᠠᠪᠤᠭᠰᠠᠨ ᠢᠳᠡᠪᠬᠢᠲᠠᠢ ᠠᠷᠭ᠎ᠠ | ᠬᠡᠮᠵᠢᠶ᠎ᠡ ᠪᠠᠶᠢᠵᠤ᠂ ᠬᠤᠭᠤᠯᠠᠨ ᠭᠡᠷ ᠤᠨ ᠬᠢᠨ ᠠᠴᠠ ᠰᠠᠭᠤᠭᠠᠯᠢ ᠠᠷᠠᠳ ᠨᠢᠭᠡᠪᠦᠷᠢ ᠳᠤ ᠡᠷᠡᠭᠦᠯ ᠮᠠᠨᠳᠣ ᠳᠤ | ᠲᠣᠰᠠᠲᠠᠢ ᠠᠮᠳᠠᠲᠤ ᠬᠤᠭᠤᠯᠠᠨ ᠤ ᠲᠦᠬᠦᠮ ᠦᠢᠯᠡᠴᠢᠯᠡᠭᠡ ᠬᠠᠩᠭᠠᠬᠤ ᠪᠠᠷ ᠴᠢᠷᠮᠠᠶᠢᠵᠤ᠂ ᠶᠠᠭᠠᠷᠠᠯᠲᠠᠢ ᠠᠵᠢᠯᠯᠠᠵᠤ | ᠪᠠᠶᠢᠭ᠎ᠠ ᠬᠥᠮᠤᠰ ᠪᠠ ᠣᠨᠴᠠᠭᠠᠢ ᠬᠠᠯᠠᠮᠵᠢᠯᠠᠬᠤ ᠴᠢᠬᠤᠯᠠᠲᠠᠢ ᠨᠠᠰᠤᠳᠠᠶᠢᠴᠤᠳ ᠤᠨ ᠠᠯᠢ ᠨᠢ ᠴᠤ ᠭᠡᠰᠡᠨ ᠠᠳᠠ ᠠᠴᠠ | ᠭᠡᠷ ᠪᠦᠯᠢ ᠶᠢᠨ ᠦᠨᠣᠷ ᠠᠮᠲᠠ ᠲᠠᠢ ᠬᠤᠭᠤᠯᠠ ᠤᠮᠳᠠ ᠬᠦᠷᠳᠡᠵᠤ᠂ ᠰᠠᠭᠤᠭᠠᠯᠢ ᠠᠷᠠᠳ ᠠᠳᠠ ᠨᠤᠳᠤᠭ ᠤᠨ ᠢᠶᠠᠨ | ᠬᠤᠭᠤᠯᠠ ᠵᠠᠭᠤᠰᠢ ᠶᠢ ᠠᠮᠲᠠᠯᠠᠬᠤ ᠪᠠᠷ ᠪᠠᠷᠠᠬᠤ ᠦᠭᠡᠢ᠂ ᠪᠠᠰᠠ ᠬᠠᠯᠠᠭᠤᠨ ᠳᠤᠯᠠᠭᠠᠨ ᠪᠠ ᠬᠠᠶᠢᠷ᠎ᠠ ᠬᠠᠯᠠᠮᠵᠢᠯᠡᠯ ᠢ | ᠬᠦᠷᠲᠡᠬᠦ ᠪᠣᠯᠣᠨ᠎ᠠ᠃ | | | | ᠣᠶᠢᠯᠠᠭᠠᠭᠰᠠᠨ ᠢᠶᠠᠷ᠂ ᠨᠡᠶᠢᠭᠡᠮ ᠲᠣᠭᠤᠷᠢᠭ ᠤᠨ ᠬᠤᠭᠤᠯᠠᠨ ᠭᠡᠷ ᠨᠢ ᠲᠢᠶᠠᠨ ᠵᠢᠶᠣᠣ ᠹᠦ᠋ ᠰᠠᠭᠤᠭᠠᠯᠢ | ᠲᠣᠭᠤᠷᠢᠭ ᠪᠣᠯᠣᠨ ᠲᠢᠶᠠᠨ ᠵᠢᠶᠣᠣ ᠨᠠᠨ ᠶᠤᠸᠠᠨ ᠰᠠᠭᠤᠭᠠᠯᠢ ᠲᠣᠭᠤᠷᠢᠭ ᠤᠨ ᠳᠤᠮᠳᠠᠭᠤᠷᠬᠢ ᠶᠠᠪᠠᠭᠠᠨ ᠵᠡᠭᠡᠯᠢ ᠶᠢᠨ | ᠬᠤᠲᠠᠯᠳᠤᠭᠠᠨ ᠤ ᠲᠢᠩᠬᠢᠮ ᠳᠤ ᠪᠠᠶᠢᠷᠢᠯᠠᠵᠤ᠂ ᠲᠣᠭᠠᠴᠠᠭ᠎ᠠ ᠬᠢᠬᠦ ᠳᠤ ᠪᠠᠯᠠᠨ ᠵᠣᠭᠤᠰ ᠬᠡᠷᠡᠭᠯᠡᠬᠦ᠂ ᠵᠢᠰᠤ ᠪᠠᠷ | ᠲᠣᠭᠠᠴᠠᠭ᠎ᠠ ᠬᠢᠬᠦ᠂ ᠸᠢᠴᠠᠲ ᠢᠶᠠᠷ ᠲᠣᠭᠠᠴᠠᠭ᠎ᠠ ᠬᠢᠬᠦ ᠵᠡᠷᠭᠡ ᠣᠯᠠᠨ ᠵᠣᠶᠢᠯ ᠤᠨ ᠠᠷᠭ᠎ᠠ ᠶᠢ ᠴᠥᠮ ᠬᠡᠷᠡᠭᠯᠡᠵᠦ | ᠪᠣᠯᠣᠨ᠎ᠠ᠃ ᠨᠡᠶᠢᠭᠡᠮ ᠲᠤᠭᠤᠷᠢᠭ ᠤᠨ ᠬᠤᠭᠤᠯᠠᠨ ᠭᠡᠷ ᠨᠢ ᠤᠳᠤᠬᠠᠨ ᠳᠤ ᠦᠷᠯᠤᠭᠡ ᠪᠣᠯᠣᠨ ᠦᠳᠡ ᠶᠢᠨ ᠬᠤᠭᠤᠯᠠ | ᠬᠠᠩᠭᠠᠵᠤ᠂ ᠵᠠᠭᠤᠰᠢ ᠨᠣᠭᠤᠭᠠᠨ ᠤ ᠲᠦᠷᠤᠯ ᠵᠦᠢᠯ ᠳᠤ ᠭᠤᠣᠯᠳᠠᠭᠤ ᠡᠩ ᠤᠨ ᠴᠢᠨᠠᠵᠤ ᠪᠣᠯᠭᠤᠭᠰᠠᠨ ᠨᠣᠭᠤᠭ᠎ᠠ᠂ | ᠮᠢᠬᠠᠳᠠᠢ ᠨᠣᠭᠤᠭ᠎ᠠ ᠵᠡᠷᠭᠡ ᠠᠳᠠᠯᠢ ᠪᠤᠰᠤ ᠲᠦᠷᠤᠯ ᠤᠨ 10 ᠭᠠᠷᠤᠢ ᠵᠦᠢᠯ ᠪᠠᠶᠢᠨ᠎ᠠ᠃ ᠬᠤᠭᠤᠯᠠᠨ ᠭᠡᠷ ᠨᠢ | ᠨᠠᠰᠤᠳᠠᠶᠢᠴᠦᠳ ᠲᠤ ᠬᠠᠷᠠᠭᠠᠯᠵᠠᠯ ᠤᠨ ᠲᠦᠷᠤ ᠶᠢᠨ ᠪᠤᠳᠤᠯᠭ᠎ᠠ ᠦᠵᠡᠭᠦᠯᠵᠤ᠂ 60 — 69 ᠪᠦᠬᠦᠯᠢ ᠨᠠᠰᠤᠨ ᠤ | ᠨᠠᠰᠣᠳᠠᠶᠢᠴᠣᠣᠨ ᠲᠤ 9 ᠶᠢᠨ ᠨᠤᠭᠤᠯᠤᠭ᠎ᠠ ᠲᠠᠢ᠂ 70 —74 ᠪᠦᠬᠦᠯᠢ ᠨᠠᠰᠤᠨ ᠤ ᠨᠠᠰᠤᠳᠠᠶᠢᠴᠤᠳ ᠲᠤ 8 ᠶᠢᠨ | ᠨᠤᠭᠤᠯᠤᠭ᠎ᠠ ᠲᠠᠢ᠂ 75 — 79 ᠪᠦᠭᠦᠯᠢ ᠨᠠᠰᠤᠨ ᠤ ᠨᠠᠰᠤᠳᠠᠶᠢᠴᠤᠳ ᠲᠤ 7 ᠶᠢᠨ ᠨᠤᠭᠤᠯᠤᠭ᠎ᠠ ᠲᠠᠢ᠂ 80 | ᠪᠦᠬᠦᠯᠢ ᠨᠠᠰᠤᠨ ᠠᠴᠠ ᠳᠡᠭᠡᠭᠰᠢᠬᠢ ᠨᠠᠰᠤᠳᠠᠶᠢᠴᠤᠳ ᠲᠤ 5 ᠶᠢᠨ ᠨᠤᠭᠤᠯᠤᠭ᠎ᠠ ᠲᠠᠢ᠃ ᠲᠣᠰ ᠬᠠᠷᠠᠭᠠᠯᠵᠠᠯ ᠤᠨ | ᠲᠦᠷᠤ ᠶᠢᠨ ᠪᠣᠳᠣᠯᠭ᠎ᠠ ᠶᠢ ᠲᠤᠷᠰᠢᠨ ᠡᠵᠡᠩᠨᠡᠬᠦ ᠬᠤᠭᠤᠴᠠᠭᠠᠨ ᠳᠤ ᠪᠠᠨ ᠨᠡᠶᠢᠲᠡ 50 ᠭᠠᠷᠤᠢ ᠨᠠᠰᠤᠲᠠᠨ ᠳᠤ | ᠬᠦᠷᠲᠡᠭᠡᠯ ᠦᠵᠡᠭᠦᠯᠵᠦ᠂ ᠣᠯᠠᠨ ᠤ ᠰᠠᠶᠢᠨ ᠦᠨᠡᠯᠡᠯᠲᠡ ᠶᠢ ᠣᠯᠣᠭᠰᠡᠨ ᠪᠠᠶᠢᠨ᠎ᠠ᠃ ︵ᠵᠣᠣ ᠶᠠ ᠨᠠᠨ︶ | | |