10 ᠰᠠᠷ᠎ᠠ ᠶᠢᠨ 22 ᠤᠨ ᠡᠳᠤᠷ᠂ ᠪᠡᠭᠡᠵᠢᠩ ᠬᠤᠲᠠ ᠶᠢᠨ ᠴᠠᠩᠫᠢᠩ ᠲᠣᠭᠤᠷᠢᠭ ᠪᠠ ᠠᠷᠤ ᠬᠤᠷᠴᠢᠨ | ᠬᠤᠰᠢᠭᠤ ᠶᠢᠨ ᠬᠦᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠰᠤᠷᠭᠠᠨ ᠬᠦᠮᠤᠵᠢᠯ ᠤᠨ ᠬᠠᠮᠵᠢᠯᠴᠠᠭ᠎ᠠ ᠶᠢᠨ | ︽︿ᠹᠸᠢ ᠰᠢᠶᠠᠩ﹀ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠲᠠᠨᠠᠬᠢ ᠬᠤᠣᠰ ᠪᠠᠭᠰᠢ ᠶᠢᠨ ᠬᠢᠴᠢᠶᠡᠯᠡᠯᠭᠡ ᠶᠢᠨ | ᠳᠠᠩᠬᠢᠮ︾ ᠤᠨ ᠵᠢᠭᠠᠨ ᠰᠤᠷᠭᠠᠯᠲᠠ ᠶᠢᠨ ᠦᠵᠡᠭᠦᠯᠭᠡ ᠶᠢᠨ ᠬᠤᠷᠠᠯ ᠨᠢ ᠬᠠᠨ ᠠᠭᠤᠯᠠ ᠪᠠᠭ᠎ᠠ ᠰᠤᠷᠭᠠᠭᠤᠯᠢ ᠳᠤ | ᠶᠠᠪᠤᠭᠳᠠᠵᠤ᠂ ᠬᠤᠰᠢᠭᠤᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠵᠠᠰᠠᠭ ᠤᠨ ᠤᠷᠳᠤᠨ ᠤ ᠳᠡᠳ᠋ | ᠳᠠᠷᠤᠭ᠎ᠠ ᠶᠠᠩ ᠵᠢᠶᠧ᠂ ᠪᠡᠭᠡᠵᠢᠩ ᠤᠨ ᠶᠤᠸᠠᠨ ᠯᠢ ᠰᠢᠨᠵᠢᠯᠡᠬᠦ ᠤᠬᠠᠭᠠᠨ ᠮᠡᠷᠭᠡᠵᠢᠯ ᠤᠨ ᠪᠦᠯᠤᠭ᠍ᠯᠡᠯ ᠤᠨ ᠵᠠᠰᠠᠭ ᠤᠨ | ᠣᠷᠳᠣᠨ ᠤ ᠶᠠᠪᠤᠳᠠᠯ ᠤᠨ ᠶᠡᠷᠤᠩᠬᠡᠢ ᠬᠢᠨᠠᠭᠴᠢ ᠸᠠᠩ ᠴᠥᠨ ᠬᠤᠤ᠂ ︽︿ᠹᠸᠢ ᠰᠢᠶᠠᠩ﹀ ᠰᠦᠯᠵᠢᠶᠠᠨ ᠳᠡᠭᠡᠷᠡᠬᠢ | ᠪᠠ ᠰᠦᠯᠵᠢᠶᠡᠨ ᠭᠠᠲᠠᠨᠠᠬᠢ ᠬᠤᠤᠰ ᠪᠠᠭᠰᠢ ᠶᠢᠨ ᠬᠢᠴᠢᠶᠡᠯᠡᠯᠭᠡ ᠶᠢᠨ ᠳᠠᠩᠬᠢᠮ︾ ᠤᠨ ᠬᠢᠴᠢᠶᠠᠯ ᠤᠨ | ᠬᠠᠷᠢᠭᠤᠴᠠᠯᠭᠠᠳᠠᠨ ᠵᠤ᠋ ᠹᠠᠩ ᠹᠠᠩ ᠠᠵᠢᠯᠯᠠᠭ᠎ᠠ ᠳᠤ ᠣᠷᠣᠯᠴᠠᠵᠠᠢ᠃ | | | | ᠦᠵᠡᠭᠦᠯᠭᠡ ᠶᠢᠨ ᠬᠢᠴᠢᠶᠡᠯ ᠳᠡᠭᠡᠷ᠎ᠡ᠂ ᠬᠠᠨ ᠠᠭᠤᠯᠠ ᠪᠠᠭ᠎ᠠ ᠰᠤᠷᠭᠠᠭᠤᠯᠢ ᠶᠢᠨ ᠪᠠᠭᠰᠢ ᠠᠴᠠ ︽ | ᠨᠢᠭᠤᠴᠠ ᠶᠢ ᠬᠠᠶᠢᠬᠤ ᠵᠣᠬᠢᠶᠠᠮᠠᠯ ᠣᠶᠣᠨ ᠴᠢᠳᠠᠪᠤᠷᠢ︾ ᠭᠡᠬᠦ ᠬᠤᠣᠰ ᠪᠠᠭᠰᠢ ᠶᠢᠨ ᠬᠢᠴᠢᠶᠡᠯᠡᠯᠭᠡ ᠶᠢᠨ ᠦᠵᠡᠭᠦᠯᠭᠡ | ᠬᠢᠵᠦ᠂ ᠬᠡᠣᠬᠡᠣᠨ ᠤᠳ ᠲᠤ ᠵᠣᠬᠢᠶᠡᠮᠡᠯ ᠣᠶᠣᠨ ᠴᠢᠳᠡᠪᠦᠷᠢ ᠶᠢᠨ ᠭᠤᠤᠯᠯᠠᠬᠤ ᠮᠡᠷᠭᠡᠵᠢᠯ ᠢ ᠪᠡᠶᠡᠴᠢᠯᠡᠨ | ᠣᠶᠢᠯᠠᠭᠠᠭᠤᠯᠬᠤ ᠪᠠᠷ ᠲᠠᠮᠵᠢᠨ ᠬᠦᠨᠵᠡᠭᠡᠢ ᠡᠵᠡᠮᠰᠢᠭᠦᠯᠵᠤ᠂ ᠰᠤᠷᠤᠭᠴᠢᠳ ᠥᠪᠡᠷ ᠤᠨ ᠢᠶᠠᠨ ᠲᠦᠷᠢ ᠳᠤ | ᠵᠦᠴᠦᠭᠡ ᠶᠢᠨ ᠦᠭᠡᠰ ᠨᠠᠶᠢᠷᠠᠭᠤᠯᠤᠨ ᠪᠢᠴᠢᠬᠦ ᠶᠢᠨ ᠬᠠᠮᠲᠤ ᠮᠡᠷᠭᠡᠵᠢᠯ ᠢᠶᠠᠷ ᠦᠭᠡ ᠬᠡᠯᠡᠨ ᠤ ᠨᠡᠶᠢᠯᠡᠯᠲᠠ ᠬᠢᠵᠦ᠂ | ᠥᠪᠡᠷᠮᠢᠴᠡ ᠣᠨᠴᠠᠯᠢᠭ ᠲᠠᠢ ᠠᠪᠢᠶ᠎ᠡ ᠳᠠᠭᠠᠷᠠᠭᠤᠯᠬᠤ ᠦᠵᠡᠭᠦᠯᠭᠡ ᠶᠢ ᠬᠢᠵᠤ ᠪᠠᠶᠡᠯᠡᠭᠦᠯᠵᠠᠢ᠃ ᠪᠦᠬᠦᠶᠢᠯᠡ ᠶᠠᠪᠤᠴᠡ | ᠨᠢ ᠬᠡᠣᠬᠡᠣᠨ ᠤᠳ ᠲᠤ ᠦᠭᠡ ᠬᠡᠯᠡᠨ ᠤ ᠨᠡᠶᠢᠯᠠᠯᠲᠠ ᠶᠢᠨ ᠮᠡᠷᠭᠡᠵᠢᠯ ᠤᠨ ᠭᠠᠶᠢᠬᠠᠮᠰᠢᠭ ᠢ ᠮᠡᠳᠡᠷᠡᠭᠦᠯᠦᠭᠰᠡᠨ ᠢᠶᠠᠷ | ᠪᠠᠷᠠᠬᠤ ᠦᠭᠡᠢ᠂ ᠲᠡᠲᠠᠨᠠᠷ ᠢ ᠰᠢᠨᠵᠢᠯᠡᠬᠦ ᠤᠬᠠᠭᠠᠨ ᠮᠡᠷᠭᠡᠵᠢᠯ ᠳᠤ ᠨᠡᠩ ᠶᠡᠭᠡ ᠤᠷᠮ᠎ᠠ ᠪᠠᠬ᠎ᠠ ᠲᠠᠢ ᠪᠣᠯᠭᠠᠪᠠ᠃ | | | | | | ᠬᠢᠴᠢᠶᠡᠯᠡᠯᠭᠡ ᠶᠢᠨ ᠳᠤᠮᠳᠠ᠂ ᠰᠦᠯᠵᠢᠶᠡᠨ ᠳᠡᠭᠡᠷᠡᠬᠢ ᠪᠠᠭᠰᠢ ᠠᠴᠠ ᠮᠡᠳᠡᠯᠭᠡ ᠵᠢᠭᠠᠨ ᠤᠯᠠᠮᠵᠢᠯᠠᠬᠤ ᠪᠠ | ᠡᠭᠦᠷᠭᠡ ᠲᠠᠰᠬᠠᠯ ᠪᠠᠶᠢᠷᠢᠯᠠᠭᠤᠯᠬᠤ ᠶᠢ ᠬᠠᠷᠢᠭᠤᠴᠠᠨ᠂ ᠰᠦᠯᠵᠢᠶᠠᠨ ᠭᠠᠲᠠᠨᠠᠬᠢ ᠪᠠᠭᠰᠢ ᠠᠴᠠ ᠰᠤᠷᠣᠭᠴᠢᠳ ᠢ | ᠬᠦᠳᠤᠯᠤᠨ ᠳᠠᠭᠠᠭᠤᠯᠵᠤ ᠬᠠᠶᠢᠨ ᠰᠢᠨᠵᠢᠯᠠᠯᠲᠠ ᠬᠢᠬᠦ ᠪᠠ ᠬᠠᠮᠲᠤᠷᠠᠯᠴᠠᠭ᠎ᠠ ᠦᠷᠨᠢᠭᠦᠯᠬᠦ ᠶᠢ ᠬᠠᠷᠢᠭᠤᠴᠠᠵᠤ᠂ | ᠡᠶᠢᠮᠦᠷᠭᠦᠦ ᠪᠠᠶᠠᠴᠢᠯᠠᠨ ᠣᠶᠢᠯᠠᠭᠠᠬᠤ ᠮᠠᠶ᠋ᠢᠭ ᠤᠨ ᠰᠤᠷᠤᠯᠴᠠᠯᠭ᠎ᠠ ᠪᠠᠷ ᠲᠠᠮᠵᠢᠨ᠂ ᠰᠤᠷᠤᠭᠴᠢᠳ ᠤᠨ ᠬᠠᠷᠢᠯᠴᠠᠨ | ᠣᠶᠢᠯᠠᠳᠤᠯᠴᠠᠬᠦ ᠪᠠᠶᠠᠴᠢ ᠣᠶᠢᠯᠠᠭᠠᠯᠲᠠ ᠶᠢ ᠨᠡᠮᠡᠭᠳᠡᠭᠦᠯᠵᠤ᠂ ᠰᠤᠷᠤᠯᠴᠠᠬᠤ ᠣᠷᠮ᠎ᠠ ᠰᠡᠳᠬᠢᠯᠭᠡ ᠶᠢ ᠮᠠᠰᠢ ᠶᠡᠭᠡ ᠪᠠᠷ | ᠬᠦᠭᠵᠢᠭᠡᠨ᠂ ᠰᠤᠷᠤᠯᠴᠠᠬᠤ ᠦᠷ᠎ᠡ ᠪᠦᠲᠦᠮᠵᠢ ᠶᠢ ᠲᠡᠭᠡᠭᠰᠢᠯᠡᠭᠦᠯᠵᠤ᠂ ᠬᠤᠣᠰ ᠪᠠᠭᠰᠢ ᠶᠢᠨ ᠬᠢᠴᠢᠶᠡᠯᠡᠯᠭᠡ ᠶᠢᠨ ᠬᠡᠪ | ᠵᠠᠭᠪᠤᠷ ᠤᠨ ᠤᠬᠢ ᠰᠤᠲᠣ ᠪᠠ ᠳᠠᠪᠠᠭᠤᠯᠢᠭ ᠢ ᠪᠦᠷᠢᠨ ᠲᠡᠭᠦᠯᠲᠠᠷ ᠢᠯᠡᠷᠡᠭᠦᠯᠦᠭᠰᠡᠨ ᠪᠠᠶᠢᠨ᠎ᠠ᠃ | | | | ᠠᠵᠢᠯᠯᠠᠭ᠎ᠠ ᠶᠢᠨ ᠲᠤᠷᠰᠢᠯᠭ᠎ᠠ ᠰᠣᠯᠢᠯᠴᠠᠬᠤ ᠭᠤᠭᠴᠤᠭ᠎ᠠ ᠳᠤ᠂ ᠬᠠᠨ ᠠᠭᠤᠯᠠ ᠪᠠᠭ᠎ᠠ ᠰᠤᠷᠭᠠᠭᠤᠯᠢ ᠶᠢᠨ | ᠪᠠᠭᠰᠢ ᠠᠴᠠ ︽ᠬᠤᠣᠰ ᠪᠠᠭᠰᠢ ᠶᠢᠨ ᠬᠢᠴᠢᠶᠡᠯᠡᠯᠭᠡ ᠶᠢᠨ ᠲᠠᠩᠬᠢᠮ︾ ᠤᠨ ᠠᠪᠴᠢᠷᠬᠠᠰᠡᠨ ᠬᠤᠪᠢᠷᠠᠯᠲᠠ ᠶᠢ | ᠬᠤᠪᠢᠶᠠᠯᠴᠠᠵᠤ᠂ ᠬᠠᠨ ᠠᠭᠤᠯᠠ ᠪᠠᠭ᠎ᠠ ᠰᠤᠷᠭᠠᠭᠤᠯᠢ᠂ ᠴᠢᠪᠠᠭ᠎ᠠ ᠭᠤᠷᠪᠠᠳᠤᠭᠠᠷ ᠪᠠᠭ᠎ᠠ ᠰᠤᠷᠭᠠᠭᠤᠯᠢ ᠶᠢᠨ | ᠲᠤᠬᠠᠶᠢᠯᠠᠭᠰᠠᠨ ᠠᠵᠢᠯ ᠤᠨ ᠬᠠᠷᠢᠭᠤᠴᠠᠯᠭᠠᠲᠠᠨ ᠠᠴᠠ ᠲᠣᠰ ᠰᠤᠷᠭᠠᠭᠤᠯᠢ ᠶᠢᠨ ᠢᠶᠠᠨ ︽ᠬᠤᠣᠰ ᠪᠠᠭᠰᠢ ᠶᠢᠨ | ᠬᠢᠴᠢᠶᠡᠯᠡᠯᠭᠡ ᠶᠢᠨ ᠳᠠᠩᠬᠢᠮ︾ ᠢ ᠬᠡᠷᠡᠭᠵᠢᠭᠦᠯᠣᠭ᠍ᠰᠠᠨ ᠪᠤᠳᠠᠲᠠᠢ ᠪᠠᠶᠢᠳᠠᠯ ᠢ ᠲᠠᠨᠢᠯᠴᠠᠭᠤᠯᠤᠨ᠂ ᠵᠢᠭᠠᠨ | ᠰᠤᠷᠭᠠᠯᠲᠠ ᠶᠢᠨ ᠶᠠᠪᠤᠴᠠ ᠳᠤ ᠣᠷᠣᠰᠢᠵᠤ ᠪᠠᠶᠢᠭ᠎ᠠ ᠲᠦᠭᠡᠷᠢᠭᠳᠡᠯ ᠪᠣᠯᠣᠨ ︽︿ᠹᠸᠢ ᠰᠢᠶᠠᠩ﹀ ᠬᠤᠣᠰ ᠪᠠᠭᠰᠢ︾ | ᠶᠢᠨ ᠬᠢᠴᠢᠶᠡᠯᠡᠯᠭᠡ ᠶᠢ ᠬᠠᠷᠢᠭᠤᠴᠠᠵᠤ ᠪᠠᠶᠢᠭ᠎ᠠ ᠪᠠᠭᠰᠢ ᠨᠠᠷ ᠲᠠᠢ ᠭᠦᠨᠵᠡᠭᠡᠢ ᠶᠠᠷᠢᠯᠴᠠᠨ ᠰᠠᠨᠠᠯ ᠢᠶᠠᠨ ᠰᠣᠯᠢᠯᠴᠠᠪᠠ᠃ | ︵ᠰᠠᠶᠢᠬᠠᠡᠬᠤᠸᠠᠷ᠂ ᠪᠠᠢ ᡁᠢ ᠶᠦᠩ︶ | | | | |