ᠬᠤᠶᠠᠳᠤᠭᠠᠷ ᠤᠳᠠᠭᠠᠨ ᠤ ︽ᠠᠷᠤ ᠬᠤᠷᠴᠢᠨ ᠬᠤᠨᠳᠠᠭᠠᠳᠤ︾ ᠮᠣᠩᠭᠤᠯ ᠪᠥᠭᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠲᠡᠭᠦᠰ ᠠᠮᠵᠢᠯᠲᠠ ᠲᠠᠢ ᠥᠨᠳᠥᠷᠯᠠᠪᠠ
ᠨᠡᠶᠢᠲᠡᠯᠡᠭᠰᠡᠨ ᠴᠠᠭ᠄
2024/7/28
       ᠨᠠᠶᠢᠷ ᠪᠠᠶᠠᠷ ᠤᠨ ᠬᠤᠷ᠎ᠠ ᠱᠠᠬᠢᠭᠰᠠᠨ ᠠᠷᠤ ᠬᠤᠷᠴᠢᠨ ᠨᠤᠲᠤᠭ ᠮᠠᠨᠢ ᠥᠪᠴᠢ ᠨᠤᠭᠤᠭᠠᠨ ᠲᠡᠷᠯᠢᠭ ᠢᠶᠠᠨ ᠡᠮᠦᠰᠴᠦ᠂ ᠵᠤᠨ ᠲᠦᠮᠡᠨ ᠤ ᠰᠡᠳᠬᠢᠯ ᠪᠡᠶᠠᠷ ᠴᠡᠩᠭᠡᠯ ᠢᠶᠠᠷ ᠲᠥᠬᠦᠷᠡᠩ᠃ ᠡᠨᠡᠬᠦ ᠵᠢᠷᠭᠠᠯᠲᠤ ᠮᠥᠴᠠ ᠪᠠᠷ ᠬᠤᠶᠠᠳᠤᠭᠠᠷ ᠤᠳᠠᠭᠠᠨ ᠤ ︽ᠠᠷᠤ ᠬᠤᠷᠴᠢᠨ ᠬᠤᠨᠳᠠᠭᠠᠳᠤ︾ ᠮᠣᠩᠭᠤᠯ ᠪᠥᠭᠡ ᠶᠢᠨ ᠮᠠᠩᠯᠡᠢ ᠰᠢᠯᠭᠠᠷᠠᠭᠤᠯᠬᠤ ᠤᠷᠣᠯᠳᠤᠭᠠᠨ 7 ᠰᠠᠷ᠎ᠠ ᠶᠢᠨ 27- 28 ᠤ ᠡᠳᠦᠷ ᠪᠣᠯᠳᠠᠯ᠎ᠠ ᠲᠡᠭᠦᠰ ᠠᠮᠵᠢᠯᠲᠠ ᠲᠠᠢ ᠶᠠᠪᠤᠭᠳᠠᠵᠤ ᠥᠩᠭᠡᠷᠡᠯ᠎ᠠ᠃
       ᠲᠣᠰ ᠤᠳᠠᠭᠠᠨ ᠤ ᠨᠠᠶᠢᠷ ᠲᠤ ᠬᠦᠴᠦᠲᠦ 512 ᠪᠥᠭᠡ ᠵᠣᠳᠣᠡᠡᠯᠬᠠᠰᠡᠨ ᠠᠴᠠ ᠭᠠᠳᠠᠨ᠎ᠠ ᠮᠣᠷᠢᠨ ᠤᠷᠤᠯᠳᠤᠭᠠᠨ᠂ ᠴᠠᠭᠠᠨ ᠢᠳᠡᠭᠡᠨ ᠤ ᠰᠣᠶᠣᠯ ᠤᠨ ᠨᠠᠶᠢᠷ᠂ ᠪᠣᠳᠠᠰ ᠤᠨ ᠪᠤᠰᠤ ᠰᠣᠶᠣᠯ ᠤᠨ ᠥᠪ ᠤᠨ ᠳᠡᠯᠭᠡᠨ ᠦᠵᠡᠭᠦᠯᠭᠡ ᠵᠡᠷᠭᠡ ᠤᠯᠠᠨ ᠲᠥᠷᠦᠯ ᠤᠨ ᠠᠭᠤᠯᠬᠤᠨ ᠢ ᠪᠠᠭᠳᠠᠭᠠᠵᠤ᠂ ᠬᠤᠯᠠ ᠣᠶᠢᠷ᠎ᠠ ᠠᠴᠠ ᠬᠦᠷᠦᠯᠴᠡᠨ ᠢᠷᠡᠭᠰᠡᠨ ᠪᠥᠭᠡᠴᠦᠳ᠂ ᠤᠶᠠᠭᠠᠴᠢᠳ᠂ ᠰᠤᠷᠴᠢᠳ ᠬᠤᠶᠠᠷ ᠡᠳᠦᠷ ᠤᠨ ᠲᠤᠷᠰᠢ ᠨᠠᠭᠠᠳᠤᠮᠴᠢᠨ ᠲᠦᠮᠡᠨ ᠢᠶᠠᠨ ᠪᠠᠶᠠᠰᠬᠠᠯ᠎ᠠ᠃
       ᠬᠦᠴᠦᠲᠦ ᠪᠥᠭᠡ ᠶᠢᠨ ᠤᠷᠠᠨ ᠪᠠᠷᠢᠯᠳᠤᠭᠠᠨ ᠳᠤ ᠱᠣᠣ ᠪᠠᠯᠭᠠᠰᠤᠨ ᠤ ᠮᠥᠩᠬᠡᠳᠦ᠋ᠭᠦᠷᠡᠩ ᠶᠢᠰᠤ ᠲᠠᠪᠠᠨ ᠮᠠᠩᠯᠠᠶᠢᠯᠠᠵᠤ᠂ ᠬᠤᠨᠲᠤ ᠪᠠᠯᠭᠠᠰᠤᠨ ᠤ ᠬᠤᠷᠸ᠎ᠠ ᠨᠠᠢᠮᠠ ᠳᠠᠪᠠᠵᠤ ᠲᠡᠳ᠋ᠯᠠᠨ᠂ ᠬᠠᠨᠰᠦ᠋ᠮ᠎ᠡ ᠰᠤᠮᠤᠨ ᠤ ᠪᠠᠲᠤᠵᠢᠷᠭᠠᠯ ᠭᠤᠷᠪᠠᠳᠣᠭᠠᠷ ᠪᠠᠶᠢᠷᠢᠨ ᠳᠤ ᠲᠣᠳᠤᠷᠠᠵᠤ᠂ ᠪᠡᠯᠴᠢᠷᠤᠳ ᠰᠤᠮᠤᠨ ᠤ ᠨᠠᠴᠢᠨ ᠲᠥᠷᠪᠡᠳᠦᠭᠡᠷ ᠲᠤ ᠳᠠᠪᠢᠵᠦ ᠬᠤᠷᠬᠠᠰᠡᠨ ᠲᠦᠮᠡᠨ ᠢᠶᠠᠨ ᠣᠣᠬᠠᠶᠢᠯᠠᠭᠤᠯᠣᠨ ᠨᠠᠭᠠᠳᠤᠮ ᠬᠥᠷ ᠪᠠᠶᠠᠷ ᠢᠶᠠᠷ ᠲᠦᠬᠦᠷᠡᠩ ᠪᠠᠶᠢᠯ᠎ᠠ᠃
       ᠪᠠᠭᠠᠴᠤᠳ ᠤᠨ ᠪᠥᠭᠡ ᠶᠢᠨ ᠪᠠᠷᠢᠯᠳᠤᠭᠠᠨ ᠳᠤ ᠲᠦᠡᠭᠯᠢᠶᠤᠤ ᠬᠤᠲᠠ ᠶᠢᠨ ᠴᠤᠯᠭᠤᠷᠠᠨ ᠲᠡᠷᠢᠭᠦᠯᠡᠵᠦ᠂ ᠵᠢᠭᠠᠰᠤᠲᠠᠢ ᠪᠠᠯᠭᠠᠰᠤᠨ ᠤ ᠢᠪᠡᠭᠡᠯ ᠲᠡᠳ᠋ᠯᠡᠵᠦ᠂ ᠵᠢᠭᠠᠰᠤᠲᠠᠢ ᠪᠠᠯᠭᠠᠰᠤᠨ ᠤ ᠬᠠᠯᠢᠶ᠎ᠠ ᠭᠤᠳᠠᠭᠠᠷᠯᠠᠵᠤ᠂ ᠱᠤᠣ ᠪᠠᠯᠭᠠᠰᠤᠨ ᠤ ᠰᠦᠷᠯᠢᠭ ᠲᠦᠷᠪᠠᠳᠦᠭᠡᠷ ᠲᠤ ᠳᠠᠪᠢᠵᠠᠢ᠃
       ᠣᠯᠠᠮᠵᠢᠯᠠᠯᠲᠤ ᠡᠪᠡᠷ ᠨᠤᠮᠤ ᠶᠢᠨ ᠰᠣᠷ ᠬᠠᠷᠪᠤᠯᠲᠠ ᠶᠢᠨ ᠤᠷᠤᠯᠳᠤᠭᠠᠨ ᠳᠤ ᠬᠥᠯᠥᠨ ᠪᠣᠶᠢᠷ ᠬᠤᠲᠠ᠂ ᠬᠢᠩᠭᠠᠨ ᠠᠶᠢᠮᠠᠭ ᠵᠡᠷᠭᠡ 6 ᠠᠶᠢᠮᠠᠭ ᠬᠤᠲᠠ ᠶᠢᠨ16 ᠬᠤᠰᠢᠭᠤ ᠰᠢᠶᠠᠨ ᠠᠴᠠ 266 ᠨᠡᠷ᠎ᠡ ᠰᠤᠷᠴᠢᠳ ᠨᠡᠷ᠎ᠡ ᠪᠦᠷᠢᠳᠬᠡᠭᠦᠯᠦᠨ ᠣᠷᠣᠯᠴᠠᠵᠤ ᠣᠷᠣᠯᠳᠤᠭᠰᠠᠨ ᠤ ᠳ᠋ᠦᠩ ᠳᠤ ᠪᠠᠭᠠᠷᠢᠨ ᠪᠠᠷᠠᠭᠤᠨ ᠬᠤᠰᠢᠭᠤᠨ ᠤ ᠰᠡᠴᠡᠨᠮᠥ᠋ᠩᠬᠡ 57 ᠣᠨᠤᠭ᠎ᠠ ᠪᠠᠷ ᠲᠡᠷᠢᠭᠦᠯᠡᠵᠦ᠂ ᠪᠠᠭᠠᠷᠢᠨ ᠪᠠᠷᠠᠭᠤᠨ ᠬᠤᠰᠢᠭᠤᠨ ᠤ ᠯᠥᠩ ᠱᠠᠨ᠂ ᠣᠷᠳᠣᠰ ᠬᠤᠲᠠ ᠶᠢᠨ ᠭᠠᠨᠳᠢᠭ ᠲᠣᠰ ᠲᠣᠰ 53 ᠣᠨᠤᠭ᠎ᠠ ᠪᠠᠷ ᠲᠡᠳ᠋ᠯᠡᠵᠤ᠂ ᠰᠢᠯᠢ ᠶᠢᠨ ᠭᠤᠣᠯ ᠠᠶᠢᠮᠠᠭ ᠤᠨ ᠰᠢᠯᠤᠭᠤᠨ ᠬᠥᠬᠡ ᠬᠤᠰᠢᠭᠤᠨ ᠤ ᠪᠤᠯᠤᠤᠨ᠂ ᠣᠡᠭᠨᠢᠭᠤᠤᠨ ᠬᠤᠰᠢᠭᠤᠨ ᠤ ᠪᠤᠶᠠᠨᠳᠠᠯᠠᠢ  ᠲᠣᠰ  ᠲᠣᠰ  52  ᠣᠨᠤᠭ᠎ᠠ   ᠪᠠᠷ  ᠭᠤᠳᠠᠭᠠᠷᠯᠠᠵᠤ᠂ ᠪᠠᠭᠠᠷᠢᠨ ᠪᠠᠷᠠᠭᠤᠨ ᠬᠤᠰᠢᠭᠤᠨ ᠤ ᠠᠯᠳᠠᠨᠴᠡᠴᠡᠭ᠂ ᠲᠦᠩᠯᠢᠶᠣᠣ ᠬᠤᠲᠠ ᠶᠢᠨ ᠵᠠᠷᠤᠳ ᠬᠤᠰᠢᠭᠤᠨ ᠤ ᠥᠯᠵᠡᠶᠢᠮᠥ᠋ᠷᠡᠨ ᠲᠣᠰ ᠲᠣᠰ 51 ᠣᠨᠤᠭ᠎ᠠ ᠪᠠᠷ ᠲᠥᠷᠪᠡᠳᠦᠭᠡᠷ ᠲᠤ ᠣᠷᠣᠪᠠ᠃
       ᠬᠥᠯᠥᠭ ᠤᠨ ᠰᠢᠨᠳᠠᠰᠤ ᠰᠣᠷᠢᠭᠰᠠᠨ ᠭᠤᠷᠪᠠᠨ ᠲᠥᠷᠦᠯ ᠤᠨ ᠮᠣᠷᠢᠨ ᠤ ᠤᠷᠤᠯᠳᠤᠭᠠᠨ ᠳᠤ ᠲᠦᠡᠭᠯᠢᠶᠤᠤ ᠬᠤᠲᠠ᠂ ᠪᠠᠭᠠᠷᠢᠨ ᠪᠠᠷᠠᠭᠤᠨ ᠬᠤᠰᠢᠭᠤ᠂ ᠪᠠᠭᠠᠷᠢᠨ ᠵᠡᠭᠦᠨ ᠬᠤᠰᠢᠭᠤ᠂ ᠤᠩᠨᠢᠭᠤᠳ ᠬᠤᠰᠢᠭᠤ ᠵᠡᠷᠭᠡ ᠭᠠᠵᠡᠷ  ᠠᠴᠠ ᠵᠠᠭᠤ ᠰᠢᠬᠠᠮ ᠮᠣᠷᠢ ᠬᠦᠷᠦᠯᠴᠠᠨ ᠢᠷᠠᠵᠤ ᠣᠷᠣᠯᠳᠤᠭᠠᠨ ᠳᠤ ᠣᠷᠣᠯᠴᠠᠭᠰᠠᠨ ᠤ ᠳ᠋ᠦᠩ ᠳᠤ᠄ ᠵᠢᠷᠤᠭ᠎ᠠ ᠮᠣᠷᠢᠨ ᠤ ᠣᠷᠣᠯᠳᠤᠭᠠᠨ ᠳᠤ ᠰᠠᠶᠢᠬᠠᠡᠳᠡᠯ᠎ᠠ ᠰᠤᠮᠤᠨ ᠤ ᠮᠥᠩᠭᠡ ᠶᠢᠨ ᠬᠡᠭᠡᠷ ᠮᠣᠷᠢ ᠲᠥᠷᠦᠭᠦᠯᠡᠵᠦ᠂ ᠲᠦᠡᠭᠯᠢᠶᠤᠤ ᠬᠤᠲᠠ ᠶᠢᠨ ᠱᠧᠪᠡᠷᠳᠤ ᠪᠠᠯᠭᠠᠰᠤᠨ ᠤ ᠯᠢ ᠰᠢᠨ ᠤ ᠬᠠᠯᠢᠭᠤᠨ ᠮᠣᠷᠢ ᠠᠮᠠᠨ ᠬᠦᠵᠦᠭᠦᠲᠡᠵᠦ᠂ ᠪᠠᠭᠠᠷᠢᠨ ᠪᠠᠷᠠᠭᠤᠨ ᠬᠤᠰᠢᠭᠤᠨ ᠤ ᠴᠢᠯᠠᠭᠤ ᠶᠢᠨ ᠬᠡᠭᠡᠷ ᠮᠣᠷᠢ ᠭᠤᠳᠠᠭᠠᠷᠯᠠᠵᠤ᠂ ᠵᠢᠭᠠᠰᠤᠲᠠᠢ ᠪᠠᠯᠭᠠᠰᠤᠨ ᠤ ᠤᠳᠬᠠᠠᠪᠠᠶᠠᠷ ᠤᠨ ᠭᠡᠭᠡᠷ ᠮᠣᠷᠢ ᠠᠶᠢᠷᠠᠭ ᠤᠨ ᠳᠥᠷᠪᠠ ᠳᠤ ᠬᠤᠷᠳᠤᠯᠠᠵᠤ᠂ ᠵᠭᠠᠰᠤᠲᠠᠢ ᠪᠠᠯᠭᠠᠰᠤᠨ ᠤ ᠬᠤᠷᠴᠠ ᠶᠢᠨ ᠬᠡᠭᠡᠷ ᠮᠣᠷᠢ ᠠᠶᠢᠷᠠᠭ ᠤᠨ ᠳᠠᠪᠤ ᠳᠤ ᠬᠤᠷᠳᠤᠯᠠᠵᠠᠢ᠃        ᠬᠠᠳᠠᠷᠢᠶ᠎ᠠ ᠮᠣᠷᠢᠨ ᠤ ᠣᠷᠤᠯᠳᠤᠭᠠᠨ ᠳᠤ ᠰᠠᠶᠢᠬᠠᠡᠳᠡᠯ᠎ᠠ ᠰᠤᠮᠤᠨ ᠤ ᠪᠤᠶᠠᠨᠳᠠᠯᠬᠡᠷ ᠤᠨ ᠭᠡᠭᠡᠷ ᠮᠣᠷᠢ ᠲᠥᠷᠥᠭᠦᠯᠡᠵᠦ᠂ ᠵᠢᠭᠠᠰᠤᠲᠠᠢ ᠪᠠᠯᠭᠠᠰᠤᠨ ᠤ ᠠᠯᠳᠠᠨᠪᠠᠭᠠᠨ᠎ᠠ ᠶᠢᠨ ᠭᠡᠭᠡᠷ ᠮᠣᠷᠢ ᠠᠮᠠᠨ ᠬᠦᠵᠦᠭᠦᠳᠡᠵᠦ᠂ ᠪᠠᠶ᠋ᠬᠠᠦ᠋ᠡᠳᠣᠷ ᠰᠤᠮᠤᠨ ᠤ ᠡᠷᠳᠡᠨᠢᠪᠠᠷᠰ ᠤᠨ ᠬᠠᠷ᠎ᠠ ᠮᠣᠷᠢ ᠭᠤᠳᠠᠭᠠᠷᠯᠠᠵᠤ᠂ ᠭᠡᠰᠢᠭᠲᠡᠨ ᠬᠤᠰᠢᠭᠤᠨ ᠤ ᠲᠦᠩ ᠱᠣᠸᠠᠢ ᠶᠢᠨ ᠬᠡᠭᠡᠷ ᠮᠣᠷᠢ ᠠᠶᠢᠷᠠᠭ ᠤᠨ ᠲᠥᠷᠪᠡ ᠳᠤ ᠬᠤᠷᠳᠤᠯᠠᠵᠤ᠂  ᠪᠠᠶ᠋ᠬᠠᠦ᠋ᠡᠳᠣᠷ ᠰᠤᠮᠤᠨ ᠤ ᠠᠳᠤᠭᠤᠴᠢᠨ ᠤ ᠬᠠᠷ᠎ᠠ ᠮᠣᠷᠢ ᠠᠶᠢᠷᠠᠭ ᠤᠨ ᠲᠠᠪᠤ ᠳᠤ ᠬᠤᠷᠳᠣᠯᠠᠪᠠ᠃        ᠬᠤᠷᠳᠣᠨ ᠮᠣᠷᠢᠨ ᠤ ᠣᠷᠣᠯᠳᠣᠭᠠᠨ ᠳᠤ ᠵᠢᠭᠠᠰᠤᠲᠠᠢ ᠪᠠᠯᠭᠠᠰᠤᠨ ᠤ ᠪᠦᠲᠦᠭᠡᠭᠴᠢ ᠶᠢᠨ ᠴᠢᠨᠤᠸᠠᠨ ᠬᠦᠷᠠᠩ ᠲᠡᠷᠢᠭᠦᠯᠡᠵᠦ᠂ ᠵᠢᠭᠠᠰᠤᠲᠠᠢ ᠪᠠᠯᠭᠠᠰᠤᠨ ᠤ ᠪᠣᠯᠣᠳ ᠤᠨ ᠵᠡᠭᠡᠷᠲᠠ ᠮᠣᠷᠢ ᠠᠮᠠᠨ ᠬᠦᠵᠦᠭᠦᠲᠡᠵᠤ᠂ ᠪᠡᠯᠴᠢᠷᠤᠳ ᠰᠤᠮᠤᠨ ᠤ ᠣᠷᠲᠤ ᠶᠢᠨ ᠬᠡᠭᠡᠷ ᠮᠣᠷᠢ ᠭᠤᠳᠠᠭᠠᠷᠯᠠᠵᠤ᠂ ᠵᠢᠭᠠᠰᠤᠲᠠᠢ ᠪᠠᠯᠭᠠᠰᠤᠨ ᠤ ᠣᠷᠳᠤᠪᠠᠶᠠᠷ ᠤᠨ ᠪᠣᠷᠣ ᠮᠣᠷᠢ ᠠᠶᠢᠷᠠᠭ ᠤᠨ ᠳᠥᠷᠪᠡ ᠳᠤ ᠬᠤᠷᠲᠤᠯᠠᠵᠤ᠂ ᠰᠠᠶᠢᠬᠠᠡᠳᠡᠯ᠎ᠠ ᠰᠤᠮᠤ ᠶᠢᠨ ᠵᠢᠭᠮᠢᠳ ᠤᠨ ᠰᠢᠷ᠎ᠠ ᠬᠡᠭᠡᠷ ᠠᠶᠢᠷᠠᠭ ᠤᠨ ᠲᠠᠪᠤ ᠳᠤ ᠬᠤᠷᠳᠤᠯᠠᠵᠠᠢ᠃
   
               ᠨᠠᠶᠢᠷᠰᠠᠭ ᠵᠤᠨ ᠤ ᠬᠤᠷ᠎ᠡ ᠰᠢᠮ᠎ᠡ ᠲᠠᠢ ᠰᠠᠶᠢᠬᠠᠨ ᠴᠠᠭ ᠲᠤ ᠶᠠᠪᠤᠭᠳᠠᠭᠰᠠᠨ ᠲᠠᠩᠰᠤᠭ ᠨᠠᠭᠠᠳᠤᠮ ᠮᠠᠨᠢ ᠬᠤᠷᠠᠭᠰᠠᠨ ᠲᠦᠮᠡᠨ ᠤ ᠪᠠᠨ ᠰᠡᠳᠬᠢᠯ ᠤᠨ ᠬᠥᠪᠴᠢ ᠶᠢ ᠴᠢᠪᠠᠭᠳᠠᠨ ᠲᠡᠭᠦᠰ ᠠᠮᠵᠢᠯᠲᠠᠲᠠᠢ ᠥᠨᠳᠥᠷᠯᠠᠯ᠎ᠠ᠃        ᠳᠠᠭᠠᠯᠳᠤᠭᠤᠯᠤᠯ᠄        ᠮᠣᠩᠭᠤᠯ ᠪᠥᠭᠡ ᠶᠢᠨ ᠪᠠᠷᠢᠯᠳᠤᠭᠠᠨ ᠤ ᠡᠮᠣᠨ᠎ᠡ 32 ᠨᠡᠷᠡᠰ ᠤᠨ ᠵᠢᠡᠡᠰᠠᠭᠠᠯ        1. ᠮᠦᠡᠭᠬᠡᠳᠦ᠋ᠭᠦᠷᠠᠩ  ︵ᠱᠣᠣ ᠪᠠᠯᠭᠠᠰᠤ︶        2. ᠬᠤᠷᠸ᠎ᠠ  ︵ᠬᠤᠨᠳᠤ ᠪᠠᠯᠭᠠᠰᠤ︶        3. ᠪᠠᠳᠣᠵᠢᠷᠭᠠᠯ  ︵ᠬᠠᠨᠰᠦ᠋ᠮ᠎ᠡ ᠰᠣᠮᠣ︶        4. ᠨᠠᠴᠢᠨ ︵ᠪᠠᠯᠴᠢᠷᠣᠣᠨ ᠰᠣᠮᠣ︶        5. ᠢᠳᠡᠷᠡᠭᠦᠨ ︵ᠲᠦᠡᠭᠯᠢᠶᠤᠤ ᠬᠤᠳᠠ ᠶᠢᠨ ᠵᠠᠷᠣᠣᠨ ᠬᠤᠰᠢᠭᠤ︶        6. ᠴᠢᠬᠢᠷᠠᠭ ︵ᠰᠢᠯᠢ ᠶᠢᠨ ᠭᠤᠣᠯ ᠠᠶᠢᠮᠠᠭ ᠤᠨ ᠵᠡᠭᠦᠨ ᠦᠵᠤᠮᠤᠴᠢᠨ ᠬᠤᠰᠢᠭᠤ︶        7. ᠪᠦᠷᠭᠦᠤᠨ ︵ᠪᠠᠯᠴᠢᠷᠣᠣᠨ ᠰᠣᠮᠣ︶        8. ᠨᠠᠷᠠᠰᠣ ︵ᠱᠣᠣ ᠪᠠᠯᠭᠠᠰᠤ︶        9. ᠲᠠᠯᠠᠡᠳᠠᠢ ︵ᠪᠠᠯᠴᠢᠷᠣᠣᠨ ᠰᠤᠮᠤ︶        10. ᠲᠢᠶᠠᠡᠰᠠᠩ ︵ᠵᠢᠭᠠᠰᠤᠳᠠᠢ ᠪᠠᠯᠭᠠᠰᠤ︶        11. ᠬᠦᠭᠵᠢᠯ ︵ᠱᠣᠣ ᠪᠠᠯᠭᠠᠰᠤ︶        12. ᠭᠢᠯᠪᠠᠭ᠎ᠠ ︵ᠬᠡᠰᠢᠭᠳᠡᠨ ᠬᠤᠰᠢᠭᠤ︶        13. ᠰᠢᠭᠤᠷᠭᠠᠨ ︵ᠬᠤᠨᠳᠤ ᠪᠠᠯᠭᠠᠰᠤ︶        14. ᠬᠡᠭᠡᠷᠡᠬᠦ ︵ᠪᠠᠭᠠᠷᠢᠨ ᠪᠠᠷᠠᠭᠤᠨ ᠬᠤᠰᠢᠭᠤ︶        15. ᠬᠠᠨᠭ᠍ᠭᠠᠢ ︵ᠪᠠᠭᠠᠷᠢᠨ ᠪᠠᠷᠠᠭᠤᠨ ᠬᠤᠰᠢᠭᠤ︶        16. ᠲᠡᠭᠵᠢᠷᠡᠬᠦ ︵ᠵᠢᠭᠠᠰᠣᠳᠡᠢ ᠪᠠᠯᠭᠠᠰᠤ︶        17. ᠠᠯᠮᠠᠰ ︵ᠲᠦᠡᠭᠯᠢᠶᠤᠤ ᠬᠤᠳᠡ ᠶᠢᠨ ᠨᠠᠢᠮᠠᠨ ᠬᠤᠰᠢᠭᠤ︶        18. ᠢᠷᠠᠭᠤ ︵ᠪᠠᠯᠴᠢᠷᠣᠣᠨ ᠰᠣᠮᠣ︶        19. ᠴᠣᠡᠡᠳᠣᠨᠠᠷᠡᠨ ︵ᠪᠠᠭᠠᠷᠢᠨ ᠵᠡᠭᠦᠨ ᠬᠤᠰᠢᠭᠤ︶        20. ᠪᠦᠦ ᠹᠧᠩ ︵ᠱᠣᠣ ᠪᠠᠯᠭᠠᠰᠤ︶        21. ᠭᠠᠨᠭ᠍ᠪᠠᠯ ︵ᠱᠣᠣ ᠪᠠᠯᠭᠠᠰᠤ︶        22. ᠨᠠᠮᠰᠠᠷᠠᠢ ︵ᠰᠢᠯᠢ ᠶᠢᠨ ᠭᠤᠣᠯ ᠠᠶᠢᠮᠠᠭ ᠤᠨ ᠪᠠᠷᠠᠭᠤᠨ ᠦᠵᠣᠮᠣᠴᠢᠨ ᠬᠤᠰᠢᠭᠤ︶        23. ᠬᠦᠴᠤᠨ ︵ᠵᠢᠭᠠᠰᠣᠳᠡᠢ ᠪᠠᠯᠭᠠᠰᠤ︶        24. ᠪᠠᠶᠠᠡᠨᠠᠮᠣᠷ ︵ᠪᠠᠯᠴᠢᠷᠣᠣᠨ ᠰᠣᠮᠣ︶        25. ᠰᠦᠷᠯᠢᠭ ︵ᠵᠢᠭᠠᠰᠣᠳᠡᠢ ᠪᠠᠯᠭᠠᠰᠤ︶        26. ᠮᠡᠷᠭᠡᠨᠪᠢᠯᠢᠭ ︵ᠪᠠᠶ᠋ᠬᠠᠦ᠋ᠡᠳᠣᠷ ᠰᠣᠮᠣ︶        27. ᠵᠢᠷᠣᠮᠳᠤ ︵ᠬᠠᠨᠰᠦ᠋ᠮ᠎ᠡ ᠰᠣᠮᠣ︶        28. ᠲᠦᠮᠠᠡᠪᠠᠶᠠᠷ ︵ᠰᠢᠯᠢ ᠶᠢᠨ ᠭᠤᠣᠯ ᠠᠶᠢᠮᠠᠭ ᠤᠨ ᠵᠡᠬᠦᠨ ᠦᠵᠣᠮᠣᠴᠢᠨ ᠬᠤᠰᠢᠭᠤ︶        29. ᠰᠠᠷᠠᠡᠮᠠᠡᠳᠣᠯ᠎ᠠ ︵ᠪᠠᠯᠴᠢᠷᠣᠣᠨ ᠰᠣᠮᠣ︶        30. ᠠᠶᠣᠩᠭ᠎ᠠ ︵ᠰᠠᠶᠢᠬᠠᠡᠳᠡᠯ᠎ᠠ ᠰᠣᠮᠣ︶        31. ᠪᠠᠶᠠᠡᠮᠡᠡᠳᠤ ︵ᠰᠢᠯᠢ ᠶᠢᠨ ᠭᠤᠣᠯ ᠠᠶᠢᠮᠠᠭ ᠤᠨ ᠪᠠᠷᠠᠭᠤᠨ ᠦᠵᠣᠮᠣᠴᠢᠨ ᠬᠤᠰᠢᠭᠤ︶        32. ᠬᠤᠷᠴᠠᠪᠢᠯᠢᠭ᠌ ︵ᠣᠡᠭᠨᠢᠭᠤᠤᠨ ᠬᠤᠰᠢᠭᠤ︶
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号