ᠰᠢᠨ᠎ᠡ ᠳᠤᠮᠳᠠᠲᠤ ᠤᠯᠤᠰ ᠪᠠ ᠠᠷᠠᠳ ᠤᠨ ᠤᠯᠤᠰ ᠲᠥᠷᠤ ᠶᠢᠨ ᠵᠥᠪᠯᠡᠯᠭᠡᠨ ᠪᠠᠶᠢᠭᠤᠯᠣᠡᠡᠳ᠋ᠬᠠᠰᠡᠨ 75 ᠵᠢᠯ ᠤᠨ ᠣᠢ ᠶᠢ ᠪᠡᠯᠭᠡᠯᠡᠬᠦ ᠮᠡᠳᠡᠯᠭᠡ ᠶᠢᠨ ᠤᠷᠤᠯᠳᠤᠭᠠᠨ ᠶᠠᠪᠤᠭᠳᠠᠪᠠ
ᠨᠡᠶᠢᠲᠡᠯᠡᠭᠰᠡᠨ ᠴᠠᠭ᠄
2024/9/27
       ᠰᠢ ᠶᠢᠨ ᠫᠢᠩ ᠶᠡᠷᠤᠩᠬᠡᠢ ᠱᠦᠵᠢ ᠶᠢᠨ ᠳᠤᠮᠳᠠᠲᠤ ᠤᠯᠤᠰ ᠤᠨ ᠠᠷᠠᠳ ᠤᠨ ᠤᠯᠤᠰ ᠲᠦᠷᠤ ᠶᠢᠨ ᠵᠥᠪᠯᠡᠯᠭᠡᠨ ᠪᠠᠶᠢᠭᠤᠯᠤᠭᠳᠠᠭᠰᠠᠨ 75 ᠵᠢᠯ ᠤᠨ ᠣᠢ ᠶᠢ ᠪᠡᠯᠭᠡᠯᠡᠬᠦ ᠶᠡᠭᠡ ᠬᠤᠷᠠᠯ ᠳᠡᠭᠡᠷᠡᠬᠢ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠬᠦᠨᠵᠡᠭᠡᠢ ᠲᠣᠭᠤᠰᠢᠯᠠᠭᠤᠯᠤᠨ ᠨᠡᠶᠢᠲᠡᠪᠤᠷᠢᠵᠢᠭᠤᠯᠬᠤ ᠶᠢᠨ ᠲᠦᠯᠥᠭᠡ᠂ 9 ᠰᠠᠷ᠎ᠠ ᠶᠢᠨ 26 ᠤ ᠦᠳᠡ ᠶᠢᠨ ᠡᠮᠤᠨ᠎ᠠ᠂ ᠬᠤᠰᠢᠭᠤᠨ ᠤᠯᠤᠰ ᠲᠦᠷᠦ ᠶᠢᠨ ᠵᠦᠪᠯᠡᠯᠭᠡᠨ ᠰᠢᠨ᠎ᠡ ᠲᠤᠮᠳᠠᠲᠤ ᠤᠯᠤᠰ ᠪᠠ ᠠᠷᠠᠳ ᠤᠨ ᠤᠯᠤᠰ ᠲᠦᠷᠦ ᠶᠢᠨ ᠵᠥᠪᠯᠡᠯᠭᠡᠨ ᠪᠠᠶᠢᠭᠤᠯᠤᠭᠳᠠᠭᠰᠠᠨ 75 ᠵᠢᠯ ᠤᠨ ᠣᠢ ᠶᠢ ᠪᠡᠯᠭᠡᠯᠡᠬᠦ ︽ᠬᠠᠮᠲᠤ ᠪᠠᠷ ᠠᠶᠠᠯᠠᠭᠰᠠᠨ 75 ᠵᠢᠯ ᠢᠶᠠᠨ ᠳᠤᠷᠠᠳᠬᠠᠨ ᠬᠠᠭᠤᠳᠠᠰᠤ ᠰᠢᠨ᠎ᠡ ᠤᠯᠤᠰ ᠲᠦᠷᠤ ᠶᠢᠨ ᠵᠦᠪᠯᠡᠯᠭᠡᠨ ᠤ ᠲᠠᠤᠬᠡ ᠶᠢ ᠬᠠᠮᠳᠣᠪᠡᠷ ᠪᠢᠴᠢᠭᠯᠡᠰᠤᠭᠡᠢ︾ ᠰᠡᠲᠣᠪᠲᠤ ᠮᠡᠳᠡᠯᠭᠡ ᠶᠢᠨ ᠣᠷᠣᠯᠳᠤᠭᠠᠨ ᠦᠷᠨᠢᠭᠦᠯᠪᠠ᠃ ᠬᠤᠰᠢᠭᠤᠨ ᠤᠳᠤᠷᠢᠳᠦᠯᠭ᠎ᠠ ᠰᠡᠷᠭᠦᠯᠡᠩ᠂ ᠸᠠᠩ ᡁᠢ ᠶᠦᠩ᠂ ᠴᠢᠨ ᠶᠤᠸᠠᠢ ᠭᠦᠸᠧ᠂ ᠸᠠᠩ ᠶᠢᠨ ᠪᠣᠤ᠂ ᠴᠧᠨ ᠢᠦᠢ ᠮᠢᠩ᠂ ᠢᠣᠢ ᠸᠧᠢ ᠬᠤᠸᠠ᠂ ᠠᠷᠤ ᠬᠤᠷᠴᠢᠨ ᠳᠤ ᠰᠠᠭᠤᠭ᠎ᠠ ᠬᠤᠲᠠ ᠶᠢᠨ ᠤᠯᠤᠰ ᠲᠦᠷᠤ ᠶᠢᠨ ᠵᠥᠪᠯᠡᠯᠭᠡᠨ ᠤ ᠭᠡᠰᠢᠭᠦᠨ᠂ ᠠᠷᠪᠠᠨ ᠲᠠᠪᠤᠳᠤᠭᠠᠷ ᠬᠤᠭᠤᠴᠠᠭᠠᠨ ᠤ ᠬᠤᠰᠢᠭᠤᠨ ᠤᠯᠤᠰ ᠲᠦᠷᠤ ᠶᠢᠨ ᠵᠥᠪᠯᠡᠯᠭᠡᠨ ᠤ ᠭᠡᠰᠢᠭᠦᠨ ᠵᠢᠴᠢ ᠤᠯᠤᠰ ᠲᠦᠷᠤ ᠶᠢᠨ ᠵᠥᠪᠯᠡᠯᠭᠡᠨ ᠤ ᠪᠠᠶᠢᠭᠤᠯᠭ᠎ᠠ ᠶᠢᠨ ᠪᠥᠬᠦ ᠺᠠᠳ᠋ᠷ ᠠᠵᠢᠯᠳᠠᠨ ᠠᠵᠢᠯᠯᠠᠭ᠎ᠠ  ᠳᠤ ᠣᠷᠣᠯᠴᠠᠵᠠᠢ᠃
       ︽ᠡᠬᠡ ᠤᠯᠤᠰ ᠤᠨ ᠮᠠᠭᠲᠠᠭᠠᠯ︾ ᠭᠡᠬᠦ ᠨᠡᠶᠢᠷᠠᠯ ᠳᠠᠭᠤᠨ ᠤ ᠭᠦᠭ ᠠᠶᠠᠰ ᠤᠨ ᠳᠤᠮᠳᠠ ᠮᠡᠳᠡᠯᠭᠡ ᠶᠢᠨ ᠣᠷᠣᠯᠳᠤᠭᠠᠨ ᠤ ᠠᠵᠢᠯᠯᠠᠭ᠎ᠠ ᠠᠭᠠᠵᠢᠮ ᠢᠶᠠᠷ ᠬᠦᠰᠢᠭᠡ ᠪᠠᠨ ᠰᠡᠭᠦᠪᠡ᠃ ᠬᠤᠰᠢᠭᠤᠨ ᠤᠯᠤᠰ ᠲᠦᠷᠤ ᠶᠢᠨ ᠵᠦᠪᠯᠡᠯᠭᠡᠨ ᠤ ᠨᠠᠮ ᠤᠨ ᠣᠳᠣᠷᠢᠣᠡᠬᠤ ᠲᠤᠭᠤᠶᠢᠯᠠᠩ ᠤᠨ ᠱᠦᠵᠢ᠂ ᠲᠠᠷᠢᠭᠦᠯᠡᠭᠴᠢ ᠰᠡᠷᠭᠦᠯᠡᠩ ᠪᠠᠶᠠᠷ ᠤᠨ ᠶᠠᠷᠢᠶᠠᠨ ᠳᠤ ᠪᠠᠨ᠂ ᠠᠷᠠᠳ ᠤᠨ ᠤᠯᠤᠰ ᠲᠦᠷᠦ ᠶᠢᠨ ᠵᠦᠪᠯᠡᠯᠭᠡᠨ ᠤ ᠦᠢᠯᠡᠰ ᠨᠢᠭᠡᠨᠳᠡ  ᠲᠣᠮᠳᠡᠳᠤ ᠤᠯᠤᠰ ᠤᠨ ᠡᠬᠡ ᠭᠠᠵᠠᠷ ᠲᠤ ᠭᠦᠨ ᠦᠨᠳᠣᠰᠤᠯᠠᠵᠤ᠂ ᠳᠤᠮᠳᠠᠲᠤ ᠶᠢᠨ ᠦᠨᠳᠦᠰᠣᠲᠠᠨ ᠤ ᠠᠭᠤᠤ ᠶᠡᠭᠡ ᠰᠡᠷᠭᠦᠨ ᠮᠠᠨᠳᠦᠯᠲᠠ ᠶᠢ ᠪᠡᠶᠡᠯᠡᠭᠦᠯᠬᠦ ᠠᠤᠭ᠎ᠠ ᠶᠡᠭᠡ ᠦᠢᠯᠡᠰ ᠲᠤ ᠠᠭᠤᠰᠴᠤ᠂ ᠦᠷᠨᠢᠭᠦᠨ ᠪᠠᠲᠠᠷᠠᠩᠭᠤᠢ ᠠᠮᠢᠵᠢᠷᠡᠯ ᠤᠨ ᠬᠦᠴᠣᠨ ᠪᠠ ᠯᠤᠳᠣ ᠶᠡᠭᠡ ᠳᠠᠪᠠᠭᠤᠯᠢᠭ ᠢᠶᠠᠨ ᠢᠯᠡᠷᠡᠭᠦᠯᠪᠠ᠃ ᠣᠯᠤᠰ ᠲᠦᠷᠤ ᠶᠢᠨ ᠵᠦᠪᠯᠡᠯᠭᠡᠨ ᠤ ᠵᠣᠬᠢᠶᠠᠨ ᠪᠠᠶᠢᠭᠤᠯᠤᠯᠲᠠ ᠲᠤᠮᠳᠠᠲᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠶᠢ ᠢᠮᠬᠠᠳᠡ ᠭᠤᠶᠢᠪᠢᠰᠢ ᠦᠭᠡᠢ ᠪᠠᠷᠢᠮᠲᠠᠯᠠᠵᠤ᠂ ︽ᠠᠷᠪᠠ ᠶᠢ ᠪᠠᠷᠢᠮᠲᠠᠯᠠᠬᠤ︾ ᠴᠢᠬᠤᠯᠠ ᠦᠵᠡᠯ ᠰᠠᠨᠠᠭ᠎ᠠ ᠶᠢ ᠪᠦᠷᠢᠨ ᠪᠦᠲᠣᠨ᠂ ᠵᠥᠪ ᠣᠨᠣᠪᠴᠢᠲᠠᠢ᠂ ᠪᠦᠬᠦ ᠲᠠᠯ᠎ᠠ ᠪᠠᠷ ᠲᠤᠭᠤᠰᠢᠯᠠᠭᠤᠯᠤᠨ ᠨᠠᠶᠢᠲᠡᠪᠤᠷᠢᠵᠢᠭᠤᠯᠵᠤ᠂ ᠨᠠᠮ ᠤᠨ ᠤᠳᠤᠷᠢᠳᠤᠯᠭ᠎ᠠ᠂ ᠨᠢᠭᠡᠳᠤᠮᠠᠯ ᠹᠷᠣᠨᠲ᠂ ᠵᠥᠪᠯᠡᠬᠦ ᠠᠷᠠᠳᠴᠢᠯᠠᠯ ᠢ ᠤᠷᠭᠠᠨᠢᠭ ᠢᠶᠠᠷ ᠤᠶᠠᠯᠳᠤᠭᠤᠯᠬᠤ ᠶᠢ ᠪᠠᠷᠢᠮᠲᠠᠯᠠᠵᠤ᠂ ᠨᠠᠮ ᠤᠨ ᠰᠢᠢᠣᠡᠪᠣᠷᠢᠳᠤ ᠪᠣᠳᠤᠯᠭ᠎ᠠ ᠶᠢᠨ ᠪᠠᠶᠢᠷᠢᠯᠠᠭᠤᠯᠤᠯᠲᠠ ᠶᠢ ᠠᠷᠠᠳ ᠤᠨ ᠤᠯᠤᠰ ᠲᠦᠷᠤ ᠶᠢᠨ ᠵᠥᠪᠯᠡᠯᠭᠡᠨ ᠳᠤ ᠪᠥᠬᠦ ᠲᠠᠯ᠎ᠠ ᠪᠠᠷ ᠲᠣᠭᠤᠰᠢᠯᠠᠭᠤᠯᠬᠤ ᠶᠢ ᠦᠨᠡᠨ ᠬᠦ ᠪᠠᠲᠤᠯᠠᠬᠤ ᠬᠡᠷᠡᠭᠲᠡᠢ᠃ ᠪᠥᠬᠦ ᠬᠤᠰᠢᠭᠤᠨ ᠤ ᠡᠯ᠎ᠡ ᠦᠨᠳᠦᠰᠣᠲᠠᠨ ᠡᠯ᠎ᠡ ᠡᠳᠡᠭᠡᠳ ᠤᠨ ᠤᠯᠠᠨ ᠲᠦᠮᠡᠨ ᠢ ᠪᠦᠯᠬᠦᠮᠳᠡᠭᠦᠯᠤᠨ ᠲᠠᠶᠢᠴᠢᠯᠠᠵᠤ᠂ ᠲᠣᠰ ᠠᠵᠢᠯ ᠤᠨ ᠪᠠᠶᠢᠷᠢ ᠳᠠᠭᠠᠨ ᠰᠠᠭᠤᠷᠢᠯᠠᠨ᠂ ᠲᠠᠷᠢᠭᠦᠨ ᠤ ᠠᠮᠵᠢᠯᠲᠠ ᠪᠦᠲᠣᠮᠵᠢ ᠣᠯᠬᠤ ᠪᠠᠷ ᠴᠢᠷᠮᠠᠶᠢᠵᠤ᠂ ᠰᠢᠨ᠎ᠡ ᠴᠠᠭ ᠦᠶ᠎ᠡ ᠶᠢᠨ ᠠᠷᠤ ᠬᠤᠷᠴᠢᠨ ᠬᠤᠰᠢᠭᠤᠨ ᠤ ᠪᠦᠲᠦᠭᠡᠨ ᠪᠠᠶᠢᠭᠤᠯᠤᠯᠲᠠ ᠳᠤ ᠣᠶᠣᠨ ᠤᠬᠠᠭᠠᠨ ᠪᠠ ᠬᠦᠴᠦᠨ ᠴᠢᠳᠡᠯ ᠢᠶᠠᠨ ᠡᠷᠭᠦᠬᠦ ᠬᠡᠷᠡᠭᠲᠡᠢ᠃ ᠤᠯᠠᠨ ᠲᠦᠮᠡᠨ ᠳᠤ ᠦᠨᠡᠨ ᠰᠡᠳᠬᠢᠯ ᠠᠴᠠ ᠪᠠᠨ ᠦᠢᠯᠠᠴᠢᠯᠡᠬᠦ ᠶᠢ ᠪᠦᠬᠦ ᠠᠵᠢᠯ ᠤᠨ ᠢᠶᠠᠨ ᠡᠬᠢᠯᠡᠬᠦ ᠴᠡᠭ ᠪᠠ ᠬᠦᠷᠬᠦ ᠴᠡᠭ ᠪᠣᠯᠭᠠᠵᠤ᠂ ᠬᠠᠷᠢᠯᠴᠠᠵᠤ ᠪᠠᠶᠢᠭ᠎ᠠ ᠡᠳᠡᠭᠡᠳ ᠬᠠᠷᠢᠶᠠᠯᠠᠯ ᠤᠨ ᠤᠯᠠᠨ ᠲᠦᠮᠡᠨ ᠤ ᠠᠰᠢᠭ ᠲᠣᠰᠠ ᠶᠢ ᠦᠨᠡᠨ ᠬᠦ ᠨᠡᠩ ᠰᠠᠶᠢᠲᠤᠷ ᠲᠦᠯᠥᠭᠡᠯᠡᠵᠤ᠂ ᠬᠠᠮᠠᠭᠠᠯᠠᠵᠤ᠂ ᠲᠡᠳᠠᠨ ᠳᠤ ᠦᠢᠯᠠᠴᠢᠯᠠᠵᠤ᠂ ᠨᠠᠮ ᠪᠠ ᠵᠠᠰᠠᠭ ᠤᠨ ᠣᠷᠳᠣᠨ ᠤ ᠬᠠᠶᠢᠷ᠎ᠠ ᠬᠠᠯᠠᠮᠵᠢ ᠶᠢ ᠤᠯᠠᠨ ᠲᠦᠮᠡᠨ ᠳᠤ ᠳᠠᠮᠵᠢᠭᠤᠯᠬᠤ ᠬᠡᠷᠡᠭᠲᠡᠢ ᠭᠡᠵᠡᠢ᠃
       ᠮᠡᠳᠡᠯᠭᠡ ᠶᠢᠨ ᠤᠷᠤᠯᠳᠤᠭᠠᠨ ᠳᠤ ᠬᠤᠰᠢᠭᠤᠨ ᠤᠯᠤᠰ ᠲᠥᠷᠤ ᠶᠢᠨ ᠵᠥᠪᠯᠡᠯᠭᠡᠨ ᠤ ᠠᠷᠪᠠᠨ ᠬᠤᠶᠠᠷ ᠡᠳᠡᠭᠡᠳ ᠬᠠᠷᠢᠶᠠᠯᠠᠯ ᠤᠨ ᠠᠵᠢᠯᠯᠠᠭᠠᠨ ᠤ ᠲᠤᠭᠤᠶᠢᠯᠠᠩ ᠤᠨ 11 ᠠᠩᠬᠢ ᠪᠠᠯᠠᠳᠭᠡᠯ ᠣᠷᠤᠯᠳᠤᠭᠠᠨ ᠤ ᠠᠩᠬᠠᠨ ᠤ ᠰᠤᠩᠭᠤᠯᠲᠠ ᠪᠠ ᠰᠢᠢᠣᠡᠪᠣᠷᠢᠳᠤ ᠣᠷᠤᠯᠳᠤᠭᠠᠨ ᠳᠤ ᠣᠷᠤᠯᠴᠠᠵᠠᠢ᠃ ᠬᠠᠷᠢᠭᠤᠯᠬᠤ ᠰᠡᠳᠦᠪ ᠨᠢ ᠤᠯᠤᠰ ᠲᠦᠷᠤ ᠶᠢᠨ ᠵᠥᠪᠯᠡᠯᠭᠡᠨ ᠤ ᠤᠨᠤᠯ ᠤᠨ ᠰᠠᠭᠤᠷᠢ ᠮᠡᠳᠡᠯᠭᠡ᠂ ᠲᠦᠷᠢᠮ ᠲᠣᠭᠲᠠᠭᠠᠯ ᠵᠡᠷᠭᠡ ᠠᠭᠤᠯᠭ᠎ᠠ ᠶᠢ ᠨᠢᠡᠡᠳᠠ ᠤᠶᠠᠯᠳᠤᠭᠤᠯᠤᠨ᠂ ᠣᠷᠤᠯᠳᠤᠭᠠᠨ ᠳᠤ ᠣᠷᠤᠯᠴᠠᠬᠤ ᠭᠡᠰᠢᠭᠦᠳ ᠤᠨ ᠤᠨᠣᠯ ᠤᠨ ᠬᠡᠪ ᠴᠢᠨᠠᠷ ᠪᠠ ᠲᠣᠬᠠᠶᠢᠯᠬᠠᠰᠡᠨ ᠠᠵᠢᠯ ᠤᠨ ᠬᠢᠷᠢ ᠭᠡᠮᠵᠢᠶ᠎ᠠ ᠶᠢ ᠪᠦᠬᠦ ᠲᠠᠯ᠎ᠠ ᠪᠠᠷ ᠰᠢᠯᠭᠠᠨ ᠪᠠᠶᠢᠴᠠᠭᠠᠵᠠᠢ᠃ ᠣᠷᠣᠯᠳᠤᠭᠠᠨ ᠳᠤ ᠣᠷᠣᠯᠴᠬᠠᠰᠡᠣᠨ ᠪᠠᠯᠡᠳᠭᠡᠯ ᠭᠦᠢᠴᠡᠳ ᠪᠠᠶᠢᠵᠤ᠂ ᠯᠠᠪᠳᠠᠭᠤᠨ ᠲᠣᠭᠲᠠᠭᠤᠨ ᠪᠥᠭᠡᠳ ᠢᠳᠡᠪᠬᠢᠲᠠᠢ ᠪᠠᠷ ᠰᠡᠲᠤᠪ ᠬᠠᠷᠢᠭᠤᠯᠵᠤ᠂ ᠲᠤᠬᠠᠢ ᠶᠢᠨ ᠲᠠᠯᠠᠪᠠᠢ ᠶᠢᠨ ᠬᠠᠯᠠᠭᠤᠨ ᠤᠳᠬᠠᠶᠢᠯᠠᠯ ᠪᠠ ᠠᠯᠠᠭ᠎ᠠ ᠲᠠᠰᠢᠯᠲᠠ ᠶᠢ ᠣᠯᠪᠠ᠃ ᠰᠡᠲᠤᠪ ᠬᠠᠷᠢᠭᠤᠯᠬᠤ ᠶᠠᠪᠤᠴᠠ ᠳᠤ ᠣᠷᠤᠯᠳᠤᠭᠠᠨ ᠳᠤ ᠣᠷᠤᠯᠴᠠᠭᠰᠠᠳ ᠤᠨ ᠮᠣᠷᠢᠨ ᠬᠤᠭᠤᠷ ᠤᠨ ᠨᠠᠶᠢᠷᠠᠯ ᠬᠥᠭᠵᠢᠮ᠂ ᠭᠤᠴᠣᠯᠠᠯ ᠳᠠᠭᠤᠤ᠂ ᠤᠶᠠᠩᠭ᠎ᠠ ᠰᠢᠯᠤᠭ᠌ ᠵᠠᠷᠭᠡ ᠤᠷ᠎ᠠ ᠠᠪᠢᠶᠠᠰ ᠤᠨ ᠲᠤᠭᠯᠠᠯᠲᠠ ᠤᠳ ᠨᠢ ᠲᠤᠬᠠᠢ ᠶᠢᠨ ᠳᠠᠯᠠᠪᠠᠢ ᠶᠢᠨ ᠠᠭᠤᠷ ᠠᠮᠢᠰᠬᠤᠯ ᠢ ᠤᠯᠠᠮ ᠬᠥᠭᠵᠢᠭᠡᠵᠡᠢ᠃
       ᠬᠤᠷᠴᠠ ᠰᠢᠷᠦᠭᠦᠨ ᠦᠷᠢᠰᠤᠯᠳᠤᠭᠡᠨ ᠢᠶᠠᠷ ᠲᠠᠮᠵᠢᠨ᠂ ᠨᠡᠶᠢᠭᠡᠮ ᠤᠨ ᠠᠰᠠᠷᠠᠮᠵᠢ ᠪᠣᠯᠣᠨ ᠨᠡᠶᠢᠭᠡᠮ ᠤᠨ ᠪᠠᠲᠤᠯᠠᠭ᠎ᠠ  ᠶᠢᠨ ᠡᠳᠡᠭᠡᠳ ᠤᠨ ᠲᠦᠯᠥᠭᠡᠯᠡᠭᠴᠢᠳ ᠤᠨ ᠠᠩᠭᠢ᠂ ᠲᠠᠷᠢᠶᠠᠯᠠᠩ ᠮᠠᠯ ᠠᠵᠤ ᠠᠬᠤᠢ ᠶᠢᠨ ᠡᠳᠡᠭᠡᠳ ᠤᠨ ᠲᠦᠯᠥᠭᠡᠯᠡᠭᠴᠢᠳ ᠤᠨ ᠠᠩᠬᠢ᠂ ᠨᠠᠮ ᠪᠤᠰᠤ ᠡᠳᠡᠭᠡᠳ ᠬᠠᠷᠢᠶᠠᠲᠤ ᠨᠠᠷ ᠤᠨ ᠡᠳᠡᠭᠡᠳ ᠤᠨ ᠲᠦᠯᠤᠭᠡᠯᠡᠭᠴᠢᠳ ᠤᠨ ᠠᠩᠬᠢ ᠲᠣᠰ ᠲᠣᠰ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠳᠡᠰ ᠲᠤ ᠳᠤᠳᠤᠷᠠᠵᠤ᠂ ᠳᠤᠮᠳᠠᠲᠤ ᠤᠯᠤᠰ ᠤᠨ ᠡᠪ ᠬᠠᠮᠲᠤ ᠨᠠᠮ ᠪᠠ ᠣᠨᠴᠠ ᠤᠷᠢᠭᠰᠠᠨ ᠬᠦᠮᠤᠰ ᠤᠨ ᠡᠳᠡᠭᠡᠳ᠂ ᠰᠣᠶᠣᠯ ᠤᠷᠠᠯᠢᠭ ᠪᠡᠶ᠎ᠡ ᠶᠢᠨ ᠲᠠᠮᠢᠷ ᠰᠣᠨᠢᠨ ᠮᠡᠳᠡᠭᠡᠨ ᠤ ᠡᠳᠡᠭᠡᠳ ᠵᠢᠴᠢ ᠦᠢᠯᠡᠳᠪᠤᠷᠢ ᠬᠤᠳᠠᠯᠳᠤᠭᠠᠨ ᠤ ᠬᠤᠯᠪᠣᠭ᠎ᠠ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠨᠡᠶᠢᠭᠡᠮᠯᠢᠭ ᠤᠨ ᠡᠳᠡᠭᠡᠳ ᠤᠨ ᠲᠦᠯᠥᠭᠡᠯᠡᠭᠴᠢᠳ ᠤᠨ ᠠᠩᠬᠢ ᠰᠢᠯᠢᠳᠡᠭ ᠲᠡᠰ ᠲᠤ ᠲᠤᠳᠤᠷᠠᠵᠤ᠂ ᠲᠤᠬᠠᠢ ᠶᠢᠨ ᠲᠠᠯᠠᠪᠠᠢ ᠶᠢᠨ ᠤᠳᠤᠷᠢᠳᠤᠯᠭ᠎ᠠ ᠠᠴᠠ ᠱᠠᠩᠨᠠᠯ ᠬᠦᠷᠳᠡᠭᠰᠡᠣᠨ ᠲᠤ ᠱᠠᠩᠨᠠᠯ ᠭᠠᠷᠳᠠᠭᠤᠯᠪᠠ᠃ ︵ᠤᠷᠭᠤᠮᠠᠯ︶
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号