1 ᠰᠠᠷ᠎ᠠ ᠶᠢᠨ 4 ᠤ ᠡᠳᠤᠷ᠂ ᠠᠷᠤ ᠬᠤᠷᠴᠢᠨ ᠬᠤᠰᠢᠭᠤᠨ ᠤ ᠠᠵᠢᠯ ᠮᠡᠷᠭᠡᠵᠢᠯ ᠤᠨ ᠰᠤᠷᠭᠠᠨ | ᠬᠦᠮᠤᠵᠢᠯ ᠤᠨ ᠪᠣᠯᠪᠠᠰᠣᠷᠠᠯ ᠤᠨ ᠲᠥᠪ ᠤᠨ ᠨᠡᠶᠢᠭᠡᠮ ᠲᠣᠭᠤᠷᠢᠭ ᠤᠨ ᠲᠡᠭᠡᠲᠦ ᠰᠤᠷᠭᠠᠭᠤᠯᠢ ᠶᠢᠨ ᠮᠣᠩᠭᠤᠯ ᠤᠷᠠᠨ | ᠪᠢᠴᠢᠯᠭᠡ ᠶᠢᠨ ᠠᠩᠬᠢ ᠨᠢ ᠰᠢᠨ᠎ᠡ ᠣᠨ ᠤ ᠪᠣᠱᠣᠭᠠᠨ ᠳᠡᠭᠡᠷ᠎ᠡ ᠨᠢᠭᠡ ᠵᠢᠯ ᠤᠨ ᠲᠤᠷᠰᠢᠬᠢ ᠰᠤᠷᠣᠯᠭ᠎ᠠ ᠶᠢᠨ | ᠲᠤᠷᠰᠢᠯᠭ᠎ᠠ ᠰᠤᠷᠭᠠᠮᠵᠢ ᠪᠠᠨ ᠳ᠋ᠦᠡᠭᠨᠡᠨ᠂ ᠪᠠᠭᠰᠢ ᠰᠣᠷᠣᠭᠴᠢᠳ ᠥᠪᠡᠷ ᠥᠪᠡᠷ ᠤᠨ ᠤᠷᠠᠨ ᠪᠦᠲᠦᠭᠡᠯ ᠢᠶᠠᠨ | ᠳᠡᠯᠭᠡᠨ ᠦᠵᠡᠭᠦᠯᠵᠦ᠂ ᠰᠤᠷᠭᠠᠭᠤᠯᠢ ᠳᠤ ᠪᠠᠨ ᠬᠠᠷᠢᠭᠤ ᠮᠡᠳᠡᠭᠦᠯᠦᠯᠲᠡ ᠬᠢᠵᠠᠢ᠃ | | | | | | ᠨᠡᠶᠢᠭᠡᠮ ᠲᠣᠭᠤᠷᠢᠭ ᠤᠨ ᠲᠡᠭᠡᠳᠤ ᠰᠤᠷᠭᠠᠭᠤᠯᠢ ᠶᠢᠨ ᠮᠣᠩᠭᠤᠯ ᠤᠷᠠᠨ ᠪᠢᠴᠢᠯᠭᠡ ᠶᠢᠨ ᠠᠩᠬᠢ ᠨᠢ | 2023 ᠣᠨ ᠤ 9 ᠰᠠᠷ᠎ᠠ ᠳᠤ ᠪᠠᠶᠢᠭᠤᠯᠤᠭᠳᠠᠵᠤ᠂ 10 ᠰᠠᠷ᠎ᠠ ᠠᠴᠠ ᠨᠢ ᠵᠢᠩᠭᠢᠨᠢ ᠪᠠᠷ ᠬᠢᠴᠢᠶᠡᠯ ᠡᠬᠢᠯᠡᠨ᠂ | ᠮᠤᠩᠭᠤᠯ ᠤᠷᠠᠨ ᠪᠢᠴᠢᠯᠭᠡ ᠳᠤ ᠲᠤᠷ᠎ᠠ ᠪᠠᠭ᠋ᠠᠳᠠᠢ ᠬᠦᠮᠤᠰ ᠢ ᠢᠯᠭᠠᠯ ᠦᠭᠡᠢ ᠡᠯᠰᠡᠵᠤ᠂ ᠪᠦᠬᠦ ᠨᠡᠶᠢᠭᠡᠮ ᠳᠤ | ᠬᠠᠨᠳᠤᠭᠤᠯᠤᠨ ᠶᠠᠮᠠᠷ ᠴᠤ ᠰᠦᠢᠳᠭᠡᠯ ᠬᠤᠷᠢᠶᠠᠳᠠᠭ ᠦᠭᠡᠢ ᠠᠯᠪᠠᠨ ᠵᠢᠷᠤᠮ ᠤᠨ ᠵᠣᠬᠢᠶᠠᠨ ᠪᠠᠶᠢᠭᠤᠯᠤᠯᠲᠠ ᠪᠣᠯᠬᠤ | ᠶᠤᠮ᠃ | | | | | | ᠲᠣᠰ ᠠᠩᠬᠢ ᠨᠢ ᠭᠤᠣᠯᠳᠠᠭᠤ ᠭᠠᠷᠠᠭ ᠤᠨ ᠠᠮᠠᠷᠠᠯᠲᠠ ᠶᠢᠨ ᠴᠢᠯᠤᠭᠡᠨ ᠳᠤ ᠶᠠᠪᠤᠭᠳᠠᠳᠠᠭ ᠪᠤᠯᠬᠤᠷ᠂ | ᠲᠠᠪᠤᠳᠤᠭᠠᠷ ᠳᠣᠮᠳᠠᠲᠤ ᠰᠤᠷᠭᠠᠭᠤᠯᠢ ᠶᠢᠨ ᠶᠢᠡᠬᠤᠸᠠ ᠪᠠᠭᠰᠢ ᠠᠮᠠᠷᠠᠯᠲᠠ ᠶᠢᠨ ᠴᠠᠭ ᠢᠶᠠᠨ ᠠᠰᠢᠭᠯᠠᠨ᠂ ᠦᠨ᠎ᠡ | ᠲᠦᠯᠤᠪᠦᠷᠢ ᠦᠭᠡᠢ ᠪᠠᠷ ᠬᠢᠴᠢᠶᠡᠯᠯᠠᠵᠤ ᠪᠠᠶᠢᠭ᠎ᠠ ᠶᠤᠮ᠃ ᠬᠢᠴᠢᠶᠡᠯ ᠡᠬᠢᠯᠡᠭᠰᠡᠨ ᠠᠴᠠ ᠨᠠᠭᠠᠰᠢᠬᠢ ᠨᠢᠭᠡ ᠵᠢᠯ | ᠭᠠᠷᠤᠢ ᠶᠢᠨ ᠬᠤᠭᠤᠴᠠᠭᠠᠨ ᠳᠤ 50 ᠭᠠᠷᠤᠢ ᠰᠤᠷᠤᠯᠭᠠᠲᠠᠨ ᠲᠣᠰ ᠠᠩᠬᠢ ᠳᠤ ᠰᠤᠷᠤᠯᠴᠠᠨ᠂ ᠤᠷᠠᠯᠢᠭ ᠪᠣᠰᠤᠭ᠎ᠠ | ᠦᠰᠦᠭ ᠢᠶᠠᠨ ᠦᠵᠦᠭ ᠬᠤᠷᠴᠠᠯᠠᠨ ᠣᠶᠣᠨ ᠳᠤ ᠪᠠᠨ ᠰᠠᠶᠢᠯᠵᠤ᠂ ᠪᠠᠶᠠᠷ ᠪᠠᠶᠠᠰᠬᠤᠯᠠᠩ ᠲᠠᠢ᠂ ᠪᠢᠯᠬᠠᠮ᠎ᠠ | ᠰᠡᠳᠭᠢᠯᠭᠡ ᠲᠠᠢ ᠰᠤᠷᠤᠯᠴᠠᠨ᠂ ᠠᠵᠢᠯ ᠠᠮᠢᠳᠤᠷᠠᠯ ᠤᠨ ᠰᠡᠯᠡᠭᠦᠦ ᠴᠠᠭ ᠢᠶᠠᠨ ᠤᠳᠬ᠎ᠠ ᠠᠭᠤᠯᠭ᠎ᠠ ᠲᠠᠢ | ᠦᠩᠭᠡᠷᠡᠭᠦᠯᠵᠦ ᠶᠠᠪᠤᠨ᠎ᠠ᠃ | ᠴᠢᠮᠡᠭᠡᠯᠡᠭᠴᠢ᠄ ᠰᠧᠷᠡᠩᠨᠠᠣᠡᠮᠢᠤᠨ | | | | | | |