ᠭᠠᠵᠠᠷ ᠬᠦᠳᠡᠯᠦᠯᠳᠡ ᠪᠤᠯ ᠳᠡᠯᠡᠬᠡᠢ ᠶᠢᠨ ᠪᠦᠮᠪᠦᠷᠴᠡᠭ ᠤᠨ ᠳᠤᠳᠤᠭᠠᠳᠤ ᠬᠦᠳᠡᠯᠬᠡᠬᠡᠨ ᠠᠴᠠ ᠡᠬᠦᠰᠦᠭᠰᠡᠨ | ᠭᠠᠵᠠᠷ ᠤᠨ ᠭᠠᠳᠠᠷᠭᠤ ᠶᠢᠨ ᠬᠦᠳᠡᠯᠦᠯᠳᠡ ᠶᠢᠨ ᠪᠠᠶᠢᠭᠠᠯᠢ ᠶᠢᠨ ᠦᠵᠡᠭᠳᠡᠯ ᠶᠤᠮ᠃ | ᠭᠠᠵᠠᠷ ᠬᠦᠳᠡᠯᠦᠯᠳᠡ ᠶᠢᠨ ᠰᠤᠷᠪᠤᠯᠵᠢ᠄ | ᠳᠡᠯᠡᠬᠡᠢ ᠶᠢᠨ ᠪᠦᠮᠪᠦᠷᠴᠡᠭ ᠤᠨ ᠳᠤᠳᠤᠭᠠᠳᠤ ᠳᠠᠬᠢ ᠴᠢᠯᠠᠭᠤᠯᠢᠭ ᠳᠠᠪᠬᠤᠷᠭ᠎ᠠ ᠶᠢᠨ ᠠᠩ ᠴᠠᠪ ᠭᠠᠷᠬᠤ ᠠᠴᠠ | ᠡᠬᠦᠰᠦᠭᠰᠡᠨ ᠬᠦᠳᠡᠯᠦᠯᠳᠡ ᠶᠢᠨ ᠤᠷᠤᠨ ᠢ ᠬᠡᠯᠡᠳᠡᠭ᠃ ᠭᠠᠵᠠᠷ ᠬᠦᠳᠡᠯᠦᠯᠳᠡ ᠶᠢ ᠬᠦᠶᠦᠬᠡᠨ ᠰᠤᠷᠪᠤᠯᠵᠢ ᠶᠢᠨ | ᠬᠦᠳᠡᠯᠦᠯᠳᠡ᠂ ᠳᠤᠮᠳᠠ ᠰᠤᠷᠪᠤᠯᠵᠢ ᠶᠢᠨ ᠬᠦᠳᠡᠯᠦᠯᠳᠡ ᠪᠤᠯᠤᠨ ᠬᠦᠨ ᠰᠤᠷᠪᠤᠯᠵᠢ ᠶᠢᠨ ᠬᠦᠳᠡᠯᠦᠯᠳᠡ ᠬᠡᠵᠦ | ᠬᠤᠪᠢᠶᠠᠳᠠᠭ᠃ ᠬᠦᠳᠡᠯᠦᠯᠳᠡ ᠶᠢᠨ ᠰᠤᠷᠪᠤᠯᠵᠢ ᠶᠢᠨ ᠬᠦᠨ ᠤ ᠬᠡᠮᠵᠢᠶ᠎ᠡ ᠨᠢ 60 ᠺᠢᠯᠦᠮᠧᠲᠷ ᠤᠨ ᠳᠤᠳᠤᠷᠠᠬᠢ ᠶᠢ | ᠬᠦᠶᠦᠬᠡᠨ ᠰᠤᠷᠪᠤᠯᠵᠢ ᠶᠢᠨ ᠭᠠᠵᠠᠷ ᠬᠦᠳᠡᠯᠦᠯᠳᠡ ᠬᠡᠳᠡᠭ᠃ | ᠭᠠᠵᠠᠷ ᠬᠦᠳᠡᠯᠦᠯᠳᠡ ᠶᠢᠨ ᠳᠡᠰ᠄ | ᠭᠠᠵᠠᠷ ᠬᠦᠳᠡᠯᠦᠯᠳᠡ ᠶᠢᠨ ᠭᠠᠳᠠᠭᠰᠢ ᠭᠠᠷᠭᠠᠭᠰᠠᠨ ᠡᠨᠧᠷᠬᠢ ᠶᠢᠨ ᠶᠡᠭᠡ ᠪᠠᠭ᠎ᠠ ᠪᠠᠷ ᠨᠢ ᠳᠡᠰ ᠢ | ᠳᠤᠭᠳᠠᠭᠠᠳᠠᠭ᠃ ᠤᠳᠤᠬᠠᠨ ᠳᠤ ᠮᠠᠨ ᠤ ᠤᠯᠤᠰ ᠨᠢ ᠭᠠᠵᠠᠷ ᠬᠦᠳᠡᠯᠦᠯᠳᠡ ᠶᠢ 9 ᠳᠡᠰ ᠢᠶᠠᠷ ᠬᠤᠪᠢᠶᠠᠳᠠᠭ᠃ | ᠨᠢᠬᠡ ᠤᠳᠠᠭ᠎ᠠ ᠶᠢᠨ ᠭᠠᠵᠠᠷ ᠬᠦᠳᠡᠯᠦᠯᠳᠡ ᠨᠢ ᠵᠦᠪᠬᠡᠨ ᠨᠢᠬᠡ ᠯᠠ ᠳᠡᠰ ᠪᠤᠢ᠃ ᠭᠠᠵᠠᠷ ᠬᠦᠳᠡᠯᠦᠯᠳᠡ ᠨᠢ | ᠬᠠᠷᠢᠯᠴᠠᠨ ᠨᠢᠬᠡ ᠳᠡᠰ ᠤᠨ ᠵᠦᠷᠢᠶ᠎ᠡ ᠲᠠᠢ᠂ ᠡᠨᠧᠷᠬᠢ ᠨᠢ ᠬᠠᠷᠢᠯᠴᠠᠨ 32 ᠳᠠᠬᠢᠨ ᠤ ᠵᠦᠷᠢᠶ᠎ᠡ ᠲᠠᠢ ᠪᠠᠶᠢᠳᠠᠭ᠃ | 5 ᠳᠡᠰ ᠠᠴᠠ ᠳᠡᠬᠡᠭᠰᠢᠬᠢ ᠭᠠᠵᠠᠷ ᠬᠦᠳᠡᠯᠦᠯᠳᠡ ᠶᠢ ᠬᠦᠨᠦᠬᠡᠯ ᠤᠨ ᠴᠢᠨᠠᠷᠳᠠᠢ ᠭᠠᠵᠠᠷ ᠬᠦᠳᠡᠯᠦᠯᠳᠡ ᠬᠡᠳᠡᠭ᠃ | ᠠᠩ ᠴᠠᠪ ᠭᠠᠷᠬᠤ᠄ | ᠭᠠᠵᠠᠷ ᠤᠨ ᠭᠠᠳᠠᠷᠭᠤ ᠶᠢᠨ ᠬᠡᠷ ᠪᠠᠷᠢᠯᠭ᠎ᠠ ᠵᠡᠷᠬᠡ ᠳᠦᠬᠦᠬᠡᠷᠦᠮᠵᠢ ᠶᠢᠨ ᠭᠠᠵᠠᠷ ᠬᠦᠳᠡᠯᠦᠯᠳᠡ ᠳᠤ ᠬᠦᠨᠦᠬᠡᠯ | ᠤᠴᠠᠷᠠᠭᠰᠠᠨ ᠢ ᠵᠢᠭᠠᠵᠤ ᠪᠤᠢ᠃ ᠶᠡᠷᠦ ᠨᠢ 12 ᠭᠷᠠᠳᠦ᠋ᠰ ᠠᠴᠠ ᠳᠡᠬᠡᠭᠰᠢᠬᠢ ᠠᠩ ᠴᠠᠪ ᠭᠠᠷᠤᠭᠰᠠᠨ ᠢ ᠨᠢ | ᠬᠦᠨᠦᠬᠡᠯᠳᠦ ᠴᠢᠨᠠᠷᠳᠠᠢ ᠭᠠᠵᠠᠷ ᠬᠦᠳᠡᠯᠦᠯᠳᠡ ᠬᠡᠳᠡᠭ᠃ ᠨᠢᠬᠡ ᠤᠳᠠᠭ᠎ᠠ ᠶᠢᠨ ᠭᠠᠵᠠᠷ ᠬᠦᠳᠡᠯᠦᠯᠳᠡ ᠳᠤ ᠠᠳᠠᠯᠢ | ᠪᠤᠰᠤ ᠭᠠᠵᠠᠷ ᠤᠷᠤᠨ ᠳᠤ ᠠᠳᠠᠯᠢ ᠪᠤᠰᠤ ᠶᠢᠨ ᠠᠩ ᠴᠠᠪ ᠭᠠᠷᠳᠠᠭ᠃ ᠬᠦᠳᠡᠯᠦᠯᠳᠡ ᠶᠢᠨ ᠰᠤᠷᠪᠤᠯᠵᠢ ᠠᠴᠠ ᠬᠡᠳᠦᠢ | ᠤᠶᠢᠷᠠᠬᠠᠨ ᠪᠤᠯ ᠠᠩ ᠴᠠᠪ ᠨᠢ ᠳᠡᠳᠦᠢ ᠶᠡᠭᠡ᠂ ᠬᠦᠨᠦᠬᠡᠯ ᠨᠢ ᠴᠦ ᠶᠡᠭᠡ ᠪᠠᠶᠢᠳᠠᠭ᠃ | ᠭᠠᠵᠠᠷ ᠬᠦᠳᠡᠯᠦᠯᠳᠡ ᠶᠢᠨ ᠳᠠᠪᠳᠠᠮᠵᠢ᠄ | ᠭᠠᠵᠠᠷ ᠬᠦᠳᠡᠯᠦᠯᠳᠡ ᠶᠢᠨ ᠰᠤᠷᠪᠤᠯᠵᠢ ᠠᠴᠠ ᠳᠦᠷᠪᠡᠨ ᠵᠦᠭ ᠲᠤ ᠰᠠᠴᠤᠷᠠᠭᠰᠠᠨ ᠬᠠᠷᠢᠮᠠᠬᠠᠢ ᠴᠢᠨᠠᠷᠳᠠᠢ | ᠳᠠᠪᠳᠠᠮᠵᠢ ᠶᠢ ᠵᠢᠭᠠᠵᠤ᠂ ᠭᠤᠯᠳᠤ ᠳᠠᠪᠳᠠᠮᠵᠢ ᠪᠤᠶᠤ ᠬᠦᠨᠳᠡᠯᠡᠨ ᠳᠠᠪᠳᠠᠮᠵᠢ ᠬᠡᠵᠦ ᠬᠤᠪᠢᠶᠠᠳᠠᠭ᠃ | ᠭᠠᠵᠠᠷ ᠬᠦᠳᠡᠯᠦᠯᠳᠡ ᠶᠢᠨ ᠭᠠᠮᠰᠢᠭ ᠤᠨ ᠤᠨᠴᠠᠯᠢᠭ᠄ | ᠬᠠᠮᠤᠷᠤᠭᠳᠠᠬᠤ ᠬᠡᠪᠴᠢᠶ᠎ᠡ ᠦᠷᠬᠡᠨ᠂ ᠬᠦᠨᠦᠬᠡᠯ ᠰᠦᠷᠡᠬᠡᠢ᠂ ᠳᠠᠬᠢᠨ ᠳᠠᠪᠳᠠᠨ ᠬᠦᠳᠡᠯᠬᠦ ᠭᠠᠮᠰᠢᠭ ᠤᠯᠠᠨ᠂ | ᠠᠳᠡᠭᠰᠡᠳ ᠤᠯᠠᠨ᠂ ᠳᠤᠬᠠᠢ ᠶᠢᠨ ᠳᠠᠯᠠᠪᠤᠷ ᠤᠨ ᠠᠶᠤᠯ ᠳᠦᠭᠰᠢᠬᠦᠷᠢ ᠶᠡᠭᠡ ᠪᠠᠶᠢᠳᠠᠭ᠃ | |