ᠭᠠᠵᠠᠷ ᠬᠦᠳᠡᠯᠦᠯᠳᠡ ᠶᠢᠨ ᠭᠠᠮᠰᠢᠭ ︵ᠬᠤᠶᠠᠷ︶
ᠨᠡᠶᠢᠲᠡᠯᠡᠭᠰᠡᠨ ᠴᠠᠭ᠄
2015/12/19
     ᠠᠷᠭᠠᠴᠠᠭᠠᠬᠤ ᠭᠤᠤᠯᠳᠠᠯᠭ᠎ᠠ᠄      ︵1︶ ᠬᠡᠷ ᠳᠤᠳᠤᠷ᠎ᠠ ᠭᠠᠵᠠᠷ ᠬᠦᠳᠡᠯᠦᠯᠳᠡ ᠠᠴᠠ ᠵᠢᠭᠤᠳᠠᠬᠤ      ● ᠳᠤᠭᠤᠰᠬ᠎ᠠ ᠸᠠᠭᠠᠷ ᠤᠨ ᠬᠡᠷ ᠲᠤ ᠴᠢᠳᠠᠬᠤ ᠶᠢᠨ ᠬᠢᠷᠢ ᠪᠠᠷ ᠳᠤᠯᠤᠭᠠᠢ ᠶᠢᠨ ᠬᠡᠰᠡᠭ ᠢᠶᠠᠨ ᠬᠠᠮᠠᠭᠠᠯᠠᠨ᠎ᠠ ᠃ ᠬᠡᠷ ᠠᠴᠠ ᠪᠠᠨ ᠱᠠᠯᠠᠪᠬᠠᠨ ᠭᠠᠷᠴᠤ ᠰᠤᠯᠠ ᠰᠡᠯᠡᠬᠦᠤ ᠭᠠᠵᠠᠷ ᠤᠴᠢᠨ᠎ᠠ᠂ ᠡᠰᠡᠬᠦᠯ᠎ᠡ ᠪᠠᠬᠢᠯᠢᠭ᠌ ᠬᠡᠷ ᠤᠨ ᠡᠳ᠋ᠯᠡᠯ  ᠤᠨ ᠳᠤᠤᠷ᠎ᠠ ᠳᠠᠯᠳᠠᠯᠠᠨ᠎ᠠ᠂ ᠳᠤᠬᠢᠶᠠᠯ ᠢ ᠠᠮᠵᠢᠨ ᠬᠡᠷ ᠤᠨ ᠭᠠᠳᠠᠨᠠᠬᠢ ᠠᠶᠦᠯᠬᠦᠢ ᠭᠠᠵᠠᠷ ᠰᠢᠯᠵᠢᠨ᠎ᠡ᠃      ● ᠠᠰᠠᠷ ᠲᠤ ᠰᠠᠭᠤᠭᠰᠠᠳ ᠠᠰᠠᠷ ᠠᠴᠠ ᠦᠰᠦᠷᠦᠨ ᠵᠢᠭᠤᠳᠠᠵᠤ ᠪᠤᠯᠬᠤ ᠦᠬᠡᠢ᠂ ᠨᠠᠷᠠᠪᠴᠢᠨ ᠳᠤ ᠤᠴᠢᠵᠤ ᠪᠤᠯᠬᠤ ᠦᠬᠡᠢ᠂ ᠳᠠᠷᠤᠶᠢᠬᠠᠨ ᠵᠢᠵᠢᠭᠬᠡᠨ ᠦᠷᠦᠬᠡᠨ ᠳᠤ ᠪᠠᠨ ᠤᠷᠤᠨ᠎ᠠ᠂ ᠳᠤᠯᠭᠠᠭᠤᠷᠢ ᠪᠠᠭᠠᠨ᠎ᠠ ᠲᠠᠢ ᠨᠢᠭᠤᠷ ᠤᠬᠢᠶᠠᠬᠤ ᠬᠡᠷ᠂ ᠳᠤᠭᠤᠭᠠᠨ ᠬᠡᠷ᠂ ᠬᠤᠷᠢᠶᠠᠨ ᠬᠠᠳᠠᠭᠠᠯᠠᠬᠤ ᠬᠡᠷ ᠲᠤ ᠪᠠᠨ ᠤᠷᠤᠨ᠎ᠠ᠃      ● ᠦᠨᠳᠦᠷ ᠠᠰᠠᠷ ᠲᠤ ᠰᠠᠭᠤᠭᠰᠠᠳ ᠳᠤᠯᠭᠠᠭᠤᠷᠢ ᠪᠠᠭᠠᠨ᠎ᠠ ᠤᠯᠠᠨ᠂ ᠵᠢᠵᠢᠭᠬᠡᠨ ᠰᠢᠭ ᠦᠷᠦᠬᠡᠨ ᠳᠤ  ᠪᠠᠨ ᠤᠷᠤᠵᠤ ᠭᠠᠵᠠᠷ ᠬᠦᠳᠡᠯᠦᠯᠳᠡ ᠶᠢ ᠰᠡᠷᠬᠡᠶᠢᠯᠡᠨ᠎ᠡ᠃ ᠠᠮᠤᠷ ᠳᠦᠪᠰᠢᠨ ᠭᠤᠳᠤᠮᠵᠢ ᠪᠠᠷ ᠭᠠᠷᠬᠤ ᠬᠡᠷᠡᠭᠳᠠᠢ᠂ ᠴᠠᠬᠢᠯᠭᠠᠨ ᠱᠠᠳᠤᠨ ᠳᠤ ᠤᠷᠤᠵᠤ ᠪᠤᠯᠬᠤ ᠦᠬᠡᠢ᠃ ᠭᠠᠵᠠᠷ ᠬᠦᠳᠡᠯᠦᠭᠰᠡᠨ ᠦᠶ᠎ᠡ ᠳᠤ ᠴᠠᠬᠢᠯᠭᠠᠨ ᠱᠠᠳᠤ ᠠᠴᠠ ᠳᠦᠷᠬᠡᠬᠡᠨ ᠭᠠᠷᠬᠤ ᠬᠡᠷᠡᠭᠳᠠᠢ᠂ ᠴᠠᠬᠢᠯᠭᠠᠨ ᠱᠠᠳᠤ ᠶᠢ ᠨᠡᠬᠡᠬᠡᠵᠦ ᠳᠡᠶᠢᠯᠬᠦ ᠦᠬᠡᠢ ᠪᠤᠯ ᠤᠴᠤᠶᠢᠨ ᠰᠠᠭᠤᠵᠤ᠂ ᠳᠦᠰᠢᠬᠦᠷ ᠵᠡᠷᠬᠡ ᠠᠴᠠ ᠯᠠᠪᠳᠠᠭᠤᠨ ᠠᠳᠬᠤᠬᠤ ᠬᠡᠷᠡᠭᠳᠠᠢ᠃      ︵2︶  ᠬᠡᠷ ᠤᠨ ᠭᠠᠳᠠᠨ᠎ᠠ ᠭᠠᠵᠠᠷ ᠬᠦᠳᠡᠯᠦᠯᠳᠡ ᠠᠴᠠ ᠵᠢᠭᠤᠳᠠᠨ ᠵᠠᠶᠢᠯᠠᠰᠬᠢᠬᠤ      ● ᠤᠶᠢᠷᠠᠯᠴᠠᠭᠠᠬᠢ ᠠᠭᠤᠵᠢᠮ ᠭᠠᠵᠠᠷ ᠢ ᠰᠤᠩᠭᠤᠨ ᠤᠴᠤᠶᠢᠨ ᠰᠠᠭᠤᠬᠤ ᠪᠤᠶᠤ ᠬᠡᠪᠳᠡᠬᠦ ᠬᠡᠷᠡᠭᠳᠠᠢ᠂ ᠬᠡᠷ  ᠲᠤ ᠪᠠᠨ ᠤᠷᠤᠵᠤ ᠪᠤᠯᠬᠤ ᠦᠬᠡᠢ᠃      ● ᠠᠰᠠᠷ᠂ ᠵᠡᠬᠡᠯᠢ ᠦᠩᠬᠡᠷᠡᠬᠦ ᠬᠦᠬᠦᠷᠬᠡ᠂ ᠰᠤᠯᠢᠪᠴᠢᠮᠠᠯ ᠬᠦᠬᠦᠷᠬᠡ᠂ ᠬᠤᠯᠠᠩ᠂ ᠤᠰᠤᠨ ᠰᠤᠪᠤᠷᠭ᠎ᠠ ᠵᠡᠷᠬᠡ ᠦᠨᠳᠦᠷ ᠪᠠᠷᠢᠯᠭ᠎ᠠ ᠠᠴᠠ ᠵᠠᠶᠢᠯᠠᠰᠬᠢᠬᠤ ᠬᠡᠷᠡᠭᠳᠠᠢ᠃      ● ᠬᠦᠴᠦᠳᠡᠯ ᠦᠬᠡᠷᠡᠴᠢᠯᠡᠭᠴᠢ᠂ ᠴᠠᠬᠢᠯᠭᠠᠨ ᠤᠳᠠᠰᠤᠨ ᠪᠠᠭᠠᠨ᠎ᠠ᠂ ᠵᠠᠮ ᠤᠨ ᠳ᠋ᠧᠩ᠂ ᠵᠠᠷ ᠢᠯᠡᠷᠬᠡᠶᠢᠯᠡᠯ  ᠤᠨ ᠫᠠᠶᠢᠰᠠ᠂ ᠳᠡᠬᠦᠵᠢᠯᠡᠬᠦᠷ ᠳᠡᠷᠬᠡ ᠵᠡᠷᠬᠡ ᠪᠤᠳᠠᠰ ᠠᠴᠠ ᠵᠠᠶᠢᠯᠠᠰᠬᠢᠬᠤ ᠬᠡᠷᠡᠭᠳᠠᠢ᠃      ● ᠢᠪᠴᠤᠤ ᠵᠡᠬᠡᠯᠢ ᠭᠤᠳᠤᠮᠵᠢ᠂ ᠠᠶᠤᠯᠳᠤ ᠬᠡᠷ ᠪᠠᠷᠢᠯᠭ᠎ᠠ᠂ ᠬᠡᠷᠡᠮ᠂ ᠤᠪᠤᠭ᠎ᠠ ᠲᠠᠢ ᠳᠤᠭᠤᠰᠭ᠎ᠠ ᠸᠠᠭᠠᠷ ᠂ ᠮᠤᠳᠤᠨ ᠮᠠᠲ᠋ᠧᠷᠢᠶᠠᠯ ᠤᠨ ᠳᠠᠯᠠᠪᠤᠷ ᠵᠡᠷᠬᠡ ᠠᠴᠠ ᠵᠠᠶᠢᠯᠠᠰᠬᠢᠬᠤ ᠬᠡᠷᠡᠭᠳᠠᠢ᠃      ● ᠡᠭᠴᠡ ᠠᠭᠤᠯᠠ᠂ ᠠᠭᠤᠯᠠ ᠶᠢᠨ ᠬᠠᠵᠠᠭᠤ᠂ ᠠᠭᠤᠯᠠ ᠭᠠᠩᠭ᠎ᠠ ᠠᠴᠠ ᠵᠠᠶᠢᠯᠠᠰᠬᠢᠬᠤ ᠬᠡᠷᠡᠭᠳᠠᠢ᠃      ︵3︶ ᠦᠪᠡᠷ ᠢ ᠪᠠᠨ ᠠᠪᠤᠷᠠᠬᠤ      ● ᠬᠠᠶᠠᠭᠳᠠᠮᠠᠯ ᠪᠤᠳᠠᠰ ᠤᠨ ᠤᠪᠤᠭ᠎ᠠ ᠳᠤ ᠳᠠᠷᠤᠭᠳᠠᠭᠰᠠᠨ ᠪᠤᠯ ᠠᠷᠭ᠎ᠠ ᠪᠦᠬᠦᠨ ᠢ ᠰᠦᠪᠡᠭᠴᠢᠯᠡᠨ ᠳᠤᠯᠤᠭᠠᠢ᠂ ᠠᠮᠠ᠂ ᠬᠠᠮᠠᠷ᠂ ᠴᠡᠬᠡᠵᠢᠨ ᠬᠡᠰᠡᠭ ᠤᠨ ᠡᠯᠳᠡᠪ ᠪᠤᠳᠠᠰ ᠢ ᠴᠡᠪᠡᠷᠯᠡᠵᠦ᠂ ᠢᠯᠭᠤᠮ ᠠᠮᠢᠰᠬᠤᠬᠤ ᠪᠠᠨ ᠪᠠᠳᠤᠯᠠᠵᠤ᠂ ᠭᠠᠷ᠂ ᠬᠦᠯ ᠢᠶᠠᠨ ᠴᠢᠳᠠᠬᠤ ᠶᠢᠨ ᠬᠢᠷᠢ ᠪᠠᠷ ᠬᠦᠳᠡᠯᠬᠡᠵᠦ᠂ ᠪᠡᠶ᠎ᠡ ᠳᠡᠬᠡᠷ᠎ᠡ ᠳᠠᠷᠤᠭᠰᠠᠨ ᠪᠤᠳᠠᠰ ᠤᠳ ᠢ ᠴᠡᠪᠡᠷᠯᠡᠨ᠎ᠡ᠃ ᠬᠡᠷᠪᠡ ᠰᠢᠷᠬᠠᠳᠤᠭᠰᠠᠨ ᠪᠤᠯ ᠠᠷᠭ᠎ᠠ ᠰᠦᠪᠡᠭᠴᠢᠯᠡᠨ ᠪᠤᠭᠤᠵᠤ᠂ ᠴᠢᠰᠤ ᠬᠡᠳᠦᠷᠬᠡᠢ ᠭᠠᠷᠬᠤ ᠠᠴᠠ ᠵᠠᠶᠢᠯᠠᠰᠬᠢᠬᠤ ᠬᠡᠷᠡᠭᠳᠠᠢ᠃      ● ᠪᠡᠶ᠎ᠡ ᠪᠠᠨ ᠬᠦᠳᠡᠯᠬᠡᠵᠦ ᠴᠢᠳᠠᠬᠤ ᠳᠤ ᠬᠦᠷᠪᠡᠯ ᠪᠠᠬᠢᠯᠢᠭ᠌ ᠪᠤᠰᠤ ᠨᠤᠷᠠᠭᠰᠠᠨ ᠪᠤᠳᠠᠰ ᠪᠤᠯᠤᠨ ᠬᠢᠯᠪᠠᠷᠬᠠᠨ ᠤᠨᠠᠵᠤ ᠮᠡᠳᠡᠬᠦ ᠪᠤᠳᠠᠰ ᠠᠴᠠ ᠵᠠᠶᠢᠯᠠᠰᠬᠢᠵᠦ᠂ ᠤᠷᠴᠢᠨ ᠳᠤᠭᠤᠷᠢᠨ ᠳᠠᠬᠢ ᠪᠠᠬᠢᠯᠢᠭ᠌ ᠪᠤᠳᠠᠰ ᠢᠶᠠᠷ ᠪᠡᠶ᠎ᠡ ᠶᠢ ᠳᠠᠷᠤᠵᠤ ᠮᠡᠳᠡᠬᠦ ᠬᠦᠨᠳᠦ ᠪᠤᠳᠠᠰ ᠢ ᠳᠤᠯᠵᠤ᠂ ᠨᠠᠭᠠᠰᠢ ᠴᠠᠭᠠᠰᠢ ᠬᠦᠳᠡᠯᠬᠦ ᠵᠠᠢ ᠵᠠᠪᠰᠠᠷ ᠭᠠᠷᠭᠠᠵᠤ᠂ ᠠᠷᠭ᠎ᠠ ᠰᠦᠪᠡᠭᠴᠢᠯᠡᠨ ᠠᠶᠤᠮᠰᠢᠭᠳᠤ ᠤᠷᠴᠢᠨ ᠠᠴᠠ ᠵᠠᠶᠢᠯᠠᠰᠬᠢᠵᠤ᠂ ᠬᠡᠷᠡᠯ ᠳᠤᠰᠬᠤ ᠠᠮᠤᠷ ᠳᠦᠪᠰᠢᠨ ᠠᠭᠤᠵᠢᠮ ᠭᠠᠵᠠᠷ ᠳᠡᠶᠢᠰᠢ ᠰᠢᠯᠵᠢᠬᠦ ᠬᠡᠷᠡᠭᠳᠠᠢ᠃      ● ᠳᠠᠮᠢᠷ ᠬᠦᠴᠦ ᠪᠠᠨ ᠪᠠᠳᠤᠯᠠᠵᠤ ᠶᠡᠭᠡ ᠳᠠᠭᠤᠨ ᠢᠶᠠᠷ ᠳᠦᠯᠡᠢ ᠪᠠᠯᠠᠢ ᠬᠠᠰᠬᠢᠷᠴᠤ ᠪᠤᠯᠬᠤ ᠦᠬᠡᠢ᠃ ᠬᠠᠵᠠᠭᠤ ᠬᠠᠪᠢ ᠪᠠᠷ ᠬᠦᠮᠦᠨ ᠪᠠᠶᠢᠬᠤ ᠶᠢ ᠪᠠᠳᠤᠳᠠᠢ ᠮᠡᠳᠡᠭᠰᠡᠨ ᠦᠶ᠎ᠡ ᠳᠤ ᠠᠪᠤᠷᠠᠯᠳᠠ ᠬᠦᠰᠡᠬᠦ ᠬᠡᠷᠡᠭᠳᠠᠢ᠃ ᠭᠠᠳᠠᠨ᠎ᠠ ᠬᠦᠮᠦᠨ ᠬᠠᠷ᠎ᠠ ᠶᠢᠨ ᠴᠢᠮᠡᠭᠡ ᠭᠠᠷᠬᠤ ᠦᠶᠡᠰ ᠬᠠᠳᠠᠭᠤ ᠪᠤᠳᠠᠰ ᠢᠶᠠᠷ ᠠᠪᠤᠷᠠᠯᠳᠠ ᠬᠦᠰᠡᠬᠦ ᠴᠢᠮᠡᠭᠡ ᠦᠭᠬᠦ  ᠪᠠᠷ ᠳᠤᠭᠰᠢᠵᠤ ᠴᠤᠬᠢᠬᠤ ᠬᠡᠷᠡᠭᠳᠠᠢ᠃      ● ᠭᠠᠯ ᠬᠡᠷᠡᠭᠯᠡᠵᠦ ᠪᠤᠯᠬᠤ ᠦᠬᠡᠢ᠂ ᠬᠢᠯᠪᠠᠷᠬᠠᠨ ᠳᠡᠯᠪᠡᠷᠡᠬᠦ ᠬᠡᠢ ᠪᠡᠶᠡᠳᠦ ᠲᠠᠢ ᠵᠤᠯᠭᠠᠬᠤ ᠶᠢ ᠰᠡᠷᠬᠡᠶᠢᠯᠡᠨ᠎ᠡ ᠃ ᠢᠳᠡᠬᠡᠨ ᠪᠤᠯᠤᠨ ᠤᠰᠤ ᠤᠮᠳᠠ ᠪᠠᠨ ᠠᠷᠪᠢᠯᠠᠨ᠎ᠠ᠂ ᠴᠢᠬᠤᠯᠠᠳᠠᠢ ᠦᠶ᠎ᠡ ᠳᠤ ᠦᠪᠡᠷ ᠤᠨ ᠰᠢᠬᠡᠰᠦ ᠪᠠᠨ ᠤᠤᠭᠤᠵᠤ ᠤᠮᠳᠠ ᠪᠠᠨ ᠳᠠᠷᠤᠵᠤ ᠪᠤᠯᠤᠨ᠎ᠠ᠃      ︵4︶ ᠬᠠᠷᠢᠯᠴᠠᠨ ᠠᠪᠤᠷᠠᠬᠤ      ● ᠠᠶᠤᠯ ᠳᠤ ᠬᠠᠰᠢᠭᠳᠠᠭᠰᠠᠨ ᠬᠦᠮᠦᠰ ᠤᠨ ᠤᠷᠤᠨ ᠪᠠᠶᠢᠷᠢ ᠪᠤᠯᠤᠨ ᠬᠡᠷ ᠰᠠᠭᠤᠴᠠ ᠶᠢᠨ ᠠᠶᠤᠯ ᠳᠦᠭᠰᠢᠬᠦᠷᠢ ᠶᠢᠨ ᠪᠠᠶᠢᠳᠠᠯ ᠢ ᠵᠠᠳᠠᠯᠤᠨ ᠰᠢᠨᠵᠢᠯᠡᠵᠦ᠂ ᠠᠮᠤᠷ ᠳᠦᠪᠰᠢᠨ ᠢᠶᠠᠷ ᠬᠠᠷᠢᠯᠴᠠᠨ ᠠᠪᠤᠷᠠᠬᠤ ᠠᠷᠭ᠎ᠠ ᠳᠤᠭᠳᠠᠭᠠᠨ᠎ᠠ᠃      ● ᠠᠪᠤᠷᠠᠯᠳᠠ ᠬᠢᠬᠦ ᠦᠶᠡᠰ ᠳᠤᠯᠭᠠᠭᠤᠷᠢ ᠪᠤᠳᠠᠰ ᠢ ᠰᠠᠶᠢᠳᠤᠷ ᠬᠠᠮᠠᠭᠠᠯᠠᠵᠤ᠂ ᠳᠠᠷᠤᠭᠰᠠᠨ ᠪᠤᠳᠠᠰ ᠢ ᠴᠡᠪᠡᠷᠯᠡᠬᠦ ᠳᠤ ᠪᠠᠨ ᠳᠠᠷᠤᠭᠳᠠᠭᠰᠠᠳ ᠲᠤ ᠠᠮᠢᠳᠤᠷᠠᠬᠤ ᠵᠠᠢ ᠤᠯᠭᠤᠬᠤ ᠶᠢ ᠪᠠᠳᠤᠯᠠᠨ᠎ᠠ᠃      ● ᠬᠠᠷᠠᠩᠭᠤᠢ᠂ ᠬᠡᠷᠡᠯ ᠬᠡᠬᠡ ᠦᠬᠡᠢ᠂ ᠦᠯᠦᠰᠬᠦᠯᠡᠩ ᠪᠠᠶᠢᠳᠠᠯ ᠳᠤ ᠤᠷᠳᠤ ᠴᠠᠭ ᠢᠶᠠᠷ ᠳᠠᠷᠤᠭᠳᠠᠭᠰᠠᠳ ᠢ ᠠᠪᠤᠷᠠᠨ ᠭᠠᠷᠭᠠᠪᠠᠯ ᠨᠢᠳᠦ ᠶᠢ ᠨᠢ ᠪᠦᠳᠡᠬᠡᠵᠦ᠂ ᠬᠡᠷᠡᠯ ᠤᠨ ᠰᠡᠳᠡᠯᠳᠡ ᠤᠯᠬᠤ ᠠᠴᠠ ᠵᠠᠶᠢᠯᠠᠰᠬᠢᠵᠤ᠂ ᠳᠡᠬᠦᠨ ᠳᠤ ᠠᠯᠭᠤᠷ ᠠᠭᠠᠵᠢᠮ ᠢᠶᠠᠷ ᠰᠢᠨ᠎ᠡ ᠰᠤᠷᠭᠤᠭ ᠠᠭᠤᠷ ᠠᠮᠢᠰᠬᠤᠯ ᠤᠯᠭᠤᠵᠤ᠂ ᠠᠭᠠᠵᠢᠮ ᠢᠶᠠᠷ ᠤᠰᠤ ᠤᠤᠭᠤᠯᠭᠠᠨ ᠪᠤᠳᠠᠭ᠎ᠠ ᠢᠳᠡᠬᠦᠯᠬᠦ ᠬᠡᠷᠡᠭᠳᠠᠢ᠃
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号