ᠭᠠᠵᠠᠷ ᠤᠨ ᠭᠠᠮᠰᠢᠭ ᠬᠦᠨᠦᠬᠡᠯ ᠪᠤᠯ ᠪᠠᠶᠢᠭᠠᠯᠢ ᠶᠢᠨ ᠰᠢᠯᠳᠠᠭᠠᠨ ᠪᠤᠶᠤ ᠬᠦᠮᠦᠨ ᠤ ᠠᠵᠢᠯᠯᠠᠭ᠎ᠠ ᠠᠴᠠ ᠪᠤᠯᠵᠤ | ᠠᠭᠤᠯᠠ ᠶᠡᠬᠦᠷᠡᠬᠦ᠂ ᠠᠭᠤᠯᠠ ᠭᠤᠯᠭᠤᠷᠢᠬᠤ᠂ ᠰᠢᠪᠠᠷ ᠴᠢᠯᠠᠭᠤ ᠤᠷᠤᠰᠬᠤ᠂ ᠭᠠᠵᠠᠷ ᠠᠩ ᠴᠠᠪ ᠭᠠᠷᠬᠤ᠂ ᠭᠠᠵᠠᠷ | ᠤᠨ ᠭᠠᠳᠠᠷᠭᠤ ᠴᠦᠮᠦᠷᠢᠬᠦ᠂ ᠭᠠᠵᠠᠷ ᠤᠨ ᠭᠠᠳᠠᠷᠭᠤ ᠳᠤᠷᠤᠭᠰᠢ ᠰᠠᠭᠤᠬᠤ ᠵᠡᠷᠬᠡ ᠭᠠᠵᠠᠷ ᠤᠨ ᠦᠢᠯᠡᠳᠦᠯ ᠯᠦᠭᠡ | ᠬᠤᠯᠪᠤᠭ᠎ᠠ ᠲᠠᠢ ᠭᠠᠮᠰᠢᠭ ᠬᠦᠨᠦᠬᠡᠯ ᠪᠤᠯᠤᠨ᠎ᠠ᠃ | | ᠰᠢᠪᠠᠷ ᠴᠢᠯᠠᠭᠤ ᠤᠷᠤᠰᠬᠤ | ᠰᠢᠪᠠᠷ ᠴᠢᠯᠠᠭᠤ ᠤᠷᠤᠰᠬᠤ ᠬᠡᠳᠡᠭ ᠨᠢ ᠠᠭᠤᠯᠠᠷᠬᠠᠭ ᠤᠷᠤᠨ ᠤ ᠬᠠᠵᠠᠭᠤ ᠬᠢᠷ᠎ᠠ ᠪᠤᠶᠤ ᠭᠤᠤ ᠭᠠᠩᠭ᠎ᠠ ᠶᠢᠨ | ᠰᠤᠯᠠ ᠬᠠᠶᠢᠷ ᠴᠢᠯᠠᠭᠤ ᠪᠤᠶᠤ ᠰᠤᠯᠠ ᠬᠦᠪᠰᠡᠬᠡᠷ ᠪᠦᠬᠦᠢ ᠠᠭᠤᠯᠠ ᠶᠢᠨ ᠴᠤᠭᠴᠠ ᠨᠢ ᠳᠤᠭᠰᠢᠨ ᠪᠤᠷᠤᠭᠠᠨ᠂ | ᠮᠦᠰᠦ ᠴᠠᠰᠤ ᠬᠠᠶᠢᠯᠵᠤ ᠬᠡᠰᠦᠭᠰᠡᠨ ᠵᠡᠷᠬᠡ ᠠᠴᠠ ᠪᠤᠯᠵᠤ ᠤᠷᠤᠰᠬᠤ ᠤᠨᠴᠠᠭᠠᠢ ᠦᠶᠡᠷ ᠤᠷᠤᠰᠬᠠᠯ ᠪᠤᠯᠤᠨ᠎ᠠ᠃ | ᠰᠡᠷᠬᠡᠶᠢᠯᠡᠬᠦ ᠭᠤᠤᠯᠳᠠᠯᠭ᠎ᠠ | ● ᠭᠤᠤᠯ ᠤᠨ ᠤᠷᠤᠰᠬᠠᠯ ᠬᠡᠨᠡᠳᠳᠡ ᠪᠠᠷ ᠳᠠᠰᠤᠷᠠᠬᠤ ᠪᠤᠶᠤ ᠬᠡᠨᠡᠳᠳᠡ ᠪᠠᠷ ᠨᠡᠮᠡᠭᠳᠡᠵᠦ᠂ ᠡᠯᠳᠡᠪ ᠵᠦᠢᠯ | ᠤᠨ ᠪᠤᠳᠠᠰ ᠡᠪᠡᠰᠦ ᠮᠤᠳᠤᠨ ᠤ ᠨᠠᠮᠠᠭ᠎ᠠ ᠰᠠᠯᠠᠭ᠎ᠠ ᠬᠤᠯᠢᠯᠳᠤᠵᠤ ᠢᠪᠡᠷᠡᠨᠡ᠃ | ● ᠬᠦᠨ ᠭᠠᠩᠭ᠎ᠠ ᠪᠤᠶᠤ ᠭᠤᠤ ᠰᠤᠪᠠᠭ ᠠᠴᠠ ᠭᠠᠯᠳᠤ ᠳᠡᠷᠬᠡᠨ ᠤ ᠪᠤᠶᠤ ᠠᠶᠤᠩᠭ᠎ᠠ ᠨᠢᠵᠢᠬᠢᠨᠡᠬᠦ ᠮᠡᠳᠦ | ᠳᠠᠭᠤᠨ ᠰᠤᠨᠤᠰᠳᠠᠨ᠎ᠠ᠃ | ● ᠬᠦᠨᠳᠡᠢ ᠬᠠᠪᠴᠢᠯ ᠳᠤ ᠬᠡᠨᠡᠳᠳᠡ ᠪᠠᠷ ᠳᠦᠨᠡᠷ ᠬᠠᠷᠠᠩᠭᠤᠢ ᠪᠤᠯᠬᠤ ᠶᠢᠨ ᠵᠡᠷᠬᠡ ᠳᠤᠯᠬᠢᠰᠤᠨ ᠬᠦᠳᠡᠯᠬᠦ | ᠪᠠᠶᠢᠳᠠᠯ ᠮᠡᠳᠡᠭᠳᠡᠮ᠎ᠡ ᠢᠯᠡᠷᠡᠨ᠎ᠡ᠃ | ᠠᠷᠭᠠᠴᠠᠭᠠᠬᠤ ᠭᠤᠤᠯᠳᠠᠯᠭ᠎ᠠ | ● ᠵᠢᠭᠤᠳᠠᠨ ᠳᠤᠳᠠᠭᠠᠬᠤ ᠦᠶᠡᠰ ᠬᠦᠨᠳᠦ ᠪᠤᠳᠠᠰ ᠢ ᠠᠪᠴᠤ ᠪᠤᠯᠬᠤ ᠦᠬᠡᠢ᠃ | ● ᠨᠠᠮ ᠬᠤᠳᠤᠭᠤᠷ ᠭᠠᠵᠠᠷ ᠢᠶᠠᠷ ᠡᠷᠬᠢᠴᠡᠵᠦ ᠪᠤᠯᠬᠤ ᠦᠬᠡᠢ᠃ | ● ᠴᠢᠯᠠᠭᠤ ᠦᠩᠬᠦᠷᠢᠳᠦᠬᠦ ᠪᠤᠶᠤ ᠡᠯᠳᠡᠪ ᠤᠨ ᠪᠤᠳᠠᠰ ᠤᠪᠤᠭᠠᠷᠠᠯᠳᠤᠭᠰᠠᠨ ᠠᠭᠤᠯᠠᠨ ᠪᠠᠯ ᠢᠶᠠᠷ | ᠳᠠᠯᠳᠠᠯᠠᠵᠤ ᠪᠤᠯᠬᠤ ᠦᠬᠡᠢ᠃ | | ᠠᠭᠤᠯᠠ ᠭᠤᠯᠭᠤᠷᠢᠬᠤ ᠪᠤᠶᠤ ᠶᠡᠬᠦᠷᠡᠬᠦ | ᠠᠭᠤᠯᠠ ᠭᠤᠯᠭᠤᠷᠢᠬᠤ ᠬᠡᠳᠡᠭ ᠨᠢ ᠬᠠᠳᠠ ᠴᠢᠯᠠᠭᠤ ᠰᠢᠷᠤᠢ ᠨᠢ ᠳᠠᠷᠤᠯᠳᠠ ᠪᠤᠶᠤ ᠤᠰᠤ ᠵᠡᠷᠬᠡ ᠭᠠᠳᠠᠭᠠᠳᠤ | ᠤᠷᠴᠢᠨ ᠤ ᠨᠦᠯᠦᠬᠡᠯᠡᠯ ᠢᠶᠠᠷ ᠬᠠᠷᠢᠯᠴᠠᠨ ᠳᠦᠯᠬᠢᠯᠴᠡᠵᠦ ᠵᠦᠬᠡᠯᠡᠨ ᠭᠠᠳᠠᠷᠭᠤ ᠶᠢᠨ ᠪᠦᠬᠦᠯᠢ ᠴᠤᠭᠴᠠ ᠬᠢᠬᠡᠳ | ᠬᠡᠰᠡᠭ ᠭᠠᠳᠠᠷᠭᠤ ᠨᠢ ᠳᠤᠷᠤᠭᠰᠢ ᠭᠤᠯᠭᠤᠷᠢᠨ ᠬᠦᠳᠡᠯᠬᠦ ᠶᠢ ᠵᠢᠭᠠᠵᠤ ᠪᠤᠢ᠃ | ᠶᠡᠬᠦᠷᠡᠬᠦ ᠬᠡᠳᠡᠭ ᠨᠢ ᠬᠠᠳᠠ ᠰᠢᠷᠤᠢ ᠬᠡᠨᠡᠳᠳᠡ ᠪᠠᠷ ᠳᠤᠷᠤᠭᠰᠢ ᠪᠠᠭᠤᠬᠤ ᠬᠦᠳᠡᠯᠬᠡᠬᠡᠨ ᠢ ᠬᠡᠯᠡᠵᠦ ᠪᠤᠢ᠃ | ᠶᠡᠷᠦ ᠳᠤ ᠪᠠᠨ ᠬᠠᠵᠠᠭᠤ ᠪᠠᠯ ᠤᠨ ᠬᠠᠳᠠ ᠰᠢᠷᠤᠢ ᠨᠢ ᠠᠭᠤᠯᠠᠨ ᠠᠴᠠ ᠰᠠᠯᠵᠤ ᠬᠠᠭᠠᠷᠠᠭᠠᠳ ᠬᠤᠷᠮᠤᠢ ᠵᠦᠭ ᠢᠶᠠᠨ | ᠤᠪᠤᠭᠠᠷᠠᠯᠳᠤᠨ ᠪᠠᠭᠤᠳᠠᠭ᠃ | ᠰᠡᠷᠬᠡᠶᠢᠯᠡᠬᠦ ᠭᠤᠤᠯᠳᠠᠯᠭ᠎ᠠ | ● ᠤᠷᠤᠰᠬᠠᠯ ᠳᠠᠰᠤᠷᠠᠭᠰᠠᠨ ᠪᠤᠯᠠᠭ ᠳᠠᠬᠢᠨ ᠪᠤᠷᠬᠢᠯᠬᠤ ᠪᠤᠶᠤ ᠪᠤᠯᠠᠭ᠂ ᠬᠤᠳᠳᠤᠭ ᠤᠨ ᠤᠰᠤ ᠬᠡᠨᠡᠳᠳᠡ | ᠪᠠᠷ ᠰᠢᠷᠬᠢᠳᠡᠭ᠃ | ● ᠨᠤᠷᠠᠵᠤ ᠭᠤᠯᠭᠤᠷᠢᠭᠰᠠᠨ ᠠᠭᠤᠯᠠ ᠶᠢᠨ ᠠᠩ ᠴᠠᠪ ᠨᠢ ᠶᠡᠬᠡᠳᠴᠦ ᠬᠦᠢᠳᠡᠨ ᠠᠭᠤᠷ ᠪᠤᠶᠤ ᠬᠠᠯᠠᠭᠤᠨ | ᠠᠭᠤᠷ ᠭᠠᠷᠳᠠᠭ᠃ | ● ᠬᠠᠳᠠ ᠴᠢᠯᠠᠭᠤ ᠬᠠᠭᠠᠷᠬᠤ ᠪᠤᠶᠤ ᠳᠠᠷᠤᠭᠳᠠᠭᠰᠠᠨ ᠳᠠᠭᠤᠨ ᠭᠠᠷᠳᠠᠭ᠃ | ᠠᠷᠭᠠᠴᠠᠭᠠᠬᠤ ᠭᠤᠤᠯᠳᠠᠯᠭ᠎ᠠ | ● ᠶᠠᠪᠠᠭᠠᠨ ᠬᠦᠮᠦᠰ ᠳᠠᠷᠤᠢ ᠳᠦᠷᠬᠡᠨ ᠬᠤᠶᠠᠷ ᠳᠠᠯ᠎ᠠ ᠶᠢᠨ ᠠᠮᠤᠷ ᠳᠦᠪᠰᠢᠨ ᠭᠠᠵᠠᠷ ᠵᠦᠭ ᠰᠢᠯᠵᠢᠨ᠎ᠡ᠃ | ᠬᠠᠳᠠ ᠰᠢᠷᠤᠢ ᠭᠤᠯᠭᠤᠷᠢᠵᠤ ᠪᠠᠶᠢᠭ᠎ᠠ ᠴᠢᠭᠯᠡᠯ ᠪᠤᠶᠤ ᠡᠰᠡᠷᠬᠦ ᠴᠢᠭᠯᠡᠯ ᠵᠦᠭ ᠨᠢ ᠶᠠᠪᠤᠵᠤ ᠪᠤᠯᠬᠤ ᠦᠬᠡᠢ᠃ | ᠳᠤᠯᠤᠭᠠᠢ ᠪᠠᠨ ᠬᠠᠮᠠᠭᠠᠯᠠᠬᠤ ᠶᠢ ᠠᠩᠬᠠᠷᠬᠤ ᠬᠡᠷᠡᠭᠳᠠᠢ᠃ | ● ᠳᠡᠷᠬᠡ ᠪᠠᠷ ᠵᠠᠮᠨᠠᠵᠤ ᠪᠠᠶᠢᠪᠠᠯ ᠳᠦᠷᠬᠡᠬᠡᠨ ᠨᠠᠯᠤ ᠢᠪᠴᠤᠤ ᠭᠠᠵᠠᠷ ᠠᠴᠠ ᠵᠢᠭᠤᠳᠠᠵᠤ ᠳᠡᠭᠰᠢ ᠠᠭᠤᠳᠠᠮ | ᠭᠠᠵᠠᠷ ᠲᠤ ᠬᠦᠷᠴᠦ ᠳᠠᠯᠳᠠᠯᠠᠬᠤ ᠬᠡᠷᠡᠭᠳᠠᠢ᠃ | ● ᠠᠭᠤᠯᠠ ᠭᠤᠯᠭᠤᠷᠢᠵᠤ ᠶᠡᠬᠦᠷᠡᠬᠡᠳ ᠵᠠᠮ ᠢ ᠬᠠᠰᠢᠭᠰᠠᠨ ᠪᠤᠯ ᠵᠠᠮ ᠬᠠᠷᠢᠯᠴᠠᠭ᠎ᠠ ᠶᠢᠨ ᠵᠢᠯᠤᠭᠤᠳᠤᠯᠭ᠎ᠠ | ᠶᠢ ᠳᠠᠭᠠᠵᠤ ᠳᠤᠬᠢᠶ᠎ᠠ ᠶᠢ ᠵᠢᠷᠤᠮᠯᠠᠬᠤ ᠬᠡᠷᠡᠭᠳᠠᠢ᠃ | |