ᠴᠠᠭ ᠠᠭᠤᠷ ᠤᠨ ᠭᠠᠮᠰᠢᠭ ︵ᠭᠤᠷᠪᠠ︶
ᠨᠡᠶᠢᠲᠡᠯᠡᠭᠰᠡᠨ ᠴᠠᠭ᠄
2015/12/23
     ᠪᠤᠷᠤᠭᠠᠨ ᠴᠠᠰᠤ ᠬᠦᠯᠳᠡᠬᠦ      ᠠᠭᠠᠷ ᠤᠨ ᠳᠤᠤᠷ᠎ᠠ ᠳᠤᠯᠠᠭᠠᠨ ᠠᠴᠠ ᠪᠤᠯᠵᠤ ᠪᠤᠷᠤᠭᠠᠨ ᠴᠠᠰᠤ ᠬᠦᠯᠳᠡᠬᠦ ᠬᠡᠳᠡᠭ ᠨᠢ ᠪᠤᠷᠤᠭᠠᠨ ᠴᠠᠰᠤ᠂ ᠶᠡᠭᠡ ᠰᠠᠯᠬᠢᠨ᠂ ᠳᠤᠤᠷ᠎ᠠ ᠳᠤᠯᠠᠭᠠᠨ ᠠᠴᠠ ᠬᠦᠯᠳᠡᠬᠦ ᠪᠤᠶᠤ ᠮᠦᠰᠦᠳᠡᠬᠦ ᠵᠡᠷᠬᠡ ᠴᠠᠭ ᠠᠭᠤᠷ ᠢ ᠵᠢᠭᠠᠵᠤ ᠪᠤᠢ᠃ ᠮᠠᠯ ᠳᠠᠷᠢᠶᠠᠯᠠᠩ᠂ ᠵᠠᠮ ᠬᠠᠷᠢᠯᠴᠠᠭ᠎ᠠ᠂ ᠴᠠᠬᠢᠯᠭᠠᠨ ᠬᠦᠴᠦ᠂ ᠡᠨᠧᠷᠬᠢ ᠶᠢᠨ ᠬᠠᠩᠭᠠᠯᠭ᠎ᠠ᠂ ᠴᠢᠮᠡᠭᠡ ᠬᠤᠯᠪᠤᠭ᠎ᠠ ᠶᠢᠨ ᠳᠦᠬᠦᠬᠡᠷᠦᠮᠵᠢ ᠪᠤᠯᠤᠨ ᠬᠦᠮᠦᠰ ᠤᠨ ᠡᠳᠦᠷ ᠳᠤᠳᠤᠮ ᠤᠨ ᠠᠮᠢᠳᠤᠷᠠᠯ ᠳᠤ ᠬᠦᠨᠳᠦ ᠰᠦᠷᠡᠬᠡᠢ ᠨᠦᠯᠦᠬᠡ ᠤᠴᠠᠷᠠᠭᠤᠯᠳᠠᠭ᠃      ᠠᠷᠭᠠᠴᠠᠭᠠᠬᠤ ᠭᠤᠤᠯᠳᠠᠯᠭ᠎ᠠ      ● ᠭᠠᠳᠠᠭᠰᠢ ᠭᠠᠷᠬᠤ ᠳᠤ ᠪᠠᠨ ᠬᠠᠯᠳᠤᠷᠢᠨ ᠭᠤᠯᠭᠤᠷᠢᠬᠤ ᠶᠢ ᠰᠡᠷᠬᠡᠶᠢᠯᠡᠬᠦ ᠱᠠᠬᠠᠢ ᠡᠮᠦᠰᠴᠦ᠂ ᠳᠤᠭᠤᠢ ᠤᠨᠤᠬᠤ ᠦᠬᠡᠢ ᠪᠤᠯ ᠰᠠᠶᠢᠨ᠃      ● ᠠᠮᠤᠷ ᠳᠦᠪᠰᠢᠨ ᠭᠠᠵᠠᠷ ᠰᠢᠯᠵᠢᠵᠦ᠂ ᠮᠦᠰᠦ ᠭᠤᠯᠭᠤᠷᠢᠨ ᠬᠦᠮᠦᠨ ᠢ ᠰᠢᠷᠬᠠᠳᠤᠭᠤᠯᠬᠤ ᠶᠢ ᠰᠡᠷᠬᠡᠶᠢᠯᠡᠨ᠎ᠡ᠃      ● ᠳᠡᠷᠬᠡ ᠬᠦᠰᠬᠡ ᠨᠦᠭᠦᠳ ᠭᠤᠯᠭᠤᠷᠢᠬᠤ ᠶᠢ ᠰᠡᠷᠬᠡᠶᠢᠯᠡᠬᠦ ᠬᠢᠨᠵᠢ ᠤᠭᠰᠠᠷᠠᠭᠤᠯᠬᠤ ᠪᠤᠶᠤ ᠳᠡᠷᠬᠡᠨ ᠪᠤᠯᠤ  ᠶᠢᠨ ᠢᠶᠠᠨ ᠬᠡᠢ ᠶᠢ ᠪᠠᠭᠠᠰᠬᠠᠬᠤ ᠵᠡᠷᠬᠡ ᠠᠷᠭ᠎ᠠ ᠠᠪᠴᠤ᠂ ᠵᠠᠮ ᠤᠨ ᠬᠠᠯᠳᠤᠷᠢᠭ᠎ᠠ ᠶᠢ ᠠᠩᠬᠠᠷᠴᠤ᠂ ᠳᠡᠷᠬᠡ ᠪᠠᠨ ᠯᠠᠪᠳᠠᠭᠤᠨ ᠵᠢᠯᠤᠭᠤᠳᠴᠤ᠂ ᠠᠯᠭᠤᠷ ᠤᠷᠤᠭᠰᠢᠯᠠᠵᠤ᠂ ᠬᠠᠮᠢᠶ᠎ᠠ ᠪᠦᠬᠦᠢ ᠬᠦᠮᠦᠰ ᠤᠨ ᠵᠢᠯᠤᠭᠤᠳᠤᠯᠭ᠎ᠠ ᠶᠢ ᠳᠠᠭᠠᠬᠤ ᠬᠡᠷᠡᠭᠳᠠᠢ᠃      ● ᠨᠤᠭᠤᠭ᠎ᠠ ᠶᠢᠨ ᠰᠠᠷᠠᠪᠴᠢ᠂ ᠮᠠᠯ ᠵᠢᠬᠦᠷᠳᠡᠨ ᠤ ᠰᠠᠷᠠᠪᠴᠢ ᠪᠠᠨ ᠪᠠᠬᠢᠯᠡᠬᠦ ᠬᠡᠷᠡᠭᠳᠠᠢ᠃ ᠨᠤᠭᠤᠭ᠎ᠠ᠂ ᠴᠡᠴᠡᠭ᠂ ᠭᠤᠸᠠ ᠵᠢᠮᠢᠰ ᠵᠡᠷᠬᠡ ᠪᠠᠨ ᠪᠦᠳᠡᠬᠡᠵᠦ᠂ ᠬᠦᠯᠳᠡᠬᠦ ᠶᠢ ᠰᠡᠷᠬᠡᠶᠢᠯᠡᠬᠦ ᠰᠢᠩᠬᠡᠨ ᠢ ᠰᠠᠴᠤᠵᠤ᠂ ᠮᠠᠯ ᠵᠢᠬᠦᠷᠳᠡᠨ ᠤ ᠰᠠᠯᠬᠢ᠂ ᠬᠦᠢᠳᠡᠨ ᠢ ᠰᠡᠷᠬᠡᠶᠢᠯᠡᠬᠦ ᠠᠷᠭ᠎ᠠ ᠬᠡᠮᠵᠢᠶ᠎ᠡ ᠠᠪᠬᠤ ᠬᠡᠷᠡᠭᠳᠠᠢ᠃      ᠦᠨᠳᠦᠷ ᠳᠤᠯᠠᠭᠠᠨ      ᠦᠨᠳᠦᠷ ᠳᠤᠯᠠᠭᠠᠨ ᠬᠡᠳᠡᠭ ᠨᠢ ᠡᠳᠦᠷ ᠤᠨ ᠬᠠᠮᠤᠭ ᠦᠨᠳᠦᠷ ᠳᠤᠯᠠᠭᠠᠨ 35 ᠭᠷᠠᠳᠦ᠋ᠰ ᠠᠴᠠ ᠳᠡᠬᠡᠭᠰᠢᠬᠢ ᠴᠠᠭ ᠠᠭᠤᠷ ᠤᠨ ᠦᠵᠡᠭᠳᠡᠯ ᠢ ᠵᠢᠭᠠᠵᠤ ᠪᠤᠢ᠃ 37 ᠭᠷᠠᠳᠦ᠋ᠰ ᠲᠤ ᠬᠦᠷᠦᠭᠰᠡᠨ ᠪᠤᠶᠤ ᠳᠠᠪᠠᠭᠰᠠᠨ ᠪᠤᠯ ᠠᠭᠠᠬᠢᠮ᠎ᠠ ᠬᠠᠯᠠᠭᠤᠨ ᠬᠡᠳᠡᠭ᠃ ᠦᠨᠳᠦᠷ ᠳᠤᠯᠠᠭᠠᠨ ᠠᠭᠠᠬᠢᠮ᠎ᠠ ᠬᠠᠯᠠᠭᠤᠨ ᠦᠷᠬᠦᠯᠵᠢᠯᠡᠪᠡᠯ ᠬᠦᠮᠦᠨ ᠤ ᠪᠡᠶ᠎ᠡ ᠮᠠᠬᠠᠪᠤᠳ ᠲᠤ ᠳᠤᠬᠢᠷᠠᠮᠵᠢ ᠦᠬᠡᠢ᠂ ᠴᠢᠨᠠᠭᠰᠢᠯᠠᠪᠠᠯ ᠡᠪᠡᠳᠴᠢᠨ ᠳᠠᠬᠤᠯ ᠤᠯᠬᠤ ᠪᠤᠶᠤ ᠦᠬᠦᠵᠦ ᠮᠡᠳᠡᠨ᠎ᠡ᠃      ᠠᠷᠭᠠᠴᠠᠭᠠᠬᠤ ᠭᠤᠤᠯᠳᠠᠯᠭ᠎ᠠ      ● ᠬᠠᠷᠠᠰᠤ ᠢᠳᠡᠵᠦ᠂ ᠤᠰᠤ ᠢᠯᠡᠬᠦᠤ ᠤᠤᠭᠤᠵᠤ᠂ ᠰᠠᠶᠢᠳᠤᠷ ᠤᠨᠳᠠᠬᠤ ᠶᠢ ᠪᠠᠳᠤᠯᠠᠨ᠂ ᠰᠡᠷᠢᠬᠦᠨ ᠤᠮᠳᠠᠭᠠᠨ᠂ ᠤᠷᠭᠤᠮᠠᠯ ᠤᠨ ᠳᠤᠰᠤ᠂ ᠬᠠᠯᠠᠭᠤᠨ ᠢ ᠪᠠᠭᠤᠷᠠᠭᠤᠯᠬᠤ ᠡᠮ ᠵᠡᠷᠬᠡ ᠶᠢ ᠪᠡᠯᠡᠳᠬᠡᠨ᠎ᠡ᠃      ● ᠭᠠᠳᠠᠨᠠᠬᠢ ᠬᠦᠳᠡᠯᠬᠡᠬᠡᠨ ᠢ ᠴᠢᠳᠠᠬᠤ ᠶᠢᠨ ᠬᠢᠷᠢ ᠪᠠᠷ ᠪᠠᠭᠠᠰᠬᠠᠵᠤ᠂ ᠶᠡᠭᠡ ᠬᠦᠯᠦᠰᠦ ᠭᠠᠷᠪᠠᠯ ᠰᠠᠶᠢᠳᠤᠷ ᠵᠦᠯᠬᠦᠵᠦ᠂ ᠵᠢᠭᠠᠬᠠᠨ ᠠᠮᠤᠰᠬᠢᠭᠠᠳ ᠰᠠᠶ᠋ᠢ ᠪᠦᠯᠢᠶᠡᠨ ᠤᠰᠤ ᠪᠠᠷ ᠪᠡᠶ᠎ᠡ ᠪᠠᠨ ᠤᠬᠢᠶᠠᠨ᠎ᠠ᠃      ● ᠨᠠᠷᠠᠰᠢᠭᠰᠠᠨ ᠬᠦᠮᠦᠨ ᠢ ᠳᠠᠷᠤᠶᠢᠬᠠᠨ ᠰᠡᠷᠢᠬᠦᠨ ᠵᠢᠪᠠᠷ ᠨᠡᠪᠳᠡᠷᠡᠬᠦ ᠭᠠᠵᠠᠷ ᠰᠢᠯᠵᠢᠬᠦᠯᠵᠦ᠂ ᠳᠠᠪᠤᠰᠤ  ᠲᠠᠢ ᠤᠰᠤ ᠤᠤᠭᠤᠯᠭᠠᠵᠤ᠂ ᠪᠠᠶᠢᠳᠠᠯ ᠢ ᠨᠢ ᠦᠵᠡᠵᠦ ᠡᠮᠨᠡᠯᠬᠡ ᠳᠤ ᠬᠦᠷᠬᠡᠨ ᠡᠮᠨᠡᠬᠦᠯᠬᠦ ᠬᠡᠷᠡᠭᠳᠠᠢ᠃      ● ᠬᠡᠷ ᠳᠤᠳᠤᠷ᠎ᠠ ᠪᠠᠨ ᠤᠰᠤ ᠰᠦᠷᠴᠢᠨ ᠬᠠᠯᠠᠭᠤᠨ ᠢ ᠪᠠᠭᠤᠷᠠᠭᠤᠯᠬᠤ ᠪᠤᠶᠤ ᠨᠦᠬᠦᠴᠡᠯ ᠲᠠᠢ ᠪᠤᠯ ᠴᠠᠬᠢᠯᠭᠠᠨ ᠰᠡᠩᠰᠡ᠂ ᠠᠭᠠᠷ ᠳᠤᠬᠢᠷᠠᠭᠤᠯᠤᠭᠴᠢ ᠵᠡᠷᠬᠡ ᠶᠢ ᠳᠤᠬᠢᠷᠠᠭᠤᠯᠵᠤ ᠪᠤᠯᠤᠨ᠎ᠠ᠃
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号