ᠴᠠᠭ ᠠᠭᠤᠷ ᠤᠨ ᠭᠠᠮᠰᠢᠭ ︵ᠲᠠᠪᠤ︶
ᠨᠡᠶᠢᠲᠡᠯᠡᠭᠰᠡᠨ ᠴᠠᠭ᠄
2015/12/26
     ᠦᠶᠡᠷ ᠭᠠᠩᠳᠠᠯ ᠤᠨ ᠭᠠᠮᠰᠢᠭ      ᠦᠶᠡᠷ ᠤᠨ ᠭᠠᠮᠰᠢᠭ ᠬᠡᠳᠡᠭ ᠨᠢ ᠦᠶᠡᠷ ᠤᠨ ᠤᠰᠤᠨ ᠠᠴᠠ ᠪᠤᠯᠵᠤ ᠬᠦᠮᠦᠰ ᠤᠨ ᠠᠮᠢ ᠨᠠᠰᠤ ᠡᠳ᠋ ᠬᠦᠷᠦᠩᠬᠡ ᠳᠤ ᠬᠤᠬᠢᠷᠠᠯ ᠤᠴᠠᠷᠠᠭᠤᠯᠬᠤ ᠶᠢ ᠵᠢᠭᠠᠵᠤ ᠪᠤᠢ᠃ ᠭᠠᠩᠳᠠᠯ ᠬᠡᠳᠡᠭ ᠨᠢ ᠤᠰᠤᠨ ᠤ ᠬᠠᠩᠭᠠᠯᠭ᠎ᠠ ᠬᠦᠨᠳᠦ ᠨᠤᠴᠢᠳᠠᠢ ᠳᠤᠳᠠᠭᠳᠠᠭᠰᠠᠨ ᠠᠴᠠ ᠬᠦᠮᠦᠰ ᠤᠨ ᠠᠮᠢᠳᠤᠷᠠᠯ ᠦᠢᠯᠡᠳᠪᠦᠷᠢᠯᠡᠯ ᠳᠤ ᠨᠦᠯᠦᠬᠡ ᠤᠴᠠᠷᠠᠭᠤᠯᠬᠤ ᠶᠢ ᠵᠢᠭᠠᠵᠤ ᠪᠤᠢ᠃      ᠭᠤᠤᠯ ᠤᠨ ᠤᠰᠤ ᠪᠢᠯᠬᠠᠷᠠᠨ ᠬᠠᠰᠢᠯᠭ᠎ᠠ ᠰᠡᠳᠡᠷᠡᠬᠦ ᠬᠡᠳᠡᠭ ᠨᠢ ᠳᠤᠭᠰᠢᠨ ᠪᠤᠷᠤᠭᠠᠨ᠂ ᠮᠦᠰᠦ ᠬᠡᠰᠦᠬᠦ ᠵᠡᠷᠬᠡ ᠰᠢᠯᠳᠠᠭᠠᠨ ᠢᠶᠠᠷ ᠤᠰᠤᠨ ᠳᠦᠪᠰᠢᠨ ᠳᠡᠬᠡᠭᠰᠢᠯᠡᠵᠦ ᠨᠡᠮᠡᠭᠳᠡᠬᠡᠳ ᠬᠡᠪᠴᠢᠶ᠎ᠡ ᠠᠴᠠ ᠪᠠᠨ ᠳᠠᠪᠠᠭ᠋ᠤ ᠶᠢ ᠵᠢᠭᠠᠵᠤ ᠪᠤᠢ᠃      ᠠᠷᠭᠠᠴᠠᠭᠠᠬᠤ ᠭᠤᠤᠯᠳᠠᠯᠭ᠎ᠠ      ● ᠦᠨᠳᠦᠷᠯᠢᠭ ᠭᠠᠵᠠᠷ᠂ ᠠᠭᠤᠯᠠᠨ ᠪᠡᠯ ᠵᠡᠷᠬᠡ ᠦᠶᠡᠷ ᠠᠴᠠ ᠳᠠᠯᠳᠠᠯᠠᠬᠤ ᠭᠠᠵᠠᠷ ᠳᠦᠷᠬᠡᠬᠡᠨ ᠰᠢᠯᠵᠢᠬᠦ ᠬᠡᠷᠡᠭᠳᠠᠢ᠃      ● ᠦᠶᠡᠷ ᠤᠰᠤᠨ ᠳᠤ ᠪᠦᠰᠡᠯᠡᠭᠳᠡᠭᠰᠡᠨ ᠪᠤᠯ ᠪᠠᠬᠢᠯᠢᠭ᠌ ᠪᠤᠶᠤ ᠨᠡᠯᠢᠶᠡᠳ ᠳᠤᠮᠤ ᠬᠠᠳᠠᠭᠤ ᠪᠡᠶᠡᠳᠦ ᠬᠦᠪᠪᠦᠮᠡᠯ ᠪᠤᠳᠠᠰ ᠠᠴᠠ ᠠᠳᠬᠤᠵᠤ ᠪᠤᠯᠤᠨ᠎ᠠ᠃ ᠤᠰᠤᠨ ᠳᠤ ᠤᠨᠠᠭᠰᠠᠨ ᠬᠦᠮᠦᠨ ᠢ ᠤᠯᠵᠤ ᠦᠵᠡᠪᠡᠯ ᠬᠦᠪᠪᠦᠮᠡᠯ ᠪᠠᠭᠠᠵᠢ ᠪᠤᠶᠤ ᠮᠤᠳᠤ ᠪᠠᠨ ᠤᠶᠢᠷᠠᠯᠴᠠᠭ᠎ᠠ ᠰᠢᠭ᠋ ᠭᠠᠵᠠᠷ ᠲᠤ ᠨᠢ ᠬᠠᠶᠠᠵᠤ ᠦᠭᠬᠦ ᠬᠡᠷᠡᠭᠳᠠᠢ᠃      ● ᠮᠠᠰᠢᠨ ᠳᠡᠷᠬᠡ ᠴᠢᠨᠢ ᠦᠶᠡᠷ ᠤᠨ ᠤᠰᠤᠨ ᠳᠤ ᠤᠨᠳᠠᠷᠠᠭᠰᠠᠨ ᠪᠤᠯ ᠳᠠᠷᠤᠶᠢᠬᠠᠨ ᠳᠡᠷᠬᠡ ᠪᠠᠨ ᠬᠠᠶᠠᠵᠤ ᠵᠠᠶᠢᠯᠠᠨ ᠳᠤᠳᠠᠭᠠᠬᠤ ᠬᠡᠷᠡᠭᠳᠠᠢ᠃      ᠠᠭ᠋᠊‍ᠤᠯᠠᠨ ᠦᠶᠡᠷ      ᠠᠭᠤᠯᠠᠨ ᠦᠶᠡᠷ ᠬᠡᠳᠡᠭ ᠨᠢ ᠳᠤᠭᠰᠢᠨ ᠪᠤᠷᠤᠭᠠᠨ᠂ ᠰᠦᠩ ᠬᠠᠯᠢᠶ᠎ᠠ ᠵᠡᠷᠬᠡ ᠶᠢᠨ ᠰᠢᠯᠳᠠᠭᠠᠨ ᠢᠶᠠᠷ ᠠᠭᠤᠯᠠᠨ ᠳᠠᠭᠠᠥ ᠶᠢᠨ ᠭᠤᠤᠯ ᠭᠤᠷᠤᠭ᠎ᠠ ᠬᠡᠨᠡᠳᠳᠡ ᠪᠠᠷ ᠦᠶᠡᠷᠯᠡᠬᠦ ᠶᠢ ᠵᠢᠭᠠᠵᠤ ᠪᠤᠢ᠃      ᠰᠡᠷᠬᠡᠶᠢᠯᠡᠬᠦ ᠭᠤᠤᠯᠳᠠᠯᠭ᠎ᠠ      ● ᠠᠭᠤᠯᠠᠨ ᠦᠶᠡᠷ ᠬᠢᠯᠪᠠᠷᠬᠠᠨ ᠪᠠᠭᠤᠬᠤ ᠤᠷᠤᠨ ᠪᠤᠶᠤ ᠭᠤᠤ ᠭᠠᠩᠭ᠎ᠠ᠂ ᠬᠠᠪᠴᠢᠯ᠂ ᠭᠤᠤᠯ ᠤᠨ ᠬᠦᠪᠡᠭᠡ ᠳᠠᠭᠠᠥ ᠰᠠᠭᠤᠷᠢᠰᠢᠭᠰᠠᠨ ᠰᠠᠭᠤᠭᠠᠯᠢ ᠠᠷᠠᠳ ᠪᠤᠷᠤᠭᠠᠨ ᠦᠷᠬᠦᠯᠵᠢᠯᠡᠬᠦ ᠦᠶᠡᠰ ᠳᠡᠬᠡᠳᠦ ᠬᠡᠮᠵᠢᠶᠡᠨ ᠤ ᠰᠤᠨᠤᠷ ᠰᠡᠷᠡᠮᠵᠢ ᠲᠠᠢ ᠪᠠᠶᠢᠬᠤ ᠬᠡᠷᠡᠭᠳᠠᠢ᠃      ᠠᠷᠭᠠᠴᠠᠭᠠᠬᠤ ᠭᠤᠤᠯᠳᠠᠯᠭ᠎ᠠ      ● ᠦᠨᠳᠦᠷᠯᠢᠭ ᠭᠠᠵᠠᠷ᠂ ᠠᠭᠤᠯᠠᠨ ᠪᠠᠯ᠂ ᠰᠠᠭᠤᠷᠢ ᠨᠢ ᠪᠠᠬᠢᠯᠢᠭ᠌ ᠬᠡᠷ ᠤᠨ ᠤᠷᠤᠢ ᠳᠤ ᠰᠢᠯᠵᠢᠬᠦ ᠬᠡᠷᠡᠭᠳᠠᠢ ᠃ ᠠᠭᠤᠯᠠ ᠶᠢᠨ ᠦᠶᠡᠷ ᠳᠠᠭᠠᠥ ᠪᠤᠶᠤ ᠡᠰᠡᠷᠬᠦ ᠴᠢᠭᠯᠡᠯ ᠢᠶᠠᠷ ᠨᠢ ᠬᠦᠶᠦᠵᠦ ᠪᠤᠯᠬᠤ ᠦᠬᠡᠢ᠂ ᠬᠠᠷᠢᠨ ᠦᠶᠡᠷ ᠤᠨ ᠤᠷᠤᠰᠬᠠᠯ ᠤᠨ ᠬᠤᠶᠠᠷ ᠳᠠᠯ᠎ᠠ ᠶᠢᠨ ᠬᠠᠵᠠᠭᠤ ᠳᠡᠶᠢᠰᠢ ᠬᠦᠶᠦᠬᠦ ᠬᠡᠷᠡᠭᠳᠠᠢ᠃      ● ᠦᠶᠡᠷ ᠲᠤ ᠳᠠᠭᠠᠷᠢᠭᠳᠠᠭᠰᠠᠨ ᠦᠶ᠎ᠡ ᠳᠤ ᠮᠤᠳᠤ ᠪᠤᠶᠤ ᠮᠤᠳᠤᠨ ᠤ ᠨᠠᠮᠠᠭ᠎ᠠ ᠰᠠᠯᠠᠭ᠎ᠠ ᠠᠴᠠ ᠠᠳᠬᠤᠵᠤ ᠂ ᠳᠤᠬᠢᠶᠠᠯ ᠢ ᠠᠮᠵᠢᠨ ᠦᠪᠡᠷ ᠢ ᠪᠠᠨ ᠠᠪᠤᠷᠠᠬᠤ ᠬᠡᠷᠡᠭᠳᠠᠢ᠃
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号