ᠬᠡᠷ ᠵᠠᠭᠤᠷ᠎ᠠ ᠶᠢᠨ ᠭᠠᠯ ᠤᠨ ᠠᠶᠤᠯ | ᠬᠡᠷ ᠵᠠᠭᠤᠷ᠎ᠠ ᠶᠢᠨ ᠭᠠᠯ ᠤᠨ ᠠᠶᠤᠯ ᠬᠡᠳᠡᠭ ᠨᠢ ᠬᠢᠴᠢᠶᠡᠮᠵᠢ ᠦᠬᠡᠢ ᠠᠴᠠ ᠳᠤᠭᠤᠭ᠎ᠠ ᠲᠠᠢ ᠳᠤᠰᠤ᠂ | ᠴᠠᠬᠢᠯᠭᠠᠨ ᠬᠡᠷᠡᠭᠰᠡᠯ᠂ ᠰᠢᠳᠠᠮᠠᠬᠠᠢ ᠬᠡᠢ ᠶᠢᠨ ᠯᠤᠩᠬᠤ ᠵᠡᠷᠬᠡ ᠠᠴᠠ ᠭᠠᠯ ᠭᠠᠷᠬᠤ ᠶᠢ ᠵᠢᠭᠠᠵᠤ ᠪᠤᠢ᠃ | ᠰᠡᠷᠬᠡᠶᠢᠯᠡᠬᠦ ᠭᠤᠤᠯᠳᠠᠯᠭ᠎ᠠ | ● ᠳᠠᠮᠠᠬᠢᠨ ᠶᠤᠵᠤᠭᠤᠷ᠂ ᠴᠦᠢᠳᠡᠩ ᠵᠡᠷᠬᠡ ᠪᠠᠨ ᠬᠠᠮᠢᠶ᠎ᠠ ᠨᠠᠮᠢᠶ᠎ᠠ ᠦᠬᠡᠢ ᠬᠠᠶᠠᠵᠤ ᠪᠤᠯᠬᠤ ᠦᠬᠡᠢ᠃ | ● ᠴᠠᠬᠢᠯᠭᠠᠨ ᠤᠳᠠᠰᠤ ᠶᠢ ᠳᠤᠷ᠎ᠠ ᠪᠠᠷ ᠢᠶᠠᠨ ᠳᠠᠳᠠᠵᠤ ᠪᠤᠯᠬᠤ ᠦᠬᠡᠢ᠂ ᠬᠡᠮᠵᠢᠶ᠎ᠡ ᠠᠴᠠ ᠨᠢ ᠬᠡᠳᠦᠷᠡᠳᠡᠯ᠎ᠡ | ᠵᠠᠷᠤᠵᠤ ᠪᠤᠯᠬᠤ ᠦᠬᠡᠢ᠃ ᠵᠡᠰ᠂ ᠳᠡᠮᠦᠷ᠂ ᠬᠦᠩᠬᠡᠨ ᠴᠠᠭᠠᠨ ᠵᠡᠷᠬᠡ ᠪᠠᠷ ᠬᠠᠮᠠᠭᠠᠯᠠᠭᠤᠷ ᠤᠳᠠᠰᠤ ᠶᠢ ᠤᠷᠤᠯᠠᠭᠤᠯᠵᠤ | ᠪᠤᠯᠬᠤ ᠦᠬᠡᠢ᠃ | ᠠᠷᠭᠠᠴᠠᠭᠠᠬᠤ ᠭᠤᠤᠯᠳᠠᠯᠭ᠎ᠠ | ● ᠴᠠᠬᠢᠯᠭᠠᠨ ᠬᠡᠷᠡᠭᠰᠡᠯ ᠠᠴᠠ ᠭᠠᠯ ᠭᠠᠷᠪᠠᠯ ᠤᠷᠢᠳ ᠢᠶᠠᠷ ᠴᠠᠬᠢᠯᠭᠠᠨ ᠡᠬᠦᠰᠬᠡᠭᠴᠢ ᠶᠢ ᠰᠠᠯᠭᠠᠵᠤ᠂ | ᠳᠠᠷᠠᠭ᠎ᠠ ᠪᠠᠷ ᠨᠢ ᠭᠠᠯ ᠢ ᠤᠳᠠᠷᠠᠭᠠᠬᠤ ᠬᠡᠷᠡᠭᠳᠠᠢ᠃ | ● ᠰᠢᠳᠠᠮᠠᠬᠠᠢ ᠬᠡᠢ ᠶᠢᠨ ᠵᠤᠤᠬ᠎ᠠ ᠠᠴᠠ ᠭᠠᠯ ᠭᠠᠷᠤᠭᠰᠠᠨ ᠪᠤᠯ ᠳᠦᠷᠬᠡᠬᠡᠨ ᠠᠯᠴᠢᠭᠤᠷ ᠵᠡᠷᠬᠡ ᠪᠠᠷ ᠭᠠᠯ ᠢ | ᠳᠠᠷᠤᠵᠤ᠂ ᠨᠤᠶᠢᠳᠠᠨ ᠬᠦᠨᠵᠢᠯᠡ ᠵᠡᠷᠬᠡ ᠪᠠᠷ ᠭᠠᠯ ᠢ ᠳᠠᠷᠤᠨ ᠤᠨᠳᠠᠷᠠᠭᠠᠵᠤ᠂ ᠬᠠᠭᠠᠯᠳᠠ ᠶᠢ ᠨᠢ ᠳᠠᠷᠤᠶᠢᠬᠠᠨ | ᠬᠠᠭᠠᠬᠤ ᠬᠡᠷᠡᠭᠳᠠᠢ᠃ | ● ᠳᠤᠭᠤᠭᠠᠨ ᠠᠴᠠ ᠭᠠᠯ ᠭᠠᠷᠤᠭᠰᠠᠨ ᠪᠤᠯ ᠳᠠᠷᠤᠶᠢᠬᠠᠨ ᠬᠠᠪᠬᠠᠭᠠᠰᠤ ᠶᠢ ᠨᠢ ᠳᠠᠷᠤᠵᠤ᠂ ᠭᠠᠯ ᠢᠶᠠᠨ | ᠤᠨᠳᠠᠷᠠᠭᠠᠨ᠎ᠠ᠃ | ● ᠰᠫᠢᠷᠲ ᠤᠨ ᠳᠤᠭᠤᠭ᠎ᠠ ᠬᠡᠷᠡᠭᠯᠡᠵᠦ᠂ ᠰᠫᠠᠷᠲ ᠨᠡᠮᠡᠬᠦ ᠦᠶᠡᠰ ᠭᠠᠯ ᠭᠠᠷᠤᠭᠰᠠᠨ ᠪᠤᠯ ᠴᠠᠢ ᠶᠢᠨ ᠴᠤᠮᠤ᠂ | ᠫᠢᠯᠠ᠂ ᠨᠤᠶᠢᠳᠠᠨ ᠠᠯᠴᠢᠭᠤᠷ ᠵᠡᠷᠬᠡ ᠪᠠᠷ ᠭᠠᠯ ᠢ ᠳᠠᠷᠤᠵᠤ ᠤᠨᠳᠠᠷᠠᠭᠠᠨ᠎ᠠ᠃ ᠶᠠᠭᠠᠬᠢᠭᠰᠠᠨ ᠴᠦ ᠦᠯᠢᠶᠡᠵᠦ ᠪᠤᠯᠬᠤ | ᠦᠬᠡᠢ᠃ | ᠳᠡᠬᠦᠵᠢᠯᠡᠬᠦᠷ ᠬᠡᠯᠪᠡᠷᠢ ᠶᠢᠨ ᠬᠠᠭᠤᠷᠠᠢ ᠨᠤᠨᠳᠠᠭ ᠤᠨ ᠭᠠᠯ ᠤᠨᠳᠠᠷᠠᠭᠠᠬᠤ ᠪᠠᠭᠠᠵᠢ | ᠳᠡᠬᠦᠵᠢᠯᠡᠬᠦᠷ ᠬᠡᠯᠪᠡᠷᠢ ᠶᠢᠨ ᠬᠠᠭᠤᠷᠠᠢ ᠨᠤᠨᠳᠠᠭ ᠤᠨ ᠭᠠᠯ ᠤᠨᠳᠠᠷᠠᠭᠠᠬᠤ ᠪᠠᠭᠠᠵᠢ ᠪᠤᠯ ᠬᠠᠮᠤᠭ ᠤᠨ | ᠦᠷᠬᠦᠯᠵᠢ ᠬᠡᠷᠡᠭᠯᠡᠭᠳᠡᠳᠡᠭ ᠪᠠᠭᠠᠵᠢ ᠶᠤᠮ᠃ ᠬᠡᠷᠡᠭᠯᠡᠬᠦ ᠳᠤ ᠳᠦᠬᠦᠮ᠂ ᠬᠠᠳᠠᠭᠤ ᠪᠡᠶᠡᠳᠦ᠂ ᠰᠢᠩᠬᠡᠨ ᠪᠡᠶᠡᠳᠦ᠂ | ᠰᠢᠳᠠᠮᠠᠬᠠᠢ ᠬᠡᠢ᠂ ᠴᠠᠬᠢᠯᠭᠠᠨ ᠬᠡᠷᠡᠭᠰᠡᠯ ᠵᠡᠷᠬᠡ ᠠᠴᠠ ᠡᠬᠦᠰᠦᠭᠰᠡᠨ ᠭᠠᠯ ᠢ ᠪᠦᠷ ᠤᠨᠳᠠᠷᠠᠭᠠᠵᠤ ᠪᠤᠯᠳᠠᠭ᠃ | |