ᠢᠳᠡᠬᠦ ᠤᠰᠤᠨ ᠤ ᠪᠤᠬᠢᠷᠳᠤᠯ ᠤᠨ ᠠᠳᠡᠯ
ᠨᠡᠶᠢᠲᠡᠯᠡᠭᠰᠡᠨ ᠴᠠᠭ᠄
2016/1/13
     ᠤᠰᠤᠨ ᠤ ᠰᠤᠷᠪᠤᠯᠵᠢ᠂ ᠤᠰᠤ ᠬᠦᠷᠬᠡᠬᠦ ᠬᠤᠭᠤᠯᠠᠢ ᠵᠡᠷᠬᠡ ᠶᠢᠨ ᠰᠢᠯᠳᠠᠭᠠᠨ ᠢᠶᠠᠷ ᠡᠬᠦᠰᠦᠭᠰᠡᠨ ᠡᠪᠡᠳᠴᠢᠨ  ᠤ ᠪᠠᠺᠲ᠋ᠧᠷᠢ᠂ ᠬᠤᠤᠷᠠᠳᠠᠯ ᠬᠦᠨᠦᠬᠡᠯ ᠤᠨ ᠴᠢᠨᠠᠷᠳᠠᠢ ᠠᠳᠡᠯ ᠢ ᠵᠢᠭᠠᠵᠤ ᠪᠤᠢ᠃ ᠳᠦᠬᠡᠬᠡᠯ ᠤᠰᠤ ᠪᠤᠶᠤ ᠢᠳᠡᠬᠡᠨ ᠤ ᠤᠰᠤᠨ ᠰᠠᠪᠠ ᠳᠤ ᠬᠤᠷᠤᠬᠠᠢ ᠭᠠᠷᠬᠤ᠂ ᠡᠯᠳᠡᠪ ᠪᠤᠳᠠᠰ ᠬᠦᠪᠪᠦᠬᠦ᠂ ᠬᠠᠴᠢᠨ ᠦᠨᠦᠷ ᠭᠠᠷᠪᠠᠯ ᠤᠰᠤᠨ ᠤ ᠪᠤᠬᠢᠷᠳᠤᠯ ᠲᠠᠢ ᠪᠤᠯᠪᠠ᠃      ᠠᠷᠭᠠᠴᠠᠭᠠᠬᠤ ᠭᠤᠤᠯᠳᠠᠯᠭ᠎ᠠ      ● ᠰᠤᠨᠢᠨ᠂ ᠷᠠᠳᠢᠤ᠋᠂ ᠰᠦᠯᠵᠢᠶ᠎ᠡ ᠵᠡᠷᠬᠡ ᠳᠤ ᠨᠡᠶᠢᠳᠡᠯᠡᠭᠰᠡᠨ ᠢᠳᠡᠬᠡᠨ ᠤ ᠤᠰᠤᠨ ᠤ ᠳᠤᠬᠠᠢ ᠰᠡᠷᠡᠮᠵᠢ  ᠶᠢᠨ ᠰᠤᠷᠠᠭ ᠵᠠᠩᠬᠢ ᠶᠢ ᠠᠩᠬᠠᠷᠤᠨ᠎ᠠ᠃      ● ᠳᠦᠬᠡᠬᠡᠯ ᠤᠰᠤ ᠠᠰᠠᠭᠤᠳᠠᠯ ᠢᠯᠡᠷᠡᠭᠰᠡᠨ ᠦᠶ᠎ᠡ ᠳᠤ ᠳᠠᠷᠤᠶᠢᠬᠠᠨ ᠬᠡᠷᠡᠭᠯᠡᠬᠦ ᠪᠠᠨ ᠵᠤᠭᠰᠤᠵᠤ᠂ ᠬᠠᠮᠢᠶ᠎ᠠ ᠪᠦᠬᠦᠢ ᠰᠠᠯᠠᠭ᠎ᠠ ᠮᠦᠴᠢᠷ ᠲᠤ ᠳᠤᠰᠬᠠᠵᠤ᠂ 3 — 5  ᠯᠢᠲᠷ ᠬᠡᠪ ᠶᠠᠩᠵᠤ ᠶᠢᠨ ᠤᠰᠤ ᠬᠠᠩᠭᠠᠨ᠎ᠠ᠃      ● ᠪᠤᠬᠢᠷᠳᠤᠯ ᠲᠠᠢ ᠤᠰᠤ ᠶᠢ ᠬᠢᠴᠢᠶᠡᠮᠵᠢ ᠦᠬᠡᠢ ᠪᠠᠷ ᠤᠤᠭᠤᠭᠰᠠᠨ ᠠᠴᠠ ᠪᠡᠶ᠎ᠡ ᠳᠠᠭᠠᠯᠠᠮᠵᠢ ᠦᠬᠡᠢ ᠪᠤᠯ ᠳᠠᠷᠤᠶᠢᠬᠠᠨ ᠡᠮᠨᠡᠬᠦᠯᠦᠨ᠎ᠡ᠃      ● ᠪᠤᠬᠢᠷᠳᠤᠯ ᠲᠠᠢ ᠤᠰᠤᠨ ᠤ ᠬᠠᠪᠢ ᠪᠠᠷ ᠵᠢᠭᠠᠰᠤ ᠬᠦᠬᠢᠳᠡᠬᠦ᠂ ᠮᠠᠯᠵᠢᠬᠤ᠂ ᠤᠮᠪᠠᠭ᠋ᠤ᠂ ᠤᠰᠤ ᠳᠠᠳᠠᠬᠤ ᠵᠡᠷᠬᠡ ᠶᠢ ᠬᠢᠴᠢᠶᠡᠨ᠎ᠡ᠃
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号