ᠬᠦᠮᠦᠰ ᠤᠬᠤᠷᠬᠠᠨ ᠴᠠᠭ ᠤᠨ ᠳᠤᠳᠤᠷ᠎ᠠ ᠶᠡᠭᠡ ᠬᠡᠮᠵᠢᠶᠡᠨ ᠤ X ᠰᠠᠴᠤᠷᠠᠭ ᠤᠨ ᠨᠦᠯᠦᠬᠡ ᠳᠤ ᠤᠴᠠᠷᠠᠵᠤ | ᠪᠠᠴᠢᠮ ᠴᠢᠨᠠᠷᠳᠠᠢ ᠰᠢᠷᠬᠠᠳᠤᠯ ᠠᠳᠡᠯ ᠪᠤᠯᠬᠤ ᠶᠢ ᠵᠢᠭᠠᠵᠤ ᠪᠤᠢ᠃ ᠬᠦᠩᠬᠡᠨ ᠰᠢᠭ ᠨᠢ ᠦᠰᠦ ᠤᠨᠠᠬᠤ᠂ | ᠬᠠᠯᠳᠠᠪᠤᠷᠢᠯᠠᠬᠤ ᠵᠡᠷᠬᠡ ᠢᠯᠡᠷᠡᠯ ᠭᠠᠷᠴᠤ᠂ ᠬᠦᠨᠳᠦ ᠰᠢᠭ ᠨᠢ ᠴᠡᠬᠡᠵᠢ ᠪᠠᠴᠢᠮᠳᠠᠬᠤᠤ᠋᠂ ᠪᠦᠬᠡᠯᠵᠢᠬᠦ ᠵᠡᠷᠬᠡ ᠢᠯᠡᠷᠡᠯ | ᠭᠠᠷᠬᠤ ᠪᠦᠬᠡᠳ ᠬᠡᠳᠦ ᠦᠨᠳᠦᠷ ᠰᠠᠴᠤᠷᠠᠭ ᠲᠤ ᠳᠠᠭᠠᠷᠢᠭᠳᠠᠪᠠᠯ ᠮᠡᠳᠡᠷᠡᠯ ᠬᠡᠮᠳᠦᠬᠦ ᠴᠢᠨᠠᠭᠰᠢᠯᠠᠪᠠᠯ ᠦᠬᠦᠵᠦ | ᠮᠡᠳᠡᠨ᠎ᠡ᠃ | ᠰᠡᠷᠬᠡᠶᠢᠯᠡᠬᠦ ᠭᠤᠤᠯᠳᠠᠯᠭ᠎ᠠ | ᠰᠠᠴᠤᠷᠠᠭ ᠤᠨ ᠢᠷᠡᠯᠳᠡ ᠠᠴᠠ ᠬᠤᠯᠠ ᠵᠠᠶᠢᠳᠠᠵᠤ᠂ ᠰᠡᠷᠬᠡᠶᠢᠯᠡᠬᠦ ᠬᠤᠪᠴᠠᠰᠤ ᠵᠡᠷᠬᠡ ᠶᠢ ᠡᠮᠦᠰᠴᠦ᠂ | ᠬᠦᠩᠬᠡᠨ ᠴᠠᠭᠠᠨ ᠤ ᠬᠠᠪᠳᠠᠰᠤ᠂ ᠪᠤᠯᠤᠳ ᠬᠠᠪᠳᠠᠰᠤ ᠵᠡᠷᠬᠡ ᠪᠠᠷ ᠬᠠᠯᠬᠠᠪᠴᠢ ᠪᠤᠯᠭᠠᠵᠤ᠂ ᠭᠠᠳᠠᠨᠠᠬᠢ ᠰᠠᠴᠤᠷᠠᠭ ᠢ | ᠰᠡᠷᠬᠡᠶᠢᠯᠡᠨ᠎ᠡ᠃ | ᠠᠷᠭᠠᠴᠠᠭᠠᠬᠤ ᠭᠤᠤᠯᠳᠠᠯᠭ᠎ᠠ | ● ᠪᠤᠬᠢᠷᠳᠤᠯ ᠲᠠᠢ ᠭᠠᠵᠠᠷ ᠢᠶᠠᠷ ᠡᠷᠬᠢᠴᠡᠵᠦ ᠪᠤᠯᠬᠤ ᠦᠬᠡᠢ᠂ ᠪᠤᠬᠢᠷᠳᠤᠯ ᠲᠠᠢ ᠤᠰᠤ᠂ ᠢᠳᠡᠬᠡᠨ ᠵᠡᠷᠬᠡ | ᠶᠢ ᠢᠳᠡᠵᠦ ᠪᠤᠯᠬᠤ ᠦᠬᠡᠢ᠃ | ● ᠰᠠᠴᠤᠷᠠᠭ ᠴᠢᠨᠠᠷ ᠲᠠᠢ ᠪᠤᠳᠠᠰ ᠢ ᠠᠭᠠᠷ ᠲᠤ ᠳᠠᠯᠪᠢᠬᠤ ᠦᠶᠡᠰ ᠬᠡᠷ ᠰᠠᠭᠤᠴᠠ ᠳᠤ ᠤᠷᠤᠵᠤ ᠴᠤᠩᠬᠤ | ᠡᠬᠦᠳᠡ ᠪᠠᠨ ᠴᠢᠩᠭ᠎ᠠ ᠬᠠᠭᠠᠵᠤ ᠰᠡᠷᠬᠡᠶᠢᠯᠡᠬᠦ ᠬᠡᠷᠡᠭᠳᠠᠢ᠃ | ● ᠰᠠᠴᠤᠷᠠᠭ ᠴᠢᠨᠠᠷᠳᠠᠢ ᠪᠤᠬᠢᠷᠳᠤᠯ ᠨᠤᠴᠢᠳᠠᠢ ᠭᠠᠵᠠᠷ ᠲᠤ ᠪᠠᠶᠢᠪᠠᠯ ᠠᠯᠴᠢᠭᠤᠷ᠂ ᠪᠦᠰ ᠵᠡᠷᠬᠡ ᠪᠠᠷ ᠠᠮᠠ | ᠬᠠᠮᠠᠷ ᠢᠶᠠᠨ ᠪᠦᠭᠯᠡᠵᠦ᠂ ᠠᠮᠢᠰᠬᠤᠯ ᠳᠤ ᠤᠷᠤᠬᠤ ᠶᠢ ᠬᠢᠴᠢᠶᠡᠨ᠎ᠡ᠃ | ● ᠬᠠᠮᠢᠶ᠎ᠠ ᠪᠦᠬᠦᠢ ᠰᠠᠯᠠᠭ᠎ᠠ ᠮᠦᠴᠢᠷ ᠤᠨ ᠵᠢᠯᠤᠭᠤᠳᠤᠯᠭ᠎ᠠ ᠪᠠᠷ ᠪᠤᠬᠢᠷᠳᠤᠯ ᠨᠤᠴᠢᠳᠠᠢ ᠭᠠᠵᠠᠷ ᠠᠴᠠ | ᠵᠠᠶᠢᠯᠠᠨ ᠰᠢᠯᠵᠢᠵᠦ᠂ ᠬᠤᠪᠴᠠᠰᠤ ᠬᠤᠨᠠᠷ᠂ ᠮᠠᠯᠠᠭᠠᠢ ᠱᠠᠬᠠᠢ ᠪᠠᠨ ᠰᠤᠯᠢᠬᠤ ᠬᠡᠷᠡᠭᠳᠠᠢ᠃ | ● ᠴᠦᠮ᠎ᠡ ᠶᠢᠨ ᠠᠳᠡᠯ ᠳᠤ ᠤᠴᠠᠷᠠᠠ ᠰᠠᠴᠤᠷᠠᠭ ᠴᠢᠨᠠᠷᠳᠠᠢ ᠢᠤᠳ᠋ ᠰᠠᠴᠤᠷᠠᠭᠤᠯᠤᠭᠰᠠᠨ ᠪᠤᠯ ᠡᠮᠴᠢ ᠶᠢᠨ | ᠵᠢᠯᠤᠭᠤᠳᠤᠯᠭ᠎ᠠ ᠪᠠᠷ ᠳᠤᠭᠳᠠᠪᠤᠷᠢᠳᠤ ᠴᠢᠨᠠᠷ ᠲᠠᠢ ᠢᠥᠳ᠋ ᠤᠨ ᠮᠦᠬᠦᠯᠢᠭ ᠤᠤᠭᠤᠨ᠎ᠠ᠃ | |