ᠭᠠᠯᠵᠠᠭᠤ ᠡᠪᠡᠳᠴᠢᠨ | ᠨᠤᠬᠠᠢ ᠭᠠᠯᠵᠠᠭᠤᠷᠠᠬᠤ ᠡᠪᠡᠳᠴᠢᠨ ᠪᠤᠯ ᠨᠢᠬᠡ ᠵᠦᠢᠯ ᠤᠨ ᠳᠦᠷᠬᠡᠨ ᠴᠢᠨᠠᠷᠳᠠᠢ ᠬᠠᠯᠳᠠᠪᠤᠷᠢᠳᠤ ᠡᠪᠡᠳᠴᠢᠨ | ᠪᠤᠯᠤᠨ᠎ᠠ᠃ ᠭᠠᠯᠵᠠᠭᠤ ᠡᠪᠡᠳᠴᠢᠨ ᠢ ᠪᠠᠰᠠ ᠤᠰᠤᠨ ᠠᠴᠠ ᠠᠶᠤᠬᠤ ᠡᠪᠡᠳᠴᠢᠨ ᠬᠡᠳᠡᠭ᠃ ᠡᠪᠡᠳᠴᠢᠨ ᠤ ᠤᠤᠯ | ᠪᠡᠶᠡᠳᠦ ᠨᠢ ᠭᠠᠯᠵᠠᠭᠤ ᠨᠤᠬᠠᠢ ᠶᠢᠨ ᠡᠪᠡᠳᠴᠢᠨ ᠤ ᠬᠤᠤᠷ ᠪᠤᠯᠤᠨ᠎ᠠ᠃ ᠬᠦᠮᠦᠰ ᠭᠠᠯᠵᠠᠭᠤ ᠡᠪᠡᠳᠴᠢᠨ ᠲᠠᠢ ᠨᠤᠬᠠᠢ | ᠪᠤᠶᠤ ᠮᠤᠤᠷ ᠲᠤ ᠬᠠᠵᠠᠭᠳᠠᠪᠠᠯ ᠦᠷᠪᠢᠰᠦᠯ ᠪᠤᠯᠳᠠᠭ᠃ ᠭᠤᠤᠯ ᠢᠯᠡᠷᠡᠯ ᠨᠢ ᠤᠶᠤᠨ ᠮᠡᠳᠡᠷᠡᠯ ᠬᠡᠪ ᠤᠨ ᠪᠠᠶᠢᠳᠠᠯ | ᠢᠶᠠᠨ ᠠᠯᠳᠠᠬᠤ᠂ ᠵᠢᠷᠦᠬᠡ ᠴᠡᠴᠡᠷᠡᠬᠦ᠂ ᠤᠰᠤ ᠦᠵᠡᠪᠡᠯ ᠠᠶᠤᠬᠤ᠂ ᠪᠤᠯᠴᠢᠩ ᠨᠢ ᠳᠠᠳᠠᠯᠳᠤᠬᠤ᠂ ᠠᠮᠢᠰᠬᠤᠯ | ᠴᠢᠬᠤᠯᠠᠳᠠᠬᠤ᠂ ᠡᠴᠦᠰ ᠲᠤ ᠪᠠᠨ ᠪᠦᠬᠦ ᠪᠡᠶ᠎ᠡ ᠨᠢ ᠳᠠᠮᠫᠤᠷᠠᠨ ᠦᠬᠦᠳᠡᠭ᠃ | ᠰᠡᠷᠬᠡᠶᠢᠯᠡᠬᠦ ᠭᠤᠤᠯᠳᠠᠯᠭ᠎ᠠ | ● ᠬᠡᠷ ᠤᠨ ᠨᠤᠬᠠᠢ᠂ ᠮᠤᠤᠷ ᠢᠶᠠᠨ ᠬᠢᠵᠢᠭ ᠤᠨ ᠪᠠᠶᠢᠴᠠᠭᠠᠯᠳᠠ ᠬᠢᠯᠬᠡᠨ᠎ᠡ᠃ | ● ᠵᠠᠭᠤᠳᠠᠭ ᠨᠤᠬᠠᠢ᠂ ᠮᠤᠤᠷ ᠠᠴᠠ ᠵᠠᠶᠢᠳᠠᠵᠤ ᠪᠠᠶᠢᠬᠤ ᠬᠡᠷᠡᠭᠳᠠᠢ᠃ | ● ᠨᠤᠬᠠᠢ᠂ ᠮᠤᠤᠷ ᠤᠨ ᠰᠢᠯᠦᠰᠦ ᠨᠢ ᠠᠷᠪᠢᠳᠴᠤ᠂ ᠬᠤᠶᠢᠳᠤ ᠬᠠᠭᠠᠰ ᠪᠡᠶ᠎ᠡ ᠨᠢ ᠳᠠᠮᠢᠷ ᠦᠬᠡᠢ ᠪᠤᠯᠬᠤ᠂ | ᠤᠰᠤᠨ ᠠᠴᠠ ᠠᠶᠤᠬᠤ ᠵᠡᠷᠬᠡ ᠢᠯᠡᠷᠡᠯ ᠭᠠᠷᠪᠠᠯ ᠳᠠᠷᠤᠶᠢᠬᠠᠨ ᠠᠮᠢᠳᠠᠨ ᠤ ᠡᠮᠨᠡᠯᠬᠡ ᠶᠢᠨ ᠬᠤᠷᠢᠶ᠎ᠠ ᠳᠤ ᠬᠦᠷᠴᠦ | ᠤᠨᠤᠰᠢᠯᠠᠭᠤᠯᠬᠤ ᠬᠡᠷᠡᠭᠳᠠᠢ᠃ | ᠠᠷᠭᠠᠴᠠᠭᠠᠬᠤ ᠭᠤᠤᠯᠳᠠᠯᠭ᠎ᠠ | ● ᠨᠤᠬᠠᠢ᠂ ᠮᠤᠤᠷ ᠲᠤ ᠬᠠᠵᠠᠭᠳᠠᠪᠠᠯ ᠤᠷᠢᠳ ᠢᠶᠠᠷ ᠪᠤᠵᠠᠷ ᠤᠰᠤ ᠶᠢ ᠰᠢᠬᠠᠨ ᠭᠠᠷᠭᠠᠵᠤ᠂ 20 % ᠤᠨ | ᠰᠠᠪᠤᠩ ᠲᠠᠢ ᠤᠰᠤ ᠪᠠᠷ ᠰᠢᠷᠬ᠎ᠠ ᠶᠢ ᠳᠠᠬᠢᠨ ᠳᠠᠪᠳᠠᠨ ᠤᠬᠢᠶᠠᠵᠤ᠂ ᠪᠠᠭ᠎ᠠ ᠳᠤ ᠪᠠᠨ ᠬᠠᠭᠠᠰ ᠴᠠᠭ ᠤᠬᠢᠶᠠᠭᠠᠳ | ᠳᠠᠬᠢᠨ ᠴᠡᠪᠡᠷ ᠤᠰᠤ ᠪᠠᠷ ᠤᠬᠢᠶᠠᠬᠤ ᠬᠡᠷᠡᠭᠳᠠᠢ᠃ ᠰᠢᠷᠬ᠎ᠠ ᠶᠢ ᠪᠤᠭᠤᠵᠤ ᠤᠶᠤᠵᠤ ᠪᠤᠯᠬᠤ ᠦᠬᠡᠢ᠃ | ● ᠬᠦᠮᠦᠨ ᠢ ᠬᠠᠵᠠᠭᠰᠠᠨ ᠨᠤᠬᠠᠢ᠂ ᠮᠤᠤᠷ ᠢ ᠳᠤᠰᠠᠭᠠᠷᠯᠠᠵᠤ᠂ ᠳᠤᠬᠠᠢ ᠶᠢᠨ ᠭᠠᠵᠠᠷ ᠤᠨ ᠠᠮᠢᠳᠠᠨ ᠤ | ᠬᠢᠵᠢᠭ ᠢ ᠰᠡᠷᠬᠡᠶᠢᠯᠡᠬᠦ ᠬᠢᠨᠠᠯᠳᠠ ᠳᠠᠯᠪᠢᠬᠤ ᠪᠠᠶᠢᠭᠤᠯᠤᠮᠵᠢ ᠳᠤ ᠮᠡᠳᠡᠬᠦᠯᠬᠦ ᠬᠡᠷᠡᠭᠳᠠᠢ᠃ | | ᠬᠦᠬᠡ ᠬᠡᠯᠪᠡᠷᠢᠳᠦ ᠡᠯᠢᠬᠡᠨ ᠡᠪᠡᠳᠴᠢᠨ | ᠬᠦᠬᠡ ᠬᠡᠯᠪᠡᠷᠢᠳᠦ ᠡᠯᠢᠬᠡᠨ ᠤ ᠦᠷᠪᠢᠰᠦᠯ ᠪᠤᠯ ᠳᠦᠷᠬᠡᠨ ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠤᠨ᠎ᠠ᠃ | ᠭᠤᠤᠯᠳᠠᠭᠤ ᠢᠯᠡᠷᠡᠯ ᠨᠢ ᠶᠠᠳᠠᠷᠠᠬᠤ᠂ ᠢᠳᠡᠬᠡᠨ ᠤ ᠳᠤᠷᠠᠰᠢᠯ ᠪᠠᠭᠤᠷᠠᠬᠤ᠂ ᠳᠤᠷ᠎ᠠ ᠪᠤᠯᠬᠢᠬᠤ᠂ ᠡᠯᠢᠬᠡ ᠳᠤᠮᠤᠷᠠᠬᠤ᠂ | ᠡᠯᠢᠬᠡᠨ ᠤ ᠴᠢᠳᠠᠪᠤᠷᠢ ᠬᠡᠪ ᠤᠨ ᠪᠤᠰᠤ ᠪᠤᠯᠵᠤ᠂ ᠵᠠᠷᠢᠮ ᠡᠪᠡᠳᠴᠢᠳᠡᠨ ᠨᠢ ᠰᠢᠷ᠎ᠠ ᠬᠢᠵᠢᠭ ᠪᠤᠯᠳᠠᠭ᠃ ᠬᠦᠬᠡ | ᠬᠡᠯᠪᠡᠷᠢᠳᠦ ᠡᠯᠢᠬᠡᠨ ᠡᠪᠡᠳᠴᠢᠨ ᠨᠢ ᠢᠳᠡᠬᠡᠨ᠂ ᠪᠠᠭᠠᠰᠤ ᠵᠡᠷᠬᠡ ᠪᠠᠷ ᠬᠠᠯᠳᠠᠪᠤᠷᠢᠯᠠᠳᠠᠭ᠃ | ᠰᠡᠷᠬᠡᠶᠢᠯᠡᠬᠦ ᠭᠤᠤᠯᠳᠠᠯᠭ᠎ᠠ | ● ᠤᠷᠴᠢᠨ ᠳᠤᠭᠤᠷᠢᠨ ᠪᠤᠶᠤ ᠬᠤᠪᠢ ᠬᠦᠮᠦᠨ ᠤ ᠡᠷᠡᠬᠦᠯ ᠬᠠᠮᠠᠭᠠᠯᠠᠯ ᠢ ᠰᠠᠶᠢᠳᠤᠷ ᠬᠢᠵᠦ᠂ ᠤᠰᠤ᠂ | ᠵᠤᠷᠯᠤᠩ ᠤᠨ ᠬᠠᠮᠢᠶᠠᠷᠤᠯᠳᠠ ᠶᠢ ᠴᠢᠩᠭᠠᠳᠬᠠᠵᠤ᠂ ᠢᠳᠡᠬᠡᠨ ᠤ ᠡᠷᠡᠬᠦᠯ ᠬᠠᠮᠠᠭᠠᠯᠠᠯ ᠢ ᠰᠠᠶᠢᠳᠤᠷ ᠬᠢᠵᠦ᠂ ᠢᠳᠡᠬᠡᠨ | ᠢ ᠰᠠᠶᠢᠳᠤᠷ ᠠᠷᠢᠭᠤᠳᠬᠠᠵᠤ᠂ ᠡᠪᠡᠳᠴᠢᠨ ᠠᠮᠠ ᠪᠠᠷ ᠬᠠᠯᠳᠠᠪᠤᠷᠢᠯᠠᠬᠤ ᠶᠢ ᠰᠡᠷᠬᠡᠶᠢᠯᠡᠨ᠎ᠡ᠃ | ● ᠬᠦᠬᠡ ᠬᠡᠯᠪᠡᠷᠢᠳᠦ ᠡᠯᠢᠬᠡᠨ ᠡᠪᠡᠳᠴᠢᠨ ᠢ ᠰᠡᠷᠬᠡᠶᠢᠯᠡᠬᠦ ᠳᠠᠷᠢᠯᠭ᠎ᠠ ᠬᠢᠨ᠎ᠡ᠃ | ᠠᠷᠭᠠᠴᠠᠭᠠᠬᠤ ᠭᠤᠤᠯᠳᠠᠯᠭ᠎ᠠ | ● ᠬᠦᠬᠡ ᠬᠡᠯᠪᠡᠷᠢᠳᠦ ᠡᠯᠢᠬᠡᠨ ᠡᠪᠡᠳᠴᠢᠨ ᠳᠡᠯᠬᠡᠷᠡᠭᠰᠡᠨ ᠦᠶ᠎ᠡ ᠳᠤ ᠪᠠᠶᠢᠳᠠᠯ ᠢ ᠦᠨᠳᠦᠰᠦᠯᠡᠨ ᠪᠠᠴᠢᠮ | ᠠᠷᠭᠠᠴᠠᠭᠠᠬᠤ ᠳᠠᠷᠢᠯᠭ᠎ᠠ ᠬᠢᠨ᠎ᠡ᠃ | ● ᠬᠦᠬᠡ ᠬᠡᠯᠪᠡᠷᠢᠳᠦ ᠡᠯᠢᠬᠡᠨ ᠡᠪᠡᠳᠴᠢᠳᠡᠨ ᠲᠠᠢ ᠬᠠᠮᠳᠤ ᠪᠤᠳᠠᠭᠠᠯᠠᠵᠤ᠂ ᠠᠶᠠᠭ᠎ᠠ ᠰᠠᠪᠬ᠎ᠠ ᠶᠢ ᠬᠠᠮᠳᠤ | ᠳᠤ ᠪᠠᠨ ᠬᠡᠷᠡᠭᠯᠡᠵᠦ ᠪᠤᠯᠬᠤ ᠦᠬᠡᠢ᠃ | ● ᠬᠦᠬᠡ ᠬᠡᠯᠪᠡᠷᠢᠳᠦ ᠡᠯᠢᠬᠡᠨ ᠡᠪᠡᠳᠴᠢᠳᠡᠨ ᠤ ᠪᠤᠳᠠᠭᠠᠨ ᠤ ᠬᠡᠷᠡᠭᠰᠡᠯ ᠵᠡᠷᠬᠡ ᠶᠢ ᠳᠤᠰᠠᠭᠠᠷᠯᠠᠨ | ᠬᠠᠳᠠᠭᠠᠯᠠᠵᠤ᠂ ᠬᠡᠷᠡᠭᠯᠡᠭᠰᠡᠨ ᠤ ᠳᠠᠷᠠᠭ᠎ᠠ ᠦᠨᠳᠦᠷ ᠬᠠᠯᠠᠭᠤᠨ ᠢᠶᠠᠷ 15 ᠮᠢᠨᠦ᠋ᠲ ᠠᠴᠠ ᠳᠡᠬᠡᠭᠰᠢ ᠠᠷᠢᠭᠤᠳᠬᠠᠬᠤ | ᠬᠡᠷᠡᠭᠳᠠᠢ᠃ | |