ᠳᠡᠮᠦᠷ ᠵᠠᠮ ᠤᠨ ᠠᠳᠡᠯ | ᠳᠡᠮᠦᠷ ᠵᠠᠮ ᠤᠨ ᠠᠳᠡᠯ ᠬᠡᠳᠡᠭ ᠨᠢ ᠳᠡᠮᠦᠷ ᠵᠠᠮ ᠤᠨ ᠮᠠᠰᠢᠨ ᠬᠦᠳᠡᠯᠬᠡᠬᠦᠷ ᠠᠶᠠᠯᠠᠯ ᠤᠨ ᠵᠠᠮ ᠳᠤ ᠪᠠᠨ | ᠮᠦᠷᠬᠦᠯᠳᠦᠬᠦ᠂ ᠵᠠᠮ ᠠᠴᠠ ᠪᠠᠨ ᠭᠠᠷᠬᠤ᠂ ᠭᠠᠯ ᠤᠨ ᠠᠶᠤᠯ ᠭᠠᠷᠬᠤ᠂ ᠳᠡᠯᠪᠡᠷᠡᠬᠦ ᠵᠡᠷᠬᠡ ᠠᠳᠡᠯ ᠡᠬᠦᠰᠴᠦ ᠬᠡᠪ ᠤᠨ | ᠠᠶᠠᠯᠠᠯ ᠢ ᠨᠦᠯᠦᠬᠡᠯᠡᠬᠦ ᠶᠢ ᠵᠢᠭᠠᠵᠤ ᠪᠤᠢ᠃ ᠡᠬᠦᠨ ᠳᠤ ᠳᠡᠮᠦᠷ ᠵᠠᠮ ᠯᠤᠭ᠎ᠠ ᠬᠠᠮᠢᠶ᠎ᠠ ᠲᠠᠢ ᠠᠵᠢᠯ ᠬᠢᠬᠦ ᠪᠤᠶᠤ | ᠳᠡᠮᠦᠷ ᠵᠠᠮ ᠤᠨ ᠠᠶᠠᠯᠠᠯ ᠢ ᠬᠠᠷᠰᠢᠯᠠᠬᠤ ᠶᠠᠪᠠᠭᠠᠨ ᠬᠦᠮᠦᠰ᠂ ᠬᠦᠳᠡᠯᠬᠡᠬᠦᠷᠳᠦ ᠮᠠᠰᠢᠨ᠂ ᠬᠦᠳᠡᠯᠬᠡᠬᠦᠷᠳᠦ ᠪᠤᠰᠤ | ᠮᠠᠰᠢᠨ᠂ ᠮᠠᠯ ᠤᠨᠤᠭ᠎ᠠ ᠵᠢᠴᠢ ᠪᠤᠰᠤᠳ ᠬᠠᠷᠰᠢᠯᠠᠯ ᠠᠴᠠ ᠪᠤᠯᠤᠭᠰᠠᠨ ᠠᠳᠡᠯ ᠢ ᠪᠠᠭᠳᠠᠭᠠᠵᠤ ᠪᠤᠢ᠃ | ᠰᠡᠷᠬᠡᠶᠢᠯᠡᠬᠦ ᠭᠤᠤᠯᠳᠠᠯᠭ᠎ᠠ | ● ᠳᠡᠮᠦᠷ ᠵᠠᠮ ᠢᠶᠠᠷ ᠠᠯᠬᠤᠵᠤ ᠪᠤᠯᠬᠤ ᠦᠬᠡᠢ᠂ ᠬᠡᠪᠳᠡᠬᠦ᠂ ᠵᠤᠭᠰᠤᠬᠤ ᠵᠢᠴᠢ ᠬᠦᠳᠡᠯᠬᠡᠬᠦᠷᠳᠦ ᠳᠡᠷᠬᠡᠨ | ᠳᠤ ᠠᠪᠠᠷᠢᠨ ᠭᠠᠷᠴᠤ ᠨᠡᠩ ᠪᠤᠯᠬᠤ ᠦᠬᠡᠢ᠃ ᠳᠡᠮᠦᠷ ᠵᠠᠮ ᠤᠨ ᠰᠤᠯᠢᠪᠴᠢᠯ ᠢᠶᠠᠷ ᠦᠩᠬᠡᠷᠡᠬᠦ ᠳᠤ ᠪᠠᠨ | ᠵᠢᠯᠤᠭᠤᠳᠤᠯᠭ᠎ᠠ ᠶᠢ ᠳᠠᠭᠠᠵᠤ ︽ᠨᠢᠬᠡ ᠳᠤ ᠵᠤᠭᠰᠤᠵᠤ᠂ ᠬᠤᠶᠠᠷ ᠲᠤ ᠦᠵᠡᠵᠦ᠂ ᠭᠤᠷᠪᠠ ᠳᠤ ᠦᠩᠬᠡᠷᠡᠨ ᠭᠠᠷᠬᠤ | ︾ ᠬᠡᠷᠡᠭᠳᠠᠢ᠃ | ᠠᠷᠭᠠᠴᠠᠭᠠᠬᠤ ᠭᠤᠤᠯᠳᠠᠯᠭ᠎ᠠ | ● ᠭᠠᠯᠳᠤ ᠳᠡᠷᠬᠡ ᠰᠦᠷᠡᠬᠡᠢ ᠳᠤᠯᠬᠢᠰᠤᠨ ᠬᠦᠳᠡᠯᠬᠦ ᠢᠯᠡᠷᠡᠯ ᠭᠠᠷᠪᠠᠯ ᠯᠠᠪᠳᠠᠢ ᠵᠠᠮ ᠠᠴᠠ ᠪᠠᠨ ᠭᠠᠷᠤᠭᠰᠠᠨ | ᠪᠤᠶᠤ ᠬᠡᠯᠪᠡᠶᠢᠭᠰᠡᠨ ᠪᠠᠶᠢᠵᠤ ᠮᠡᠳᠡᠨ᠎ᠡ᠂ ᠳᠠᠷᠤᠶᠢᠬᠠᠨ ᠳᠡᠷᠬᠡᠨ ᠤ ᠪᠠᠬᠢᠯᠢᠭ᠌ ᠭᠠᠵᠠᠷ ᠠᠴᠠ ᠴᠢᠩᠭ᠎ᠠ ᠠᠳᠬᠤᠬᠤ | ᠬᠡᠷᠡᠭᠳᠠᠢ᠃ | ● ᠭᠠᠯᠳᠤ ᠳᠡᠷᠬᠡ ᠵᠠᠮ ᠠᠴᠠ ᠭᠠᠷᠬᠤ᠂ ᠤᠩᠬᠤᠯᠠᠬᠤ᠂ ᠮᠦᠷᠬᠦᠯᠳᠦᠬᠦ᠂ ᠭᠠᠯ ᠤᠨ ᠠᠶᠤᠯ᠂ ᠳᠡᠯᠪᠡᠷᠡᠯᠳᠡ | ᠡᠬᠦᠰᠦᠭᠰᠡᠨ ᠦᠶᠡᠰ ᠯᠠᠪᠳᠠᠭᠤᠨ ᠳᠤᠭᠳᠠᠭᠤᠨ ᠢᠶᠠᠷ ᠠᠵᠢᠯᠳᠠᠳ ᠤᠨ ᠵᠢᠯᠤᠭᠤᠳᠤᠯᠭ᠎ᠠ ᠶᠢ ᠳᠠᠭᠠᠬᠤ ᠬᠡᠷᠡᠭᠳᠠᠢ᠃ | ● ᠬᠢᠯᠪᠠᠷ ᠳᠡᠯᠪᠡᠷᠡᠬᠦ ᠪᠤᠳᠠᠰ᠂ ᠴᠢᠨᠠᠷ ᠬᠤᠪᠢᠷᠠᠭᠰᠠᠨ ᠪᠤᠳᠠᠰ ᠠᠴᠢᠶᠠᠯᠠᠭᠰᠠᠨ ᠭᠠᠯᠳᠤ ᠳᠡᠷᠬᠡ ᠵᠠᠮ ᠠᠴᠠ | ᠭᠠᠷᠬᠤ᠂ ᠬᠦᠷᠪᠡᠬᠦ᠂ ᠬᠤᠤᠷᠠᠳᠤ ᠬᠡᠢ ᠯᠡᠪᠡᠷᠡᠬᠦ᠂ ᠳᠡᠯᠪᠡᠷᠡᠭᠰᠡᠨ ᠦᠶᠡᠰ ᠳᠦᠷᠬᠡᠬᠡᠨ ᠰᠠᠯᠬᠢᠨ ᠤ ᠳᠡᠬᠡᠷ᠎ᠡ ᠳᠠᠯ᠎ᠠ ᠳᠤ | ᠨᠢ ᠭᠠᠷᠬᠤ ᠶᠢᠨ ᠬᠠᠮᠳᠤ ᠬᠡᠷᠡᠭ ᠮᠡᠳᠡᠬᠦᠯᠬᠦ ᠬᠡᠷᠡᠭᠳᠠᠢ᠃ | | ᠭᠠᠵᠠᠷ ᠳᠤᠤᠷᠠᠬᠢ ᠳᠡᠮᠦᠷ ᠵᠠᠮ ᠤᠨ ᠠᠳᠡᠯ | ᠭᠠᠵᠠᠷ ᠳᠤᠤᠷᠠᠬᠢ ᠳᠡᠮᠦᠷ ᠵᠠᠮ ᠤᠨ ᠠᠳᠡᠯ ᠬᠡᠳᠡᠭ ᠨᠢ ᠭᠠᠯᠳᠤ ᠳᠡᠷᠬᠡ᠂ ᠳᠡᠮᠦᠷ ᠵᠠᠮ ᠤᠨ ᠬᠡᠮᠳᠦᠯ ᠰᠠᠭᠠᠳ | ᠬᠢᠬᠡᠳ ᠨᠦᠬᠡᠨ ᠵᠠᠮ ᠤᠨ ᠰᠢᠯᠳᠠᠭᠠᠨ ᠠᠴᠠ ᠪᠤᠯᠤᠭᠰᠠᠨ ᠢ ᠵᠢᠭᠠᠵᠤ ᠪᠤᠢ᠃ | ᠰᠡᠷᠬᠡᠶᠢᠯᠡᠬᠦ ᠭᠤᠤᠯᠳᠠᠯᠭ᠎ᠠ | ● ᠳᠡᠮᠦᠷ ᠵᠠᠮ᠂ ᠨᠦᠬᠡᠨ ᠵᠠᠮ ᠵᠡᠷᠬᠡ ᠴᠠᠭᠠᠵᠠ ᠲᠠᠢ ᠤᠷᠤᠨ ᠳᠤ ᠤᠷᠤᠵᠤ ᠪᠤᠯᠬᠤ ᠦᠬᠡᠢ᠃ ᠳᠡᠮᠦᠷ ᠵᠠᠮ | ᠳᠤ ᠡᠯᠳᠡᠪ ᠤᠨ ᠪᠤᠳᠠᠰ᠂ ᠬᠤᠭ ᠨᠤᠪᠰᠢ ᠬᠠᠶᠠᠵᠤ ᠪᠤᠯᠬᠤ ᠦᠬᠡᠢ᠃ | ● ᠳᠡᠷᠬᠡ ᠬᠦᠯᠢᠶᠡᠬᠦ ᠳᠤ ᠪᠠᠨ ᠡᠮᠬᠢ ᠳᠠᠷᠠᠭ᠎ᠠ ᠲᠠᠢ ᠮᠦᠷᠯᠡᠵᠦ᠂ ᠰᠢᠷ᠎ᠠ ᠱᠤᠭᠤᠮ ᠤᠨ ᠭᠠᠳᠠᠨ᠎ᠠ | ᠵᠤᠭᠰᠤᠵᠤ᠂ ᠳᠡᠷᠬᠡᠨ ᠳᠤ ᠪᠤᠯᠢᠶᠠᠯᠳᠤᠨ ᠭᠠᠷᠴᠤ ᠪᠠᠭᠤᠬᠤ ᠶᠢ ᠬᠢᠴᠢᠶᠡᠨ᠎ᠡ᠃ ᠳᠡᠷᠬᠡᠨ ᠡᠬᠦᠳᠡ ᠨᠡᠬᠡᠬᠡᠭᠳᠡᠵᠦ | ᠬᠠᠭᠠᠭᠳᠠᠵᠤ ᠪᠠᠶᠢᠬᠤ ᠪᠤᠶᠤ ᠳᠤᠬᠢᠶᠠᠨ ᠳᠠᠭᠤᠨ ᠢᠶᠠᠷ ᠰᠡᠷᠡᠮᠵᠢ ᠦᠭᠴᠦ ᠪᠠᠶᠢᠭ᠎ᠠ ᠦᠶ᠎ᠡ ᠳᠤ ᠳᠡᠷᠬᠡᠨ ᠳᠤ ᠭᠠᠷᠴᠤ | ᠪᠠᠭᠤᠵᠤ ᠪᠤᠯᠬᠤ ᠦᠬᠡᠢ᠂ ᠳᠡᠷᠬᠡᠨ ᠠᠴᠠ ᠪᠠᠭᠤᠬᠤ ᠦᠶ᠎ᠡ ᠳᠤ ᠬᠦᠯ ᠳᠤᠤᠷᠠᠬᠢ ᠪᠠᠨ ᠠᠩᠬᠠᠷᠤᠨ᠎ᠠ᠃ | ᠠᠷᠭᠠᠴᠠᠭᠠᠬᠤ ᠭᠤᠤᠯᠳᠠᠯᠭ᠎ᠠ | ● ᠭᠠᠯ ᠤᠨ ᠠᠶᠤᠯ ᠡᠬᠦᠰᠦᠭᠰᠡᠨ ᠦᠶ᠎ᠡ ᠳᠤ ᠳᠠᠷᠤᠶᠢᠬᠠᠨ 119 ᠪᠤᠶᠤ ᠳᠡᠷᠬᠡᠨ ᠳᠤᠳᠤᠷᠠᠬᠢ ᠪᠠᠴᠢᠮ | ᠮᠡᠳᠡᠬᠦᠯᠬᠦ ᠤᠳᠠᠰᠤ ᠶᠢ ᠳᠠᠷᠤᠨ᠎ᠠ᠃ | ● ᠵᠢᠯᠤᠭᠤᠳᠤᠯᠭ᠎ᠠ ᠶᠢ ᠳᠠᠭᠠᠵᠤ᠂ ᠠᠶᠤᠯ ᠠᠴᠠ ᠵᠢᠭᠤᠳᠠᠬᠤ ᠵᠦᠪ ᠴᠢᠭᠯᠡᠯ ᠳᠡᠶᠢᠰᠢ ᠶᠠᠪᠤᠬᠤ ᠬᠡᠷᠡᠭᠳᠠᠢ᠃ | ᠳᠡᠷᠬᠡ ᠵᠤᠭᠰᠤᠭᠰᠠᠨ ᠤ ᠳᠠᠷᠠᠭ᠎ᠠ ᠭᠠᠳᠠᠭᠰᠢ ᠭᠠᠷᠤᠨ᠎ᠠ᠃ | ● ᠵᠠᠷᠢᠮ ᠪᠠᠴᠢᠮ ᠪᠠᠶᠢᠳᠠᠯ ᠳᠤ ᠭᠠᠯᠳᠤ ᠳᠡᠷᠬᠡ ᠳᠤᠷ᠎ᠠ ᠶᠢᠨ ᠨᠢᠬᠡᠨ ᠭᠠᠵᠠᠷ ᠵᠤᠭᠰᠤᠵᠤ ᠠᠶᠠᠨᠴᠢᠳ ᠢ | ᠠᠶᠤᠯ ᠠᠴᠠ ᠵᠠᠶᠢᠯᠠᠭᠤᠯᠳᠠᠭ᠃ ᠡᠷᠬᠡᠪᠰᠢ ᠡᠮᠬᠢ ᠳᠢᠭᠯᠢᠮ ᠲᠠᠢ ᠪᠠᠷ ᠡᠬᠦᠳᠡ ᠪᠠᠷ ᠨᠢ ᠭᠠᠷᠴᠤ ᠤᠶᠢᠷᠠᠯᠴᠠᠭ᠎ᠠ | ᠳᠡᠷᠬᠡᠨ ᠦᠷᠳᠡᠭᠡ ᠵᠦᠭ ᠶᠠᠪᠤᠬᠤ ᠬᠡᠷᠡᠭᠳᠠᠢ᠃ | ● ᠭᠠᠳᠠᠭᠰᠢ ᠭᠠᠷᠬᠤ ᠳᠤ ᠵᠠᠮ ᠢᠶᠠᠨ ᠰᠠᠶᠢᠨ ᠦᠵᠡᠨ᠎ᠡ᠂ ᠪᠤᠰᠤᠳ ᠨᠦᠬᠡᠨ ᠵᠠᠮ ᠳᠤ ᠤᠷᠤᠬᠤ ᠠᠴᠠ | ᠬᠢᠴᠢᠶᠡᠨ᠎ᠡ᠃ | |